︽ᠶᠤᠸᠠᠨ ᠤᠯᠤᠰ ᠤᠨ ᠲᠡᠤᠭᠡ︾ ᠶᠢ ᠮᠤᠩᠭᠤᠯ ᠬᠡᠯᠡᠨ ᠳᠤ ᠠᠩᠬ᠎ᠠ ᠤᠳᠠᠭ᠎ᠠ ᠪᠦᠷᠢᠨ ᠤᠷᠴᠢᠭᠤᠯᠤᠯ᠎ᠡ
ᠨᠡᠶᠢᠲᠡᠯᠡᠭᠰᠡᠨ ᠴᠠᠭ᠄
2017/12/5
     ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠤᠤᠯ ᠤᠨ ᠲᠡᠷᠢᠭᠦᠯᠡᠭᠴᠢ ᠪᠠᠭᠠᠳᠤᠷ ᠲᠤᠯᠢ ᠪᠢᠴᠢᠭ ᠲᠤ ᠤᠷᠤᠰᠢᠯ ᠪᠢᠴᠢᠵᠦ ᠦᠭᠪᠡ · ︽ᠶᠤᠸᠠᠨ ᠤᠯᠤᠰ ᠤᠨ ᠲᠡᠤᠬᠡ︾ ᠶᠢ ᠠᠩᠬ᠎ᠠ ᠤᠳᠠᠭ᠎ᠠ ᠪᠦᠷᠢᠨ ᠮᠤᠩᠭᠤᠯᠴᠢᠯᠠᠪᠠ · ᠮᠤᠩᠭᠤᠯᠴᠤᠳ ᠤᠨ 645 ᠵᠢᠯ ᠤᠨ ᠬᠦᠯᠢᠶᠡᠯᠳᠡ ᠡᠴᠦᠰ ᠲᠡᠭᠡᠨ ᠪᠡᠶᠡᠯᠡᠪᠡ · ᠨᠢᠭᠡᠨ ᠤᠳᠠᠭᠠᠨ ᠤ ᠲᠡᠤᠬᠡᠨ ᠰᠤᠷᠪᠤᠯᠵᠢ ᠪᠢᠴᠢᠭ ᠤᠨ ᠠᠪᠤᠷᠠᠯᠳᠠ ᠶᠢᠨ ᠴᠢᠨᠠᠷᠳᠠᠢ ᠢᠨᠵᠧᠨᠧᠷᠢᠩ ᠡᠷᠲᠡᠨ ᠤ ᠬᠢᠲᠠᠳ ᠬᠡᠯᠡ ᠪᠠᠷ ᠵᠤᠬᠢᠶᠠᠬᠳᠠᠭᠠᠳ ᠨᠢᠭᠡᠨᠲᠡ 645 ᠵᠢᠯ ᠪᠤᠯᠤᠭᠰᠠᠨ ︽ᠶᠤᠸᠠᠨ ᠤᠯᠤᠰ ᠤᠨ ᠲᠡᠤᠭᠡ︾ ᠦᠨᠦᠳᠦᠷ ᠡᠷᠳᠡᠨ ᠤ ᠮᠤᠩᠭᠤᠯ ᠪᠢᠴᠢᠭ ᠤᠨ ᠬᠡᠯᠡᠨ ᠳᠤ ᠪᠦᠷᠢᠨ ᠤᠷᠴᠢᠭᠤᠯᠤᠭᠳᠠᠯ᠎ᠠ᠃ ᠡᠭᠦᠨ ᠳᠤ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠦᠷ ᠰᠦᠶᠦᠭᠡ᠄ ︽ᠲᠠ ᠨᠠᠷ ᠴᠢᠨᠢ ᠶᠡᠭᠡ ᠶᠠᠪᠤᠳᠠᠯ ᠪᠦᠳᠦᠭᠡᠵᠦ ᠪᠠᠶᠢᠨ᠎ᠠ᠃ ᠣᠷᠴᠢᠭᠤᠯᠭ᠎ᠠ ᠴᠢᠨᠢ ᠠᠭᠤᠯᠭ᠎ᠠ ᠶᠢᠨ ᠲᠠᠯ᠎ᠠ ᠪᠠᠷ ᠦᠨᠳᠦᠷ ᠲᠦᠪᠰᠢᠠ ᠳᠤ ᠭᠦᠷᠴᠠᠢ᠂ ᠡᠷᠳᠡᠨ ᠤ ᠮᠣᠩᠭᠤᠯ ᠪᠢᠴᠢᠭ ᠤᠨ ᠬᠡᠯᠡ ᠲᠡᠭᠡᠷ᠎ᠡ ᠤᠷᠴᠢᠭᠤᠯᠤᠬᠰᠠᠨ ᠠᠴᠠ ᠡᠷᠳᠡᠨ ᠤ ᠮᠣᠩᠭᠤᠯ ᠪᠢᠴᠢᠭ ᠤᠨ ᠬᠡᠯᠡ ᠪᠠᠨ ᠰᠡᠷᠭᠦᠭᠡᠵᠦ ᠰᠤᠷᠤᠯᠴᠠᠬᠤ ᠳᠤ ᠮᠠᠰᠢ ᠶᠡᠭᠡ ᠠᠴᠢ ᠬᠤᠯᠪᠤᠬᠳᠠᠯ ᠲᠠᠢ ᠪᠤᠯᠵᠠᠢ︾ ᠭᠡᠵᠦ ᠦᠨᠡᠯᠡᠭᠰᠡᠨ ᠪᠠᠶᠢᠨ᠎ᠠ᠃ ᠤᠨ ᠵᠢᠯ ᠤᠨ ᠣᠷᠴᠢᠯ ᠢᠶᠠᠷ ᠲᠡᠤᠬᠡᠨ ᠲᠤᠭᠤᠰᠤᠨ ᠳᠤ ᠲᠠᠷᠤᠬᠳᠠᠬᠰᠠᠨ ︽ᠶᠤᠸᠠᠨ ᠤᠯᠤᠰ ᠤᠨ ᠲᠡᠤᠬᠡ︾ ᠨᠢᠭᠤᠴᠠᠭᠠᠢ ᠲᠦᠷᠬᠦ ᠪᠠᠨ ᠢᠯᠡᠷᠡᠭᠦᠯᠵᠦ᠂ ᠵᠢᠩᠬᠢᠨᠢ ᠮᠤᠩᠭᠤᠯ ᠵᠢᠰᠦ ᠪᠠᠷ ᠦᠢ ᠲᠦᠮᠡᠨ ᠲᠠᠢ ᠨᠢᠭᠤᠷ ᠵᠤᠯᠭᠠᠵᠦ ᠪᠠᠶᠢᠨ᠎ᠠ᠃ ︽ᠵᠤᠭᠤᠭ︾ ᠠᠴᠠ ᠡᠭᠦᠰᠦᠭᠰᠡᠨ ᠲᠤᠮᠤ ᠢᠨᠵᠧᠨᠧᠷᠢᠩ 2013 ᠤᠨ ᠤ 10 ᠰᠠᠷ᠎ᠠ ᠶᠢᠨ ᠦᠶ᠎ᠡ ᠪᠠᠷ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠤᠤᠯ ᠤᠨ ᠰᠠᠬᠢᠯᠭ᠎ᠠ ᠪᠠᠳᠤ ᠪᠠᠶᠢᠴᠠᠭᠠᠬᠤ ᠲᠤᠭᠤᠶᠢᠢᠯᠠᠩ ᠤᠨ ᠲᠠᠷᠤᠭ᠎ᠠ᠂ ᠦᠪᠦᠷ ᠮᠤᠩᠭᠤᠯ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ︽ᠶᠤᠸᠠᠨ ᠤᠯᠤᠰ ᠤᠨ ᠲᠡᠤᠬᠡ︾ ᠶᠢ ᠮᠤᠩᠭᠤᠯᠴᠢᠯᠠᠬᠤ ᠲᠦᠷᠦᠯ ᠵᠦᠢᠯ ᠤᠨ ᠪᠤᠳᠠᠳᠠᠢ ᠬᠠᠷᠢᠭᠤᠴᠠᠯᠭᠠᠳᠠᠨ ᠵᠢᠷᠭᠠᠯ ᠵᠢᠴᠢ ︽ᠶᠤᠸᠠᠨ ᠤᠯᠤᠰ ᠤᠨ ᠲᠡᠤᠬᠡ︾ ᠶᠢ ᠭᠤᠤᠯᠯᠠᠨ ᠤᠷᠴᠢᠭᠤᠯᠤᠭᠴᠢ᠂ ᠦᠪᠦᠷ ᠮᠤᠩᠭᠤᠯ ᠤᠨ ᠢᠯᠢ ︵ᠪᠦᠯᠦᠭᠯᠡᠯ︶ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠶᠢᠨ ᠲᠡᠳ᠋ ᠶᠡᠷᠦᠩᠬᠡᠢ ᠲᠠᠰᠤᠯᠤᠭᠴᠢ ᠸᠠᠩ ᠱᠢ ᠵᠤᠸᠠᠩ ︵ᠴᠢᠯᠠᠭᠤᠨᠪᠠᠭᠠᠨ᠎ᠠ︶ ︽ᠶᠤᠸᠠᠨ ᠤᠯᠤᠰ ᠤᠨ ᠲᠡᠤᠬᠡ︾ ᠶᠢ ᠪᠦᠷᠢᠨ ᠮᠤᠩᠭᠤᠯᠴᠢᠯᠠᠬᠤ ᠲᠤᠬᠠᠢ ᠵᠤᠭᠤᠭᠳᠠᠨ ᠶᠠᠷᠢᠯᠴᠠᠵᠤ ᠪᠢᠯᠡ᠃     ᠵᠢᠷᠭᠠᠯ ᠪᠠ ᠸᠠᠩ ᠱᠢ ᠵᠤᠸᠠᠩ ᠪᠤᠳᠤᠬᠰᠠᠨ ᠵᠦᠢᠯᠡᠰ ᠢᠶᠠᠨ ᠵᠠᠰᠠᠭ ᠤᠨ ᠤᠷᠳᠤᠨ ᠤ ᠠᠯᠪᠠᠨ ᠲᠢᠩᠬᠢᠮ ᠳᠤ ᠮᠡᠳᠡᠭᠦᠯᠦᠯᠳᠡ ᠲᠡᠪᠰᠢᠭᠦᠯᠵᠦ᠂ ᠵᠢᠷᠭᠠᠯ ᠭᠤᠸᠠᠢ ᠡᠨᠡᠬᠦ ᠬᠦᠰᠡᠯ ᠢᠶᠠᠨ ᠪᠠᠰᠠ ᠲᠤᠬᠠᠢ ᠶᠢᠨ ᠦᠶ᠎ᠡ ᠶᠢᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠲᠡᠷᠢᠭᠦᠯᠡᠭᠴᠢ ᠪᠠᠭᠠᠳᠤᠷ ᠲᠤ ᠬᠠᠷᠢᠭᠤ ᠮᠡᠳᠡᠬᠦᠯᠦᠯᠳᠡ ᠬᠢᠪᠡ ᠃ ︽ᠰᠠᠶᠢᠨ ᠬᠦᠮᠦᠨ ᠤ ᠰᠠᠨᠠᠭ᠎ᠠ ᠪᠠᠷ︾ ᠪᠤᠯᠵᠤ᠂ ᠪᠠᠭᠠᠳᠤᠷ ᠲᠡᠷᠢᠭᠦᠯᠡᠭᠴᠢ ᠮᠠᠰᠢ ᠬᠦᠨᠳᠦᠳᠭᠡᠵᠦ ᠲᠤᠰᠬᠠᠢ ᠴᠤᠬᠤᠯᠠᠪᠤᠷᠢ ᠦᠭᠪᠡ᠃ ᠪᠠᠰᠠ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠨᠠᠷᠢᠨ ᠪᠢᠴᠢᠭ ᠤᠨ ᠲᠠᠷᠤᠭ᠎ᠠ ᠳ᠋ᠧᠩ ᠶᠤᠸᠠᠢ ᠯᠸᠤ ᠶᠢ ᠡᠷᠬᠢᠯᠡᠭᠴᠢ᠂ ᠲᠡᠳ᠋ ᠨᠠᠷᠢᠨ ᠪᠢᠴᠢᠭ ᠤᠨ ᠲᠠᠷᠤᠭ᠎ᠠ ᠪᠦᠭᠡᠳ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠡᠷᠬᠢᠯᠡᠭᠴᠢ ᠭᠠᠢ ᠸᠧᠨ ᠱᠠᠨ ᠪᠤᠯᠤᠨ ᠵᠢᠷᠭᠠᠯ ᠢ ᠲᠡᠳ᠋ ᠡᠷᠬᠢᠯᠡᠭᠴᠢ᠂ ᠸᠠᠩ ᠱᠢ ᠵᠤᠸᠠᠩ ᠢᠶᠠᠷ ᠭᠤᠤᠯᠯᠠᠨ ᠤᠷᠴᠢᠭᠤᠯᠤᠬᠴᠢ ᠪᠤᠯᠭᠠᠭᠰᠠᠨ ︽︿ᠶᠤᠸᠠᠨ ᠤᠯᠤᠰ ᠤᠨ ᠲᠡᠤᠬᠡ﹀ ᠶᠢ ᠮᠤᠩᠭᠤᠯᠴᠢᠯᠠᠨ ᠬᠡᠪᠯᠡᠭᠦᠯᠬᠦ ᠠᠵᠢᠯ ᠤᠨ ᠺᠤᠮᠢᠰ︾ ᠢ ᠪᠠᠶᠢᠭᠤᠯᠵᠤ᠂ ᠲᠤᠰ ᠠᠵᠢᠯ ᠢ ᠪᠤᠳᠠᠳᠠᠢ ᠤᠳᠤᠷᠢᠳᠤᠨ ᠶᠠᠪᠤᠬᠳᠠᠭᠤᠯᠪᠠ᠃ ᠡᠨᠡᠬᠦ ᠲᠤᠮᠤ ᠢᠨᠵᠧᠨᠧᠷᠢᠩ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠨᠡᠶᠢᠭᠡᠮ ᠤᠨ ᠰᠢᠨᠵᠢᠯᠡᠭᠦ ᠤᠬᠠᠭᠠᠨ ᠤ ᠲᠦᠰᠦᠯ ᠳᠤ ᠪᠠᠭᠳᠠᠵᠤ᠂ ᠵᠠᠰᠠᠭ ᠤᠨ ᠤᠷᠳᠤᠨ ᠠᠴᠠ ᠲᠤᠰᠬᠠᠢ ᠪᠡᠯᠡ ᠮᠦᠩᠬᠦ ᠪᠠᠷ ᠲᠡᠮᠵᠢᠪᠡ᠃ ᠤᠷᠴᠢᠭᠤᠯᠬᠤ ᠠᠵᠢᠯ ᠬᠡᠯᠡᠬᠦ ᠳᠤ ᠬᠢᠯᠪᠠᠷ ᠴᠤ ᠬᠢᠬᠦ ᠳᠤ ᠬᠦᠴᠢᠷ᠃ ᠬᠡᠨ ᠤᠷᠴᠢᠭᠤᠯᠬᠤ ᠪᠤᠢ︖ ︽ᠶᠤᠸᠠᠨ ᠤᠯᠤᠰ ᠤᠨ ᠲᠡᠤᠬᠡ︾ ᠶᠢ ᠤᠷᠴᠢᠭᠤᠯᠬᠤ ᠳᠤ ᠰᠤᠳᠤᠯᠵᠤ ᠪᠠᠶᠢᠬᠤ ᠪᠠ ᠡᠷᠳᠡᠨ ᠤ ᠬᠢᠳᠠᠳ ᠬᠡᠯᠡ ᠵᠢᠴᠢ ᠡᠷᠳᠡᠨ ᠤ ᠮᠤᠩᠭᠤᠯ ᠬᠡᠯᠡᠨ ᠳᠤ ᠪᠦᠷ ᠨᠡᠪᠳᠡᠷᠡᠭᠰᠡᠨ ᠬᠦᠮᠦᠰ ᠪᠠᠶᠢᠬᠤ ᠬᠡᠷᠡᠭᠳᠡᠢ᠃ ᠵᠢᠷᠭᠠᠯ᠂ ᠸᠠᠩ ᠱᠢ ᠵᠤᠸᠠᠩ ᠨᠠᠷ ᠲᠡᠷᠡ ᠲᠠᠷᠤᠢ ᠦᠪᠦᠷ ᠮᠤᠩᠭᠤᠯ᠂ ᠪᠡᠭᠡᠵᠢᠩ᠂ ᠯᠢᠶᠤᠤᠨᠢᠩ᠂ ᠰᠢᠨᠵᠢᠶᠠᠩ᠂ ᠭᠠᠨᠰᠤ ᠵᠡᠷᠭᠡ ᠭᠠᠵᠠᠷ ᠤᠨ ᠶᠡᠭᠡ ᠰᠤᠷᠭᠠᠭᠤᠯᠢ ᠪᠤᠶᠤ ᠰᠤᠳᠤᠯᠭᠠᠨ ᠤ ᠨᠢᠭᠡᠴᠡ ᠪᠠᠷ ᠬᠦᠷᠴᠦ᠂ ᠡᠨᠡᠬᠦ ᠠᠵᠢᠯ ᠤᠨ ᠨᠦᠬᠦᠴᠡᠯ ᠱᠠᠭᠠᠷᠳᠠᠯᠭ᠎ᠠ ᠳᠤ ᠨᠡᠶᠢᠴᠡᠭᠰᠡᠨ ᠡᠷᠳᠡᠮᠳᠡᠳ ᠢ ᠡᠷᠢᠠ ᠬᠠᠶᠢᠵᠤ ᠤᠴᠢᠷ ᠢᠶᠠᠨ ᠶᠠᠷᠢᠯᠴᠠᠪᠠ᠃ ᠡᠷᠢᠭᠰᠡᠨ ᠡᠷᠳᠡᠮᠳᠡᠨ ᠪᠦᠬᠦᠨ᠄ ︽ᠡᠨᠡ ᠴᠢᠨᠢ ᠮᠠᠰᠢ ᠰᠠᠶᠢᠨ ᠶᠠᠪᠤᠳᠠᠯ᠂ ᠪᠢᠳᠡ ᠴᠢᠳᠠᠯ ᠤᠨ ᠬᠢᠷᠢ ᠪᠠᠷ ᠢᠶᠠᠨ ᠴᠢᠷᠮᠠᠶᠢᠨ᠎ᠠ︾ ᠭᠡᠵᠡᠭᠡᠪᠡ᠃ ᠤᠷᠴᠢᠭᠤᠯᠭ᠎ᠠ ᠶᠢᠨ ᠪᠠᠭ ᠢᠩᠬᠢᠵᠦ ᠨᠡᠯᠢᠶᠡᠳ ᠤᠷᠤᠬᠰᠢᠳᠠᠢ ᠪᠦᠷᠢᠯᠳᠦᠪᠡ᠃ ᠤᠷᠴᠢᠭᠤᠯᠬᠤ ᠲᠤᠭᠤᠶᠢᠢᠯᠠᠩ ᠳᠤ ᠸᠠᠩ ᠱᠢ ᠵᠤᠸᠠᠩ ︵ᠴᠢᠯᠠᠭᠤᠨᠪᠠᠭᠠᠨ᠎ᠠ︶᠂ ᠵᠢᠷᠭᠠᠯ᠂ ᠪᠠ᠊ · ᠲᠡᠮᠦᠷᠪᠠᠭᠠᠨ᠎ᠠ᠂ ᠪᠤᠷᠵᠢᠭᠢᠨ ᠡᠷᠳᠡᠮᠳᠦ᠂ ᠲᠠᠯᠠᠨᠳᠠᠢ᠂ ᠪᠢᠯᠢᠭᠦᠨ᠂ ᠨᠠᠷᠠᠨᠴᠤᠬᠳᠤ᠂ ᠰᠤᠬᠳᠤᠷᠵᠠᠪ᠂ ᠠ᠊ · ᠪᠠᠶᠠᠷ᠂ ᠮᠡᠷᠭᠡᠨᠪᠢᠯᠢᠭ᠂ ᠴᠢᠮᠡᠳ ᠤᠨ ᠲᠡᠭᠦᠰᠪᠠᠶᠠᠷ᠂ ᠲᠠᠩᠬᠢᠰ᠃ ᠬᠢᠨᠠᠨ ᠵᠠᠰᠠᠬᠤ ᠲᠤᠭᠤᠶᠢᠢᠯᠠᠩ ᠳᠤ ᠬᠠᠳᠠᠭᠤᠵᠤᠷᠢᠭ᠂ ᠮᠸᠢ ᠬᠤᠸᠠ᠂ ᠵᠢᠷᠭᠠᠯ ᠨᠠᠷ ᠪᠠᠭᠳᠠᠯᠴᠠᠪᠠ᠂ ᠸᠠᠩ ᠱᠢ ᠵᠤᠸᠠᠩ ︵ᠴᠢᠯᠠᠭᠤᠨᠪᠠᠭᠠᠨ᠎ᠠ︶᠂ ᠵᠢᠷᠭᠠᠯ ᠬᠢᠨᠠᠨ ᠨᠢᠭᠡᠳᠭᠡᠵᠦ ᠡᠬᠡ ᠪᠢᠴᠢᠭ ᠢ ᠲᠤᠬᠳᠠᠭᠠᠪᠠ᠃ 2014 ᠤᠨ ᠤ 3 ᠰᠠᠷ᠎ᠠ ᠶᠢᠨ 15 ᠤ ᠡᠳᠦᠷ ᠤᠷᠴᠢᠭᠤᠯᠭ᠎ᠠ ᠡᠬᠢᠯᠡᠭᠦ ᠶᠤᠰᠤᠯᠠᠯ ᠢᠶᠠᠨ ᠬᠦᠬᠡᠬᠤᠳᠠ ᠳᠤ ᠬᠢᠵᠦ᠂ ᠤᠷᠴᠢᠭᠤᠯᠬᠤ ᠠᠵᠢᠯ ᠵᠢᠩᠬᠢᠨᠢ ᠪᠠᠷ ᠡᠬᠢᠯᠡᠪᠡ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠤᠤᠯ ᠤᠨ ᠲᠡᠷᠢᠭᠦᠯᠡᠭᠴᠢ ᠪᠠᠭᠠᠳᠤᠷ ᠲᠤᠯᠢ ᠪᠢᠴᠢᠭ ᠲᠤ ᠤᠷᠤᠰᠢᠯ ᠪᠢᠴᠢᠵᠦ ᠦᠭᠪᠠ ︽ᠶᠤᠸᠠᠨ ᠤᠯᠤᠰ ᠤᠨ ᠲᠡᠤᠬᠡ︾ ᠶᠢ ᠮᠤᠩᠭᠤᠯᠴᠢᠯᠠᠬᠤ ᠲᠤᠮᠤ ᠢᠨᠵᠧᠨᠧᠷᠢᠩ ᠤᠷᠢᠳᠠᠪᠠᠷ ᠲᠡᠤᠬᠡᠨ ᠨᠡᠷ᠎ᠡ ᠲᠤᠮᠢᠶ᠎ᠠ ᠶᠢ ᠨᠢᠭᠡᠳᠭᠡᠵᠦ ᠬᠢᠳᠠᠳ — ᠮᠤᠩᠭᠤᠯ᠂ ᠮᠤᠩᠭᠤᠯ — ᠬᠢᠳᠠᠳ ᠲᠤᠯᠢ ᠨᠠᠶᠢᠷᠠᠭᠤᠯᠬᠤ ᠠᠵᠢᠯ ᠠᠴᠠ ᠡᠬᠢᠯᠡᠪᠡ᠃ ᠡᠭᠦᠨ ᠳᠤ ᠬᠦᠨᠳᠦᠳᠭᠡᠨ ᠲᠤᠷᠠᠳᠤᠭᠤᠰᠢᠳᠠᠢ ᠨᠢ ︽︿ᠶᠤᠸᠠᠨ ᠤᠯᠤᠰ ᠤᠨ ᠲᠡᠤᠬᠡ﹀ ᠶᠢᠨ ᠨᠡᠷ᠎ᠡ ᠲᠤᠮᠢᠶᠠᠨ ᠤ ᠬᠢᠳᠠᠳ — ᠮᠤᠩᠭᠤᠯ᠂ ᠮᠤᠩᠭᠤᠯ — ᠬᠢᠳᠠᠳ ᠬᠠᠷᠢᠴᠠᠭᠤᠯᠤᠬᠰᠠᠨ ᠲᠤᠯᠢ ︾ ︵ᠲᠡᠭᠡᠳᠦ ᠲᠤᠤᠷᠠᠳᠤ︶ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠤᠤᠯ ᠤᠨ ᠲᠡᠷᠢᠭᠦᠯᠡᠭᠴᠢ ᠪᠠᠭᠠᠳᠤᠷ ᠤᠷᠤᠰᠢᠯ ᠪᠢᠴᠢᠵᠦ ᠦᠭᠭᠦᠭᠰᠡᠨ ᠶᠤᠮ᠃ ᠨᠠᠮ ᠵᠠᠰᠠᠭ ᠤᠨ ᠬᠠᠶᠢᠷ᠎ᠠ ᠬᠠᠯᠠᠮᠵᠢ ᠨᠢ ᠤᠷᠴᠢᠭᠤᠯᠤᠭᠴᠢᠳ ᠤᠨ ᠠᠵᠢᠯ ᠤᠨ ᠤᠷᠮ᠎ᠠ ᠶᠢ ᠨᠡᠩᠳᠡ ᠲᠠᠶᠢᠴᠢᠯᠠᠯ᠎ᠠ᠃ ᠲᠡᠭᠡᠭᠡᠳ ᠦᠨᠦ ᠲᠦᠷᠪᠡᠨ ᠲᠤᠯᠢ ᠪᠢᠴᠢᠭ ᠶᠠᠭᠤᠨ ᠤ ᠡᠮᠦᠨ᠎ᠡ ᠨᠠᠶᠢᠷᠠᠭᠤᠯᠤᠭᠳᠠᠨ ᠭᠠᠷᠴᠤ᠂ ᠪᠦᠬᠦ᠋ᠢᠯᠡ ᠤᠷᠴᠢᠭᠤᠯᠭ᠎ᠠ ᠶᠢᠨ ᠠᠬᠢᠴᠠ ᠶᠢ ᠲᠦᠷᠭᠡᠳᠭᠡᠵᠡᠢ᠃ ᠤᠳᠤ ︽ᠶᠤᠸᠠᠨ ᠤᠯᠤᠰ ᠤᠨ ᠲᠡᠤᠬᠡ︾ ᠶᠢᠨ ᠲᠡᠷᠢᠭᠦᠨ ᠲᠡᠪᠳᠡᠷ ᠨᠢ 2016 ᠤᠨ ᠤ 7 ᠰᠠᠷ᠎ᠠ ᠳᠤ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠨᠢᠭᠡᠨᠳᠡ ᠬᠡᠪᠯᠡᠭᠳᠡᠪᠡ᠂ ᠵᠢᠱᠢᠯᠳᠡ ᠪᠠᠷ ᠬᠤᠶᠠᠳᠤᠭᠠᠷ ᠲᠡᠪᠳᠡᠷ ᠨᠢ ᠡᠨᠡ ᠵᠢᠯ ᠤᠨ ᠰᠡᠬᠦᠯᠴᠢ ᠪᠠᠷ ᠬᠡᠪᠯᠡᠭᠳᠡᠨ᠂ ᠪᠤᠰᠤᠳ ᠲᠡᠪᠳᠡᠷ ᠨᠢ ᠴᠤ ᠵᠠᠯᠭ᠎ᠠ ᠵᠠᠯᠭ᠎ᠠ ᠪᠠᠷ ᠬᠡᠪᠯᠡᠭᠳᠡᠬᠦ ᠪᠤᠯᠤᠨ᠎ᠠ᠃ ᠮᠡᠳᠡᠭᠡᠵᠢ ᠪᠠᠷ᠂ ︽ᠶᠤᠸᠠᠨ ᠤᠯᠤᠰ ᠤᠨ ᠲᠡᠤᠬᠡ︾ ᠪᠤᠯ ᠨᠡᠶᠢᠲᠡ 210 ᠪᠤᠳᠢ᠂ 15 ᠳᠡᠪᠲᠡᠷ᠃ ᠲᠤᠰ ᠤᠳᠠᠭᠠᠨ ᠤ ᠤᠷᠴᠢᠭᠤᠯᠭ᠎ᠠ ᠬᠢᠳᠠᠳ ᠬᠡᠪᠯᠡᠯ ᠲᠠᠢ ᠬᠠᠷᠠᠭᠠᠯᠵᠠᠭᠤᠯᠤᠨ᠂ ᠨᠡᠶᠢᠳᠡ 15 ᠮᠤᠩᠭᠤᠯ ᠲᠡᠪᠳᠡᠷ ᠬᠡᠪᠯᠡᠨ᠎ᠡ᠃ ᠡᠭᠦᠨ ᠠᠴᠠ ᠭᠠᠳᠠᠨ᠎ᠠ᠂ ᠲᠡᠭᠡᠷ᠎ᠡ ᠶᠠᠷᠢᠬᠰᠠᠨ ᠲᠦᠷᠪᠡᠨ ᠲᠤᠯᠢ ᠪᠢᠴᠢᠭ ᠵᠢᠴᠢ ᠤᠷᠴᠢᠭᠤᠯᠬᠤ ᠪᠠ ᠬᠢᠨᠠᠬᠤ ᠠᠵᠢᠯ ᠳᠤ ᠤᠷᠤᠯᠴᠠᠭᠰᠠᠨ ᠪᠦᠬᠦ᠋ᠢᠯᠡ ᠬᠦᠮᠤᠰ ᠤᠨ ᠲᠦᠷᠦᠭᠳᠡᠯ ᠰᠡᠳᠭᠢᠭᠳᠡᠯ ᠤᠨ ᠲᠡᠭᠦᠪᠦᠷᠢ ᠪᠤᠯᠬᠤ 1 ᠲᠡᠪᠳᠡᠷ ᠲᠠᠢ ᠨᠡᠶᠢᠯᠡᠭᠡᠳ ᠨᠡᠶᠢᠳᠡ 20 ᠲᠡᠪᠳᠡᠷ ᠬᠡᠪᠯᠡᠭᠳᠡᠬᠦ ᠪᠤᠯᠤᠨ᠎ᠠ᠃ ᠵᠢᠱᠢᠯᠳᠡ ᠪᠠᠷ᠂ ᠪᠦᠬᠦᠳᠡ ᠶᠢ ᠬᠡᠪᠯᠡᠵᠦ ᠭᠠᠷᠳᠠᠯ᠎ᠠ 6800 ᠨᠢᠭᠤᠷ᠂ 359 ᠲᠦᠮᠡᠨ ᠦᠰᠦᠭ ᠲᠠᠢ᠃ ᠡᠷᠳᠡᠨ ᠤ ᠮᠤᠩᠭᠤᠯ ᠬᠡᠯᠡ ᠪᠠᠷ ᠤᠷᠴᠢᠭᠤᠯᠬᠤ ᠶᠢᠨ ᠤᠴᠢᠷ ︽ᠶᠤᠸᠠᠨ ᠤᠯᠤᠰ ᠤᠨ ᠲᠡᠤᠬᠡ︾ ᠪᠤᠯ ᠡᠷᠳᠡᠨ ᠤ ᠬᠢᠳᠡᠳ ᠪᠢᠴᠢᠭ ᠤᠨ ᠬᠡᠯᠡ ᠪᠠᠷ ᠪᠢᠴᠢᠭᠳᠡᠭᠰᠡᠨ ᠪᠠᠶᠢᠳᠠᠭ ᠃ ᠤᠭ ᠵᠤᠬᠢᠶᠠᠯ ᠯᠤᠭ᠎ᠠ ᠨᠡᠩ ᠰᠠᠶᠢᠨ ᠵᠤᠬᠢᠴᠠᠭᠤᠯᠵᠦ᠂ ᠤᠬ ᠵᠤᠬᠢᠶᠠᠯ ᠤᠨ ᠤᠳᠬ᠎ᠠ ᠰᠠᠨᠠᠭ᠎ᠠ ᠶᠢ ᠨᠡᠩ ᠤᠨᠤᠪᠴᠢᠳᠠᠢ ᠢᠯᠡᠳᠭᠡᠨ᠂ ᠰᠠᠯᠪᠤᠷᠢ ᠤᠳᠬᠠᠴᠢᠯᠠᠬᠤ ᠪᠤᠶᠤ ᠲᠠᠰᠢᠶ᠎ᠠ ᠪᠤᠷᠤᠭᠤ ᠭᠠᠷᠬᠤ ᠶᠢ ᠨᠡᠩ ᠰᠠᠶᠢᠨ ᠰᠡᠷᠭᠡᠶᠢᠯᠡᠬᠦ ᠶᠢᠨ ᠲᠦᠯᠦᠭᠡ᠂ ᠤᠷᠴᠢᠭᠤᠯᠭ᠎ᠠ ᠶᠢ ᠡᠷᠳᠡᠨ ᠤ ᠮᠣᠩᠭᠤᠯ ᠪᠢᠴᠢᠭ ᠤᠨ ᠬᠡᠯᠡ ᠪᠠᠷ ᠭᠦᠢᠴᠡᠳᠭᠡᠬᠦ ᠪᠠᠷ ᠪᠤᠯᠪᠠ᠃     ᠭᠡᠬᠦ ᠳᠡᠭᠡᠨ ᠴᠠᠭ ᠦᠶ᠎ᠡ ᠶᠢᠨ ᠤᠯᠠᠷᠢᠯ᠂ ᠢᠨᠲ᠋ᠧᠷ ᠰᠦᠯᠵᠢᠶ᠎ᠡ ᠶᠢᠨ ᠲᠦᠭᠡᠮᠡᠯᠵᠢᠯ ᠢ ᠲᠠᠭᠠᠯᠳᠤᠨ᠂ ᠡᠷᠳᠡᠨ ᠤ ᠮᠣᠩᠭᠤᠯ ᠪᠢᠴᠢᠭ ᠤᠨ ᠬᠡᠯᠡ ᠶᠢ ᠮᠡᠳᠡᠬᠦ ᠬᠦᠮᠦᠨ ᠴᠦᠭᠡᠷᠡᠵᠡᠢ᠃ ᠢᠯᠠᠩᠭᠤᠶ᠎ᠠ ᠤᠨ ᠵᠢᠯ ᠤᠨ ᠦᠩᠭᠡᠷᠡᠯᠳᠡ ᠳᠤ᠂ ᠮᠡᠳᠡᠳᠡᠭ ᠴᠦᠬᠡᠨ ᠲᠤᠭᠠᠨ ᠤ ᠬᠦᠮᠦᠰ ᠤᠨ ᠨᠠᠰᠤ ᠵᠢᠯ ᠠᠬᠠᠰᠢᠷᠠᠬᠤ ᠶᠢ ᠲᠠᠭᠠᠯᠳᠤᠨ ᠡᠷᠳᠡᠨ ᠤ ᠮᠣᠩᠭᠤᠯ ᠪᠢᠴᠢᠭ ᠤᠨ ᠬᠡᠯᠡ ᠶᠢ ᠮᠡᠳᠡᠬᠦ ᠬᠦᠮᠦᠨ ᠶᠠᠪᠤᠬᠤ ᠲᠤᠰᠤᠮ ᠬᠤᠪᠤᠷᠳᠠᠬᠤ ᠨᠢ ᠲᠠᠮᠵᠢᠭ ᠦᠭᠡᠢ᠃ ᠡᠶᠢᠠ ᠭᠦ ᠪᠤᠭᠤᠷᠤᠯ ᠡᠷᠳᠡᠮᠳᠡᠳ ᠢᠶᠠᠨ ᠯᠠᠭᠱᠠᠨ ᠲᠤᠩᠭᠠᠯᠠᠭ ᠪᠠᠶᠢᠭ᠎ᠠ ᠳᠤ ᠵᠠᠪᠳᠤᠨ ᠮᠤᠩᠭᠤᠯ ᠤᠨ ᠲᠡᠤᠬᠡᠨ ᠰᠤᠷᠪᠤᠯᠵᠢᠰ ︽ᠶᠤᠸᠠᠨ ᠤᠯᠤᠰ ᠤᠨ ᠲᠡᠤᠬᠡ︾ ᠪᠠᠨ ᠡᠷᠳᠡᠨ ᠤ ᠮᠣᠩᠭᠤᠯ ᠪᠢᠴᠢᠭ ᠤᠨ ᠬᠡᠯᠡ ᠲᠡᠭᠡᠷ᠎ᠡ ᠤᠷᠴᠢᠭᠤᠯᠬᠤ ᠨᠢ ᠬᠢᠵᠠᠭᠠᠯᠠᠰᠢ ᠦᠭᠡᠢ ᠦᠨ᠎ᠡ ᠦᠷᠳᠡᠭ ᠲᠠᠢ ᠶᠠᠪᠤᠳᠠᠯ ᠠᠵᠢ᠃ ᠲᠤᠰ ᠤᠷᠴᠢᠭᠤᠯᠭ᠎ᠠ ᠶᠢᠨ ᠺᠤᠮᠢᠰ ᠲᠠᠬᠢ 4 ᠤᠷᠴᠢᠭᠤᠯᠤᠬᠴᠢ ᠨᠢ ᠬᠠᠷᠠᠬᠠᠨ ᠠᠵᠢᠯ ᠠᠴᠠ ᠪᠠᠨ ᠠᠮᠠᠷᠠᠭᠠᠳᠤᠢ ᠶᠢ ᠭᠠᠷᠭᠠᠪᠠᠯ ᠪᠤᠰᠤᠳ ᠨᠢ ᠪᠦᠷ ᠲᠠᠯᠠᠨ ᠨᠠᠰᠤᠨ ᠤ ᠤᠷᠴᠢᠮ ᠪᠠᠶᠢᠵᠤ᠂ ᠬᠠᠮᠤᠭ ᠠᠬ᠎ᠠ ᠨᠢ 78 ᠬᠦᠷᠴᠢᠭᠡᠭᠰᠡᠨ ᠪᠢᠯᠡ᠃ ᠬᠦᠨᠳᠦ ᠡᠭᠦᠷᠭᠡ ᠨᠦᠷᠢ ᠬᠦᠳᠡᠯᠮᠦᠷᠢ ᠶᠤᠸᠠᠨ ᠤᠯᠤᠰ ᠤᠨ ᠤᠯᠤᠰ ᠲᠦᠷᠦ᠂ ᠲᠡᠤᠬᠡ᠂ ᠨᠡᠶᠢᠭᠡᠮ ᠤᠨ ᠠᠮᠢᠳᠤᠷᠠᠯ᠂ ᠭᠠᠵᠠᠷ ᠤᠷᠤᠨ ᠤ ᠲᠠᠷᠬᠠᠯᠳᠠ ᠠᠴᠠ ᠪᠤᠯᠤᠬᠰᠠᠨ ᠡᠯ᠎ᠡ ᠲᠦᠷᠦᠯ ᠤᠨ ᠨᠡᠷ᠎ᠡ ᠲᠤᠮᠢᠶ᠎ᠠ ᠨᠢ ᠤᠨᠳᠤᠤ ᠲᠦᠷᠦ ᠠᠴᠠ ᠨᠡᠩ ᠤᠯᠠᠨ᠂ ᠨᠡᠩ ᠪᠤᠳᠤᠯᠢᠶᠠᠨᠳᠠᠢ᠂ ᠨᠡᠩ ᠤᠨᠴᠠᠭᠠᠢ ᠪᠠᠶᠢᠳᠠᠭ᠃ ᠲᠤᠭᠠᠨ ᠤ ᠲᠠᠯ᠎ᠠ ᠪᠠᠷ ᠯᠡ ᠬᠡᠯᠡᠬᠦ ᠳᠤ ᠬᠡᠳᠦᠨ ᠲᠦᠮᠡ ᠪᠠᠷ ᠲᠤᠭᠠᠯᠠᠬᠳᠠᠵᠤ ᠪᠠᠶᠢᠳᠠᠭ᠃ ᠤᠷᠴᠢᠭᠤᠯᠭ᠎ᠠ ᠶᠢᠨ ᠭᠤᠤᠯᠳᠠᠯᠭ᠎ᠠ ᠨᠢ ᠤᠭ ᠵᠤᠬᠢᠶᠠᠯ ᠳᠤ ᠰᠢᠳᠤᠷᠭᠤ ᠬᠢᠴᠢᠶᠡᠩᠭᠦᠢ ᠬᠠᠨᠳᠤᠵᠤ᠂ ᠵᠤᠬᠢᠶᠠᠯ ᠤᠨ ᠤᠬ ᠤᠳᠬ᠎ᠠ ᠶᠢ ᠵᠦᠪ ᠤᠨᠤᠪᠴᠢᠳᠠᠢ ᠤᠶᠢᠢᠯᠠᠭᠠᠨ᠂ ᠲᠡᠭᠦᠨ ᠢ ᠲᠦᠷᠢᠮᠵᠢᠳᠦ ᠤᠷᠴᠢᠭᠤᠯᠭ᠎ᠠ ᠶᠢᠨ ᠬᠡᠯᠡ ᠪᠠᠷ ᠨᠡᠶᠢᠯᠡᠮᠵᠢᠳᠡᠢ ᠪᠦᠭᠡᠳ ᠤᠷᠤᠰᠤᠮ᠎ᠠ ᠰᠠᠶᠢᠬᠠᠨ ᠢᠯᠡᠳᠭᠡᠵᠦ᠂ ᠤᠭ ᠵᠤᠬᠢᠶᠠᠯ ᠤᠨ ᠤᠷᠠᠨ ᠰᠡᠳᠭᠢᠮᠵᠢ᠂ ᠦᠩᠭᠡ ᠲᠠᠮᠢᠷ᠂ ᠬᠡᠪ ᠨᠠᠮᠪᠠ ᠶᠢ ᠭᠤᠴᠤ ᠠᠮᠢᠳᠤᠯᠢᠭ ᠢᠯᠡᠷᠡᠬᠦᠯᠬᠦ ᠳᠤ ᠤᠷᠤᠰᠢᠨ᠎ᠡ᠃ ᠡᠭᠦᠨ ᠳᠤ ᠤᠨᠤᠪᠴᠢᠳᠠᠢ ᠤᠶᠢᠢᠯᠠᠭᠠᠬᠤ ᠪᠤᠯ ᠤᠷᠴᠢᠭᠤᠯᠭ᠎ᠠ ᠶᠢᠨ ᠰᠠᠭᠤᠷᠢ ᠮᠦᠨ᠃ ᠬᠢᠳᠠᠳ ᠬᠡᠯᠡᠨ ᠳᠤ ᠨᠢᠭᠡ ᠦᠰᠦᠭ ᠢᠮᠠᠬᠳᠠ ᠤᠯᠠᠨ ᠤᠳᠬ᠎ᠠ ᠲᠠᠢ ᠪᠠᠶᠢᠳᠠᠭ᠂ ᠲᠡᠭᠡᠷ᠎ᠡ ᠲᠤᠤᠷ᠎ᠠ ᠦᠬᠦᠯᠡᠪᠦᠷᠢ ᠶᠢᠨ ᠨᠡᠶᠢᠯᠡᠮᠵᠢ ᠶᠢ ᠦᠨᠳᠦᠰᠦᠯᠡᠨ ᠤᠳᠬ᠎ᠠ ᠶᠢ ᠨᠢ ᠢᠯᠭᠠᠬᠤ ᠬᠡᠷᠡᠭᠳᠡᠢ᠃ ᠵᠠᠷᠢᠮ ᠦᠰᠦᠭ ᠪᠤᠶᠤ ᠦᠭᠡ ᠶᠢ ᠭᠦᠨ ᠵᠤᠵᠠᠭᠠᠨ ᠮᠡᠳᠡᠯᠭᠡ ᠶᠢᠨ ᠪᠡᠯᠡᠳᠭᠡᠮᠵᠢ ᠦᠭᠡᠢ ᠪᠤᠯ ᠵᠦᠪ ᠤᠶᠢᠢᠯᠠᠭᠠᠬᠤ ᠳᠤ ᠪᠡᠷᠭᠡ ᠶᠤᠮ᠃ ᠦᠭᠡ ᠶᠢᠨ ᠤᠳᠬ᠎ᠠ ᠶᠢ ᠵᠦᠪ ᠢᠶᠠᠷ ᠢᠯᠡᠳᠭᠡᠬᠦ ᠳᠤ ᠪᠠᠰᠠ ᠲᠡᠤᠬᠡ ᠰᠤᠶᠤᠯ ᠤᠨ ᠠᠬᠤᠢ ᠪᠠᠶᠢᠳᠠᠯ ᠢ ᠠᠩᠬᠠᠷᠬᠤ ᠴᠢᠬᠤᠯᠠᠳᠠᠢ᠃ ᠡᠳᠡᠭᠡᠷ ᠤᠯᠠᠨ ᠱᠠᠭᠠᠷᠳᠠᠯᠭ᠎ᠠ ᠪᠠᠷᠢᠮᠵᠢᠶ᠎ᠠ ᠳᠤ ᠬᠦᠷᠬᠦ ᠶᠢᠨ ᠲᠦᠯᠦᠭᠡ ᠤᠷᠴᠢᠭᠤᠯᠤᠭᠴᠢ ᠨᠠᠷ ᠨᠡᠭᠡᠷᠡᠡ ︽ᠦᠢᠯᠡ ᠪᠠᠨ ᠪᠠᠷᠠᠵᠦ ᠦᠰᠦ ᠪᠠᠨ ᠲᠣᠭᠠᠯᠠᠭᠰᠠᠠ︾ ᠪᠠᠶᠢᠳᠠᠭ᠃ ︽ᠨᠢᠭᠡ ᠦᠭᠡ᠂ ᠨᠢᠭᠡ ᠦᠰᠦᠭ ᠤᠨ ᠤᠨᠤᠪᠴᠢᠳᠤ ᠤᠳᠬ᠎ᠠ ᠠᠭᠤᠯᠭ᠎ᠠ ᠶᠢ ᠤᠯᠬᠤ ᠶᠢᠨ ᠲᠦᠯᠦᠭᠡ ᠴᠢᠷᠠᠢ ᠤᠯᠠᠶᠢᠯᠴᠠᠨ ᠮᠠᠷᠭᠤᠨ ᠪᠤᠯᠢᠶᠠᠯᠳᠤᠬᠤ ᠤᠴᠢᠷ ᠬᠠᠶᠠ ᠭᠠᠷᠳᠠᠭ ᠪᠠᠶᠢᠬᠰᠠᠨ︾ ᠭᠡᠵᠦ ᠰᠤᠷᠪᠤᠯᠵᠢᠯᠠᠭ᠎ᠠ ᠬᠦᠯᠢᠶᠡᠭᠰᠡᠨ ᠵᠢᠷᠭᠠᠯ᠂ ᠸᠠᠩ ᠱᠢ ᠵᠤᠸᠠᠩ ︵ᠴᠢᠯᠠᠭᠤᠨᠪᠠᠭᠠᠨ᠎ᠠ︶᠂ ᠰᠤᠬᠳᠤᠷᠵᠠᠪ ᠨᠠᠷ ᠡᠷᠬᠢᠴᠡᠬᠦᠯᠦᠨ᠎ᠡ᠃ ᠡᠶᠢᠨ ᠬᠦ ︽ᠶᠤᠸᠠᠨ ᠤᠯᠤᠰ ᠤᠨ ᠲᠡᠤᠬᠡ︾ ᠶᠢᠨ ᠮᠤᠩᠭᠤᠯ ᠤᠷᠴᠢᠭᠤᠯᠭ᠎ᠠ ᠳᠤ ᠬᠦᠮᠦᠨ ᠤ ᠨᠡᠷ᠎ᠡ᠂ ᠭᠠᠵᠠᠷ ᠤᠨ ᠨᠡᠷ᠎ᠡ᠂ ᠨᠤᠶᠠᠨ ᠪᠠᠶᠢᠭᠤᠯᠤᠮᠵᠢ ᠶᠢᠨ ᠲᠦᠷᠢᠮ ᠤᠨ ᠲᠤᠬᠠᠢ ᠨᠡᠷ᠎ᠡ᠂ ᠭᠠᠪᠢᠶᠠᠳᠤ ᠲᠦᠰᠢᠮᠡᠯ ᠵᠢᠴᠢ ᠪᠢᠴᠢᠭ ᠴᠡᠷᠢᠭ ᠤᠨ ᠰᠤᠯᠠ ᠨᠤᠶᠠᠳ ᠤᠨ ᠨᠡᠷ᠎ᠡ᠂ ᠬᠡᠷᠬᠡᠮ ᠪᠠ ᠴᠤᠯᠠ ᠡᠷᠬᠦᠮᠵᠢᠯᠡᠯ᠂ ᠲᠡᠭᠷᠢ ᠶᠢᠨ ᠤᠳᠬ᠎ᠠ᠂ ᠵᠢᠷᠤᠬᠠᠢ᠂ ᠬᠠᠤᠯᠢ ᠴᠠᠭᠠᠵᠠ᠂ ᠵᠤᠬᠢᠶᠠᠯ ᠪᠦᠳᠦᠭᠡᠯ ᠵᠡᠷᠭᠡ ᠨᠡᠷ᠎ᠡ ᠦᠭᠡᠰ ᠢ ᠴᠦᠮ ᠮᠤᠩᠭᠤᠯᠴᠢᠯᠠᠪᠠ᠃ ᠲᠦᠭᠦᠮᠭᠡᠨ ᠵᠢᠱᠢᠶᠡᠯᠡᠬᠦ ᠳᠤ᠂ ᠬᠡᠷᠭᠡᠮ ᠴᠤᠯᠠ ᠶᠢ ᠦᠩᠭᠡᠷᠡᠭᠰᠡᠨ ᠤ ᠮᠤᠩᠭᠤᠯ ᠰᠤᠷᠪᠤᠯᠵᠢ ᠪᠢᠴᠢᠭ ᠲᠤ ᠴᠦᠮ ᠠᠪᠢᠶᠠᠴᠢᠯᠠᠨ ᠤᠷᠴᠢᠭᠤᠯᠳᠠᠭ ᠪᠠᠶᠢᠪᠠ᠃ ︽ᠶᠤᠸᠠᠨ ᠤᠯᠤᠰ ᠤᠨ ᠲᠡᠤᠬᠡ︾ ᠶᠢᠨ ᠮᠤᠩᠭᠤᠯ ᠤᠷᠴᠢᠭᠤᠯᠭ᠎ᠠ ᠳᠤ ᠪᠦᠬᠦᠨ ᠢ ᠮᠤᠩᠭᠤᠯᠴᠢᠯᠠᠪᠠ᠃ ᠵᠢᠱᠢᠶᠡᠯᠡᠪᠡᠯ ᠬᠡᠮᠵᠢᠬᠦᠷ ᠤᠨ ᠨᠢᠭᠡᠴᠢ ︽锭︾ ᠢ ︽ᠰᠦᠬᠡᠰ︾᠂ ︽两︾ ᠢ ︽ᠰᠢᠵᠢᠷ︾᠂ ︽钱︾ ᠢ ︽ᠪᠠᠭᠢᠷ︾᠂ ︽升︾ ᠢ ︽ᠱᠢᠩᠰᠢ︾᠂ ︽石︾ ᠢ ︽ᠲᠠᠭᠠᠷ︾ ᠭᠡᠭᠦᠴᠢᠯᠡᠡ ᠨᠡᠷᠡᠯᠡᠳᠡᠭ ᠪᠠᠶᠢᠬᠰᠠᠠ ᠢ ᠰᠡᠷᠭᠦᠭᠡᠵᠦ᠂ ᠤᠳᠤ ᠬᠡᠷᠡᠭᠯᠡᠭᠳᠡᠵᠦ ᠪᠠᠶᠢᠭ᠎ᠠ ︽ᠳ᠋ᠢᠩ᠂ ᠯᠠᠩ᠂ ᠴᠢᠶᠠᠨ᠂ ᠱᠧᠩ᠂ ᠳ᠋ᠠᠨ︾ ᠵᠡᠷᠭᠡ ᠬᠢᠳᠠᠳ ᠬᠡᠯᠡᠨ ᠠᠴᠠ ᠢᠷᠡᠯᠳᠡ ᠲᠠᠢ ᠦᠭᠡᠰ ᠢ ᠤᠷᠤᠯᠠᠭᠤᠯᠪᠠ᠃ ᠨᠢᠭᠡᠨ ᠤᠳᠠᠭᠠᠨ ᠤ ᠲᠡᠤᠬᠡᠨ ᠰᠤᠷᠪᠤᠯᠵᠢ ᠪᠢᠴᠢᠭ ᠤᠨ ᠠᠪᠤᠷᠠᠯᠳᠠ ᠶᠢᠨ ᠢᠨᠵᠧᠨᠧᠷᠢᠩ ︽ᠶᠤᠸᠠᠨ ᠤᠯᠤᠰ ᠤᠨ ᠲᠡᠤᠬᠡ︾ ᠶᠢ ᠤᠷᠴᠢᠭᠤᠯᠬᠤ ᠨᠢ ᠶᠠᠭᠤᠨ ᠤ ᠡᠮᠦᠨ᠎ᠡ ᠮᠤᠩᠭᠤᠯ ᠢᠶᠠᠷ ᠢᠶᠠᠨ ᠶᠤᠸᠠᠨ ᠤᠯᠤᠰ ᠤᠨ ᠲᠡᠤᠬᠡ ᠶᠢ ᠤᠶᠢᠢᠯᠠᠭᠠᠵᠤ ᠮᠡᠳᠡᠬᠦ ᠳᠤ ᠠᠴᠢ ᠬᠤᠯᠪᠤᠬᠳᠠᠯ ᠲᠠᠢ᠃ ᠲᠠᠬᠢᠪᠠᠯ ᠨᠡᠩ ᠠᠬᠤᠶᠢᠢᠴᠢ ᠠᠴᠢ ᠬᠤᠯᠪᠤᠬᠳᠠᠯ ᠭᠡᠪᠡᠯ ᠲᠡᠯᠡᠭᠡᠢ ᠶᠢᠨ ᠴᠢᠨᠠᠷᠳᠠᠢ ᠮᠤᠩᠭᠤᠯ ᠶᠤᠸᠠᠨ ᠤ ᠲᠡᠤᠬᠡ ᠶᠢ ᠨᠡᠩ ᠬᠦᠨᠵᠡᠭᠡᠢ ᠰᠤᠳᠤᠯᠬᠤ ᠳᠤ ᠨᠦᠬᠦᠴᠡᠯ ᠪᠦᠷᠢᠯᠳᠦᠭᠦᠯᠵᠦ ᠦᠭᠴᠡᠢ᠃ ᠬᠠᠮᠢᠶ᠎ᠠ ᠪᠦᠬᠦᠢ ᠲᠠᠯ᠎ᠠ ᠶᠢᠨ ᠬᠢᠨ ᠲᠦᠷᠦᠭᠦᠭᠡᠨ ᠪᠤᠯᠤᠬᠰᠠᠨ ︽ᠨᠠᠶᠢᠮᠠᠨ ᠮᠤᠵᠢ ᠤᠷᠤᠨ ᠤ ᠤᠷᠠᠨ ᠪᠢᠴᠢᠯᠭᠡ ᠶᠢᠨ ᠪᠤᠯᠪᠠᠰᠤᠷᠠᠯ ᠤᠨ ᠠᠩᠬᠢ︾ ᠡᠷᠬᠢᠯᠡᠬᠦ ᠦᠶ᠎ᠡ ᠪᠠᠷ ᠨᠢᠭᠡᠨᠳᠡ ᠬᠡᠪᠯᠡᠭᠳᠡᠭᠰᠡᠨ ︽ᠶᠤᠸᠠᠨ ᠤᠯᠤᠰ ᠤᠨ ᠲᠡᠤᠭᠡ︾ ᠶᠢᠨ ᠲᠡᠷᠢᠭᠦᠨ ᠲᠡᠪᠳᠡᠷ ᠢ ᠠᠪᠴᠤ ᠤᠴᠢᠬᠰᠠᠨ ᠳᠤ ᠬᠤᠷᠠᠯ ᠳᠤ ᠤᠷᠤᠯᠴᠠᠬᠰᠠᠳ ᠭᠤᠴᠢ ᠭᠠᠷᠤᠢ ᠲᠡᠪᠳᠡᠷ ᠬᠤᠳᠠᠯᠳᠤᠨ ᠠᠪᠤᠬᠰᠠᠨ ᠭᠡᠨ᠎ᠡ᠃ ︽ᠡᠨᠡ ᠴᠢᠨᠢ ᠮᠠᠨ ᠤ ᠡᠨᠡ ᠨᠤᠮ ᠬᠦᠮᠦᠰ ᠲᠤ ᠲᠠᠭᠠᠰᠢᠶᠠᠬᠳᠠᠵᠤ ᠪᠤᠢ ᠶᠢᠨ ᠢᠯᠡᠷᠡᠯ ᠰᠢᠦ︾ ᠭᠡᠵᠦ ᠸᠠᠩ ᠱᠢ ᠵᠤᠸᠠᠩ ︵ᠴᠢᠯᠠᠭᠤᠨᠪᠠᠭᠠᠨ᠎ᠠ︶ ᠪᠠᠭ᠋ᠠᠷᠬᠠᠵᠤ ᠪᠠᠶᠢᠯ᠎ᠠ᠃ ︽ᠶᠤᠸᠠᠨ ᠤᠯᠤᠰ ᠤᠨ ᠲᠡᠤᠬᠡ︾ ᠶᠢ ᠮᠤᠩᠭᠤᠯ ᠬᠡᠯᠡᠨ ᠳᠤ ᠠᠩᠬ᠎ᠠ ᠤᠳᠠᠭ᠎ᠠ ᠪᠦᠷᠢᠨ ᠤᠷᠴᠢᠭᠤᠯᠤᠭᠰᠠᠨ ᠶᠠᠪᠤᠳᠠᠯ ᠪᠤᠯ ᠨᠢᠭᠡᠨ ᠤᠳᠠᠭᠠᠨ ᠤ ᠲᠡᠤᠭᠡᠨ ᠰᠤᠷᠪᠤᠯᠵᠢᠰ ᠤᠨ ᠠᠪᠤᠷᠠᠯᠲᠠ ᠶᠢᠨ ᠢᠨᠵᠧᠨᠧᠷᠢᠩ ᠭᠡᠮᠡᠵᠦ ᠪᠤᠯᠤᠨ᠎ᠠ᠃ ︽ᠮᠠᠨ ᠤ ᠤᠷᠴᠢᠭᠤᠯᠭ᠎ᠠ ᠪᠤᠯ ᠦᠪᠡᠷ ᠪᠡᠶ᠎ᠡ ᠶᠢᠨ᠂ ᠦᠨᠳᠦᠰᠦᠳᠡᠨ ᠤ ᠦᠩᠭᠡ ᠭᠡᠷᠡᠯ ᠲᠡᠳᠦᠢ ᠪᠢᠰᠢ᠂ ᠨᠡᠩ ᠴᠦ ᠪᠦᠬᠦ ᠤᠯᠤᠰ ᠤᠨ ᠦᠩᠭᠡ ᠬᠡᠷᠡᠯ ᠪᠤᠯᠬᠤ ᠪᠦᠭᠡᠳ ᠴᠢᠨᠠᠬᠰᠢᠯᠠᠪᠠᠯ ᠲᠡᠯᠡᠭᠡᠢ ᠶᠢᠨ ᠴᠢᠨᠠᠷᠳᠠᠢ ᠡᠷᠳᠡᠮ ᠰᠢᠨᠵᠢᠯᠡᠭᠡᠨ ᠤ ᠦᠢᠯᠡᠰ ᠤᠨ ᠶᠡᠭᠡ ᠤᠴᠢᠷ ᠪᠤᠯᠤᠨ᠎ᠠ︾ ᠭᠡᠵᠦ ᠸᠠᠩ ᠱᠢ ᠵᠤᠸᠠᠩ ︵ᠴᠢᠯᠠᠭᠤᠨᠪᠠᠭᠠᠨ᠎ᠠ︶ ᠶᠠᠷᠢᠵᠤ ᠪᠠᠶᠢᠯ᠎ᠠ᠃ ᠬᠠᠮᠢᠶ᠎ᠠ ᠪᠦᠬᠦᠢ ᠬᠤᠯᠪᠤᠭᠠᠰᠤ ᠨᠢᠭᠡ᠂ ︽ᠶᠤᠸᠠᠨ ᠤᠯᠤᠰ ᠤᠨ ᠲᠡᠤᠬᠡ︾ ᠶᠢᠨ ᠲᠦᠢᠮᠤ ᠪᠠᠶᠢᠳᠠᠯ ︽ᠶᠤᠸᠠᠨ ᠤᠯᠤᠰ ᠤᠨ ᠲᠡᠤᠬᠡ︾ ᠪᠤᠯ ᠲᠤᠮᠳᠠᠳᠤ ᠤᠯᠤᠰ ᠤᠨ ᠭᠤᠤᠯ ᠲᠡᠤᠬᠡ ᠪᠤᠯᠬᠤ 25 ᠲᠡᠤᠬᠡ ᠶᠢᠨ ᠨᠢᠭᠡ ᠨᠢ ᠮᠦᠨ᠂ ᠲᠡᠷᠡ ᠨᠢ ᠶᠤᠸᠠᠨ ᠤᠯᠤᠰ ᠤᠨ ᠦᠶ᠎ᠡ ᠶᠢᠨ ᠲᠡᠤᠬᠡᠨ ᠭᠡᠷᠡᠭ ᠶᠠᠪᠤᠳᠠᠯ ᠢ ᠰᠢᠰᠲ᠋ᠧᠮ ᠲᠠᠢ ᠲᠡᠮᠳᠡᠭᠯᠡᠵᠡᠢ᠃ ᠪᠦᠬᠦ ᠵᠤᠬᠢᠶᠠᠯ 210 ᠪᠤᠳᠢ᠂ ᠮᠢᠩ ᠤᠯᠤᠰ ᠤᠨ ᠡᠬᠢᠨ ᠤ ᠦᠶ᠎ᠡ ᠪᠠᠷ ᠰᠦᠩ ᠯᠢᠶᠠᠨ᠂ ᠸᠠᠩ ᠢ ᠨᠡᠷ ᠲᠤᠭᠤᠷᠪᠢᠨ ᠪᠢᠴᠢᠭᠰᠡᠨ ᠶᠤᠮ᠃ 1368 ᠤᠨ᠂ ᠲᠣᠬᠠᠶᠢᠢᠯᠠᠪᠠᠯ ᠶᠤᠸᠠᠨ ᠤᠯᠤᠰ ᠮᠦᠬᠦᠭᠰᠡᠨ ᠲᠡᠷᠡ ᠵᠢᠯ ᠳᠤ᠂ ᠮᠢᠩ ᠤᠯᠤᠰ ᠤᠨ ᠲᠤᠯᠭᠤᠷ ᠬᠠᠭᠠᠠ ᠵᠦ ᠶᠤᠸᠠᠨ ᠵᠠᠩ ᠵᠠᠷᠯᠢᠭ ᠪᠠᠭᠤᠯᠭᠠᠨ ᠨᠠᠶᠢᠷᠠᠭᠤᠯᠤᠨ ᠪᠢᠴᠢᠬᠦᠯᠦᠭᠰᠡᠨ ᠶᠤᠮ᠃ ᠬᠤᠶᠠᠳᠤᠭᠠᠷ ᠵᠢᠯ ᠨᠢ ᠯᠢ ᠱᠠᠨ ᠴᠠᠩ ᠢᠶᠠᠷ ᠬᠢᠨᠠᠬᠴᠢ ᠪᠤᠯᠭᠠᠨ᠂ ᠰᠦᠩ ᠯᠢᠶᠠᠨ᠂ ᠸᠠᠩ ᠢ ᠪᠠᠷ ᠶᠡᠷᠦᠩᠬᠡᠢ ᠲᠠᠰᠤᠯᠤᠬᠴᠢ ᠪᠤᠯᠭᠠᠵᠤ᠂ ᠵᠤᠤ ᠰᠢᠶᠦ᠋ᠨ ᠵᠡᠷᠭᠡ 16 ᠬᠦᠮᠦᠨ ᠢᠶᠠᠷ ᠲᠤᠬᠢᠶᠠᠯᠳᠤᠭᠤᠯᠤᠨ ᠵᠤᠬᠢᠶᠠᠯᠭᠠᠵᠤ᠂ ᠡᠬᠢᠯᠡᠨ ᠨᠠᠶᠢᠷᠠᠭᠤᠯᠵᠤ ᠪᠢᠴᠢᠬᠦᠯᠪᠡ᠃ ᠵᠦᠪᠬᠡᠨ 188 ᠡᠳᠦᠷ ᠬᠡᠷᠡᠭᠯᠡᠭᠡᠳ᠂ ᠶᠤᠸᠠᠨ ᠤᠯᠤᠰ ᠤᠨ ᠡᠶᠡᠪᠡᠷᠭᠦᠦ ᠬᠠᠭᠠᠨ ᠤ ᠨᠢᠭᠡ ᠲᠦᠷᠦ ᠠᠴᠠ ᠪᠤᠰᠤᠳ ᠤᠨ ᠴᠠᠳᠢᠭ᠂ ᠤᠶᠢᠢᠯᠠᠯᠭ᠎ᠠ᠂ ᠢᠯᠡᠳᠭᠡᠯ᠂ ᠰᠤᠯᠠ ᠨᠠᠮᠳᠠᠷ ᠨᠡᠶᠢᠳᠡ 159 ᠪᠤᠳᠢ ᠶᠢ ᠵᠤᠬᠢᠶᠠᠨ ᠲᠠᠭᠤᠰᠬᠠᠪᠠ᠃ ᠵᠠᠯᠭᠠᠭᠠᠳ ᠪᠠᠰᠠ ᠡᠸᠤ ᠶᠠᠩ ᠶᠢᠤ ᠵᠡᠷᠭᠡ 12 ᠬᠦᠮᠦᠨ ᠢ ᠲᠤᠮᠢᠯᠠᠨ ᠪᠦᠬᠦ ᠤᠯᠤᠰ ᠤᠨ ᠬᠡᠪᠴᠢᠶᠡᠨ᠎ᠡ ᠶᠤᠸᠠᠨ ᠤᠯᠤᠰ ᠤᠨ ᠡᠶᠡᠪᠡᠷᠭᠦᠦ ᠬᠠᠭᠠᠨ ᠤ ᠨᠢᠭᠡ ᠲᠦᠷᠦ ᠶᠢᠨ ᠲᠡᠤᠬᠡᠨ ᠰᠤᠷᠪᠤᠯᠵᠢ ᠪᠢᠴᠢᠭ ᠢ ᠬᠠᠶᠢᠨ ᠴᠤᠬᠯᠠᠭᠤᠯᠵᠤ᠂ 1370 ᠤᠨ ᠳᠤ᠂ ᠲᠡᠤᠬᠡ ᠨᠠᠶᠢᠷᠠᠭᠤᠯᠬᠤ ᠠᠵᠢᠯ ᠢᠶᠠᠨ ᠲᠠᠬᠢᠨ ᠡᠬᠢᠯᠡᠵᠦ᠂ ᠮᠦᠨ ᠰᠦᠩ ᠯᠢᠶᠠᠨ᠂ ᠸᠠᠩ ᠢ ᠪᠠᠷ ᠶᠡᠷᠦᠩᠬᠡᠢ ᠲᠠᠰᠤᠯᠤᠬᠴᠢ ᠪᠤᠯᠭᠠᠵᠤ᠂ ᠵᠦ ᠶᠢᠤ ᠵᠡᠷᠭᠡ 15 ᠬᠦᠮᠦᠨ ᠢ ᠨᠠᠶᠢᠷᠠᠭᠤᠯᠤᠨ ᠪᠢᠴᠢᠬᠦ ᠠᠵᠢᠯ ᠳᠤ ᠤᠷᠤᠯᠴᠠᠭᠤᠯᠵᠤ᠂ 143 ᠡᠳᠦᠷ ᠬᠡᠷᠡᠭᠯᠡᠨ᠂ ᠴᠠᠳᠢᠭ᠂ ᠤᠶᠢᠢᠯᠠᠯᠭ᠎ᠠ᠂ ᠢᠯᠡᠳᠭᠡᠯ᠂ ᠰᠤᠯᠠ ᠨᠠᠮᠳᠠᠷ ᠨᠡᠶᠢᠳᠡ 53 ᠪᠤᠳᠢ ᠶᠢ ᠦᠷᠬᠦᠯᠵᠢᠯᠡᠭᠦᠯᠵᠦ ᠲᠠᠭᠤᠰᠬᠠᠪᠠ᠃ ᠲᠠᠷᠠᠭ᠎ᠠ ᠳᠤᠨᠢ᠂ ᠡᠮᠦᠨ᠎ᠡ ᠬᠤᠶᠢᠨᠠᠬᠢ ᠬᠤᠶᠠᠷ ᠨᠤᠤᠷᠠᠭ ᠢ ᠬᠠᠮᠳᠤᠳᠬᠠᠵᠤ᠂ ᠠᠩᠬᠢᠯᠠᠨ ᠡᠮᠬᠢᠳᠭᠡᠨ ᠲᠠᠭᠠᠯᠳᠤᠭᠤᠯᠤᠭᠠᠳ᠂ ᠨᠡᠶᠢᠳᠡ 210 ᠪᠤᠳᠢ ᠪᠤᠯᠭᠠᠪᠠ᠃ ᠪᠦᠬᠦ᠋ᠢᠯᠡ ᠨᠠᠶᠢᠷᠠᠭᠤᠯᠤᠨ ᠵᠤᠬᠢᠶᠠᠬᠤ ᠠᠵᠢᠯ ᠨᠢ ᠵᠦᠪᠬᠡᠨ 331 ᠡᠳᠦᠷ ᠭᠡᠷᠡᠭᠰᠡᠪᠡ᠃ ᠬᠤᠶᠠᠷ᠂ ᠲᠡᠤᠬᠡᠨ ᠲᠡᠭᠡᠷ᠎ᠡ ᠬᠡᠳᠦᠨᠳᠡ ᠮᠤᠩᠭᠤᠯᠴᠢᠯᠠᠬᠰᠠᠨ ᠦᠩᠭᠡᠷᠡᠯᠳᠡ ᠲᠠᠢ ᠲᠡᠤᠬᠡᠨ ᠲᠡᠭᠡᠷ᠎ᠡ ︽ᠶᠤᠸᠠᠨ ᠤᠯᠤᠰ ᠤᠨ ᠲᠡᠤᠬᠡ︾ ᠶᠢ ᠮᠤᠩᠭᠤᠯᠴᠢᠯᠠᠬᠤ ᠠᠵᠢᠯ ᠴᠤ ᠬᠡᠳᠦ ᠤᠳᠠᠭ᠎ᠠ ᠶᠠᠪᠤᠬᠳᠠᠵᠤ ᠦᠩᠭᠡᠷᠡᠵᠡᠢ᠃ ᠭᠡᠪᠡᠴᠦ ᠲᠤᠬᠠᠢ ᠶᠢᠨ ᠦᠶ᠎ᠡ ᠶᠢᠨ ᠲᠠᠶᠢᠨ ᠪᠠᠶᠢᠯᠳᠤᠭᠠᠨ᠂ ᠬᠦᠮᠦᠨ ᠤ ᠬᠦᠴᠦᠨ᠂ ᠪᠤᠳᠠᠰ ᠤᠨ ᠬᠦᠴᠦᠨ ᠵᠡᠷᠭᠡ ᠤᠯᠠᠨ ᠵᠦᠢᠯ ᠤᠨ ᠰᠢᠯᠳᠠᠭᠠᠨ ᠠᠴᠠ ᠪᠤᠯᠵᠤ ᠪᠦᠷᠢᠨ ᠤᠷᠴᠢᠭᠤᠯᠤᠬᠳᠠᠵᠤ ᠴᠢᠳᠠᠬᠰᠠᠨ ᠦᠭᠡᠢ᠂ ᠨᠡᠩ ᠴᠤ ᠲᠠᠷᠬᠠᠭᠠᠭᠳᠠᠵᠤ ᠴᠢᠳᠠᠬᠰᠠᠨ ᠦᠭᠡᠢ᠃ ᠨᠢᠭᠡᠳ ᠨᠢᠭᠡ ᠪᠠᠷ ᠲᠤᠷᠠᠳᠪᠠᠯ᠄ ᠤᠳᠤ ᠶᠢᠨ ᠡᠵᠡᠮᠰᠢᠭᠰᠡᠨ ᠪᠢᠴᠢᠭ ᠮᠠᠲ᠋ᠧᠷᠢᠶᠠᠯ ᠢ ᠦᠨᠳᠦᠰᠦᠯᠡᠪᠡᠯ᠂ ᠬᠠᠮᠤᠭ ᠤᠨ ᠡᠷᠳᠡ ᠴᠢᠩ ᠤᠯᠤᠰ ᠤᠨ ᠡᠬᠢᠨ ᠤ ᠦᠶ᠎ᠡ ᠠᠴᠠ ᠡᠬᠢᠯᠡᠪᠡ᠃ ᠠᠯᠪᠠᠨ ᠠᠴᠠ ᠪᠤᠶᠤ ᠬᠤᠪᠢ ᠭᠦᠮᠦᠨ ᠠᠴᠠ ᠬᠡᠳᠦ ᠤᠳᠠᠭ᠎ᠠ ᠭᠠᠷᠳᠠᠵᠤ ᠬᠢᠵᠦ ᠦᠩᠭᠡᠷᠡᠭᠰᠡᠨ ᠪᠠᠶᠢᠵᠠᠢ᠃ 1635 ᠤᠨ ᠳᠤ᠂ ᠴᠢᠩ ᠤᠯᠤᠰ ᠤᠨ ᠲᠤᠯᠭᠤᠷ ᠬᠠᠭᠠᠨ ᠬᠤᠩ ᠲᠠᠶᠢᠵᠢ ᠠᠴᠠ ᠭᠠᠤᠯᠢ ᠤᠯᠤᠰ᠂ ᠠᠯᠳᠠᠨ ᠤᠯᠤᠰ᠂ ᠶᠤᠸᠠᠨ ᠤᠯᠤᠰ ᠭᠤᠷᠪᠠᠨ ᠲᠦᠷᠦ ᠶᠢᠨ ᠲᠡᠤᠭᠡ ᠶᠢ ᠮᠠᠨᠵᠤ ᠪᠤᠯᠤᠨ ᠮᠤᠩᠭᠤᠯ ᠬᠡᠯᠡ ᠪᠠᠷ ᠤᠷᠴᠢᠭᠤᠯᠬᠤ ᠵᠠᠷᠯᠢᠭ ᠪᠠᠭᠤᠯᠭᠠᠵᠤ᠂ 1639 ᠤᠨ ᠳᠤ ᠲᠠᠬᠢᠨᠳᠠ ᠵᠠᠷᠯᠢᠬᠳᠠᠪᠠ᠃ ᠡᠶᠢᠨ ᠬᠦ ᠮᠤᠩᠭᠤᠯ ᠪᠢᠴᠢᠭᠳᠡᠨ ᠲᠦᠭᠳᠡᠨ᠂ ᠦᠯᠵᠡᠶᠢᠳᠦ᠂ ᠰᠧᠷᠠᠩ᠂ ᠰᠤᠳᠨᠠᠮ ᠨᠠᠷ ᠮᠠᠨᠵᠤ ᠦᠰᠦᠭ ᠠᠴᠠ ᠰᠤᠩᠭᠤᠵᠤ ᠨᠠᠶᠢᠷᠠᠭᠤᠯᠤᠨ ᠮᠤᠩᠭᠤᠯᠴᠢᠯᠠᠵᠤ᠂ 1647 ᠤᠨ ᠬᠦᠷᠳᠡᠯ᠎ᠡ 600 ᠲᠤᠬᠳᠤᠢ ᠤᠷᠴᠢᠭᠤᠯᠤᠨ ᠪᠦᠳᠦᠭᠡᠵᠦ᠂ ᠪᠠᠷ ᠬᠡᠪᠯᠡᠯ ᠳᠤ ᠤᠷᠤᠭᠤᠯᠪᠠ᠂ ᠬᠡᠪᠡᠴᠦ ᠤᠷᠴᠢᠭᠤᠯᠭ᠎ᠠ ᠨᠢ ᠲᠠᠷᠬᠠᠭᠠᠭᠳᠠᠬᠰᠠᠨ ᠦᠭᠡᠢ ᠃ ᠲᠡᠭᠦᠨ ᠠᠴᠠ ᠰᠡᠭᠦᠯᠡᠷ᠂ ᠲᠡᠭᠷᠢ ᠲᠡᠤᠭᠦᠭᠴᠢ ᠬᠠᠭᠠᠨ ᠤ ᠦᠶ᠎ᠡ ᠳᠤ ᠴᠤ ᠬᠡᠰᠡᠭ ᠪᠦᠯᠦᠭ ᠤᠷᠴᠢᠭᠤᠯᠵᠠᠢ᠃ ᠲᠡᠭᠦᠨ ᠠᠴᠠ ᠵᠠᠭᠤ ᠭᠠᠷᠤᠢ ᠵᠢᠯ ᠤᠨ ᠲᠠᠷᠠᠭ᠎ᠠ᠂ ᠲᠣᠬᠠᠶᠢᠢᠯᠠᠪᠠᠯ ᠴᠢᠩ ᠤᠯᠤᠰ ᠤᠨ ᠪᠠᠳᠠᠷᠠᠭᠤᠯᠳᠤ ᠲᠦᠷᠦ ᠶᠢᠨ ᠦᠶ᠎ᠡ ᠳᠤ᠂ ᠮᠤᠩᠭᠤᠯ ᠤᠨ ᠬᠦᠪᠡᠭᠡᠳᠦ ᠰᠢᠷ᠎ᠠ ᠬᠤᠰᠢᠭᠤ ᠨᠤᠳᠤᠭ ᠲᠠᠢ ᠲᠡᠮᠷᠢᠨᠰᠦ᠋ᠷᠦᠩ ︽ᠶᠤᠸᠠᠨ ᠤᠯᠤᠰ ᠤᠨ ᠲᠡᠤᠬᠡ︾ ᠶᠢ ᠤᠷᠴᠢᠭᠤᠯᠪᠠ᠂ ᠭᠡᠪᠡᠴᠦ ᠵᠦᠪᠬᠡᠨ ᠴᠠᠳᠢᠭ ᠤᠨ ᠨᠢᠭᠡ ᠭᠡᠰᠡᠭ ᠢ ᠮᠠᠨᠵᠤ ᠬᠡᠯᠡᠨ ᠠᠴᠠ ᠮᠤᠩᠭᠤᠯᠴᠢᠯᠠᠪᠠ ᠃ 1917 ᠤᠨ ᠠᠴᠠ ᠡᠬᠢᠯᠡᠨ 1929 ᠤᠨ ᠬᠦᠷᠳᠡᠯ᠎ᠡ᠂ ᠵᠤᠰᠤᠳᠤ ᠶᠢᠨ ᠴᠢᠭᠤᠯᠭᠠᠨ ᠤ ᠬᠠᠷᠠᠴᠢᠨ ᠲᠤᠮᠳᠠᠳᠤ ᠬᠤᠰᠢᠭᠤ ︵ᠤᠳᠤ ᠶᠢᠨ ᠦᠪᠦᠷ ᠮᠤᠩᠭᠤᠯ ᠤᠨ ᠤᠯᠠᠭᠠᠨᠬᠠᠳᠠ ᠬᠤᠳᠠ ᠶᠢᠨ ᠨᠢᠩᠴᠧᠩ ᠰᠢᠶᠠᠨ︶ ᠨᠤᠳᠤᠭ ᠲᠠᠢ᠂ ᠲᠤᠬᠠᠢ ᠶᠢᠨ ᠴᠠᠭ ᠲᠤ ᠮᠤᠩᠭᠤᠯ ᠤᠯᠤᠰ ᠤᠨ ᠰᠤᠳᠤᠷ ᠪᠢᠴᠢᠭ ᠤᠨ ᠬᠦᠷᠢᠶᠡᠯᠡᠩ ᠤᠨ ᠵᠢᠩᠬᠢᠨᠢ ᠬᠡᠰᠢᠭᠦᠨ ᠪᠤᠯᠤᠬᠰᠠᠨ ᠴᠢᠮᠡᠳ ᠤᠨ ᠲᠡᠮᠴᠡᠭᠳᠤᠷᠵᠢ ︵ᠡᠷᠬᠦᠭᠰᠡᠨ ᠨᠡᠷ᠎ᠡ ᠳ᠋ᠠᠨᠳᠠ︶ ᠪᠠᠷ ︽ᠶᠤᠸᠠᠨ ᠤᠯᠤᠰ ᠤᠨ ᠲᠡᠤᠬᠡ︾ ᠶᠢ ᠬᠤᠷᠢᠶᠠᠩᠭᠤᠶᠢᠢᠯᠠᠨ ᠤᠷᠴᠢᠭᠤᠯᠵᠤ ᠲᠡᠭᠦᠰᠭᠡᠭᠰᠡᠨ ᠪᠠᠶᠢᠳᠠᠭ᠃ ᠭᠡᠪᠡᠴᠦ ᠪᠠᠷᠯᠠᠵᠤ ᠵᠠᠪᠳᠤᠬᠰᠠᠨ ᠦᠭᠡᠢ᠂ ᠭᠠᠷ ᠪᠢᠴᠢᠮᠡᠯ ᠢᠶᠠᠷ ᠦᠯᠡᠳᠡᠭᠰᠡᠨ ᠪᠢᠯᠡ᠃ ᠭᠠᠷ ᠪᠢᠴᠢᠮᠡᠯ ᠨᠢ ᠤᠳᠤ ᠮᠤᠩᠭᠤᠯ ᠤᠯᠤᠰ ᠤᠨ ᠤᠯᠤᠰ ᠤᠨ ᠲᠦᠪ ᠨᠤᠮ ᠤᠨ ᠰᠠᠩ ᠳᠤ ᠬᠠᠳᠠᠭᠠᠯᠠᠬᠳᠠᠵᠤ ᠪᠤᠢ᠃ ᠲᠡᠭᠡᠷ᠎ᠡ ᠵᠠᠭᠤᠨ ᠤ ᠶᠡᠷᠡᠭᠡᠳ ᠤᠨ ᠤ ᠦᠶᠡᠰ᠂ ᠲᠤᠮᠳᠠᠳᠤ ᠤᠯᠤᠰ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ ᠶᠢᠨ ᠨᠠᠶᠢᠷᠠᠭᠤᠯᠤᠬᠴᠢ ᠤᠷᠬᠢᠯ ︽ᠶᠤᠸᠠᠨ ᠤᠯᠤᠰ ᠤᠨ ᠲᠡᠤᠬᠡ︾ ᠶᠢᠨ ᠪᠦᠷᠢᠨ ᠤᠷᠴᠢᠭᠤᠯᠭ᠎ᠠ ᠶᠢ ᠬᠢᠵᠦ ᠡᠬᠢᠯᠡᠪᠡ᠂ ᠴᠠᠳᠢᠭ ᠤᠨ ᠭᠡᠰᠡᠭ ᠢ ᠨᠢᠭᠡ ᠪᠦᠯᠦᠭ ᠮᠤᠩᠭᠤᠯᠴᠢᠯᠠᠵᠦ ᠪᠠᠶᠢᠬᠰᠠᠠ ᠢᠶᠠᠨ ᠨᠠᠰᠤ ᠪᠠᠷᠠᠪᠠ᠃ ᠵᠦᠩᠬᠤᠸᠠ ᠨᠤᠮ ᠬᠡᠪᠯᠡᠯ ᠤᠨ ᠲᠤᠪᠴᠢᠶ᠎ᠠ ᠶᠢᠨ 1976 ᠤᠨ ᠤ ︽ᠶᠤᠸᠠᠨ ᠤᠯᠤᠰ ᠤᠨ ᠲᠡᠤᠬᠡ︾ ᠶᠢᠨ ᠬᠢᠳᠠᠳ ᠬᠡᠪᠯᠡᠯ ᠳᠤ ᠲᠡᠮᠳᠡᠭ ᠲᠠᠯᠪᠢᠨ ᠬᠠᠷᠭᠤᠭᠤᠯᠬᠤ ᠲᠤᠮᠤ ᠦᠢᠯᠡ ᠶᠢ ᠬᠦᠢᠴᠡᠳᠭᠡᠭᠰᠡᠨ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠦᠷ᠂ ᠮᠤᠩᠭᠤᠯ ᠦᠨᠳᠦᠰᠦᠳᠡᠨ ᠤ ᠠᠯᠳᠠᠷᠳᠤ ᠲᠡᠤᠭᠡᠴᠢ ᠢᠷᠢᠨᠴᠢᠨ ᠪᠠᠰᠠ ︽ᠶᠤᠸᠠᠨ ᠤᠯᠤᠰ ᠤᠨ ᠲᠡᠤᠬᠡ︾ ᠶᠢᠨ ᠪᠦᠷᠢᠨ ᠤᠷᠴᠢᠭᠤᠯᠭ᠎ᠠ ᠶᠢ ᠬᠦᠢᠴᠡᠳᠭᠡᠬᠦ ᠪᠠᠷ ᠰᠡᠳᠦᠵᠦ ᠪᠠᠶᠢᠬᠰᠠᠨ ᠶᠤᠮ᠂ ᠳᠡᠷᠡ ᠮᠦᠠ ᠡᠪᠡᠳᠴᠢᠨ ᠢᠶᠠᠷ ᠨᠠᠰᠤ ᠪᠠᠷᠠᠵᠦ᠂ ᠶᠡᠭᠡ ᠬᠠᠷᠠᠮᠰᠠᠯ ᠢᠶᠠᠨ ᠬᠤᠴᠤᠷᠭᠠᠭᠰᠠᠨ ᠪᠠᠶᠢᠪᠠ᠃ ᠲᠡᠭᠡᠷᠡᠭᠢ ᠤᠷᠴᠢᠭᠤᠯᠭ᠎ᠠ ᠵᠢᠴᠢ ᠴᠢᠷᠮᠠᠶᠢᠯᠭ᠎ᠠ ᠨᠢ ᠲᠡᠤᠬᠡ ᠰᠤᠶᠤᠯ ᠤᠨ ᠲᠠᠯ᠎ᠠ ᠠᠴᠠ ᠦᠵᠡᠪᠡᠯ ᠪᠦᠷ ᠴᠤ ᠮᠠᠬᠳᠠᠭᠳᠠᠭᠤᠰᠢᠳᠠᠢ ᠭᠠᠪᠢᠶ᠎ᠠ ᠵᠢᠳᠬᠦᠯ ᠪᠤᠯᠬᠤ ᠶᠤᠮ᠃
 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠤᠷᠲᠤᠨ ᠤ ᠮᠣᠩᠭᠤᠯ ᠰᠦᠯᠵᠢᠶ᠎ᠡ 
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号