ᠲᠢᠪ ᠲᠡᠭᠷᠢ ᠶᠢᠨ ᠨᠡᠷ᠎ᠡ ᠬᠦᠭᠡᠴᠦ ᠭᠡᠳᠡᠭ᠂ ᠬᠤᠩᠬᠤᠲᠠᠨ ᠣᠪᠣᠭᠲᠠᠨ᠃ ᠮᠥᠩᠯᠢᠭ ᠡᠴᠢᠭᠡ ᠶᠢᠨ ᠳᠥᠳᠥᠭᠡᠷ | ᠬᠦᠦ ᠪᠦᠯᠦᠭᠡ᠃ ᠪᠥᠭᠡ ᠣᠷᠣᠳᠠᠭ ᠪᠥᠭᠡᠳ ᠡᠪᠦᠯ ᠤᠨ ᠬᠦᠢᠲᠡᠨ ᠳᠤ ᠨᠢᠴᠦᠭᠦᠨ ᠢᠶᠠᠷ ᠴᠠᠰᠤ ᠮᠥᠰᠥᠨ ᠳᠤ | ᠶᠠᠪᠤᠳᠠᠭ᠃ ᠲᠡᠷᠡ ᠲᠥᠯᠭᠡ ᠦᠵᠡᠵᠦ ᠮᠡᠷᠭᠡᠯᠡᠬᠦ ᠳᠡᠭᠡᠨ ᠰᠠᠶᠢᠨ᠃ ᠮᠣᠩᠭᠤᠯᠴᠤᠳ ᠲᠡᠭᠦᠨ ᠢ ᠲᠢᠪ ᠲᠡᠭᠷᠢ ᠬᠡᠮᠡᠳᠡᠭ᠃ | ᠬᠠᠷᠠᠭᠴᠢᠨ ᠭᠠᠭ᠋ᠠᠢ ᠵᠢᠯ ᠴᠢᠩᠭᠢᠰ ᠬᠠᠭᠠᠨ ᠸᠠᠩ ᠬᠠᠨ ᠢ ᠤᠰᠠᠳᠬᠠᠪᠠ᠃ ᠲᠢᠪ ᠲᠡᠭᠷᠢ ᠲᠡᠮᠦᠵᠢᠨ ᠢ ᠳᠡᠯᠡᠬᠡᠢ | ᠳ᠋ᠠᠬᠢᠨ ᠢ ᠡᠵᠡᠯᠡᠨ᠎ᠡ ᠬᠡᠮᠡᠵᠦ ᠲᠥᠯᠭᠡᠳᠡᠵᠦ ᠴᠢᠩᠭᠢᠰ ᠬᠡᠮᠡᠨ ᠨᠡᠷᠡᠯᠡᠭᠦᠯᠪᠡ᠃ ᠤᠯᠠᠭᠠᠨ ᠪᠠᠷᠰ ᠵᠢᠯ ᠣᠯᠠᠨ ᠲᠦᠰᠢᠮᠡᠳ | ᠬᠠᠭᠠᠨ ᠤ ᠬᠦᠨᠳᠦᠲᠦ ᠴᠣᠯᠠ ᠶᠢ ᠶᠠᠷᠢᠯᠴᠠᠵᠤ᠂ ᠵᠠᠮᠤᠬ᠎ᠠ ᠥᠪᠡᠷ ᠢ ᠪᠠᠨ ᠬᠦᠷ ᠬᠠᠭᠠᠨ ᠬᠡᠮᠡᠭᠡᠳ ᠳᠡᠮᠡᠢ ᠤᠳᠠᠭᠰᠠᠨ | ᠦᠭᠡᠢ ᠢᠯᠠᠭᠳᠠᠪᠠ᠃ ᠲᠡᠶᠢᠮᠦ ᠠᠴᠠ ᠢᠩᠭᠢᠵᠦ ᠨᠡᠷᠡᠯᠡᠬᠦ ᠮᠠᠭᠤ ᠭᠡᠵᠦ ᠣᠨᠳᠣᠣ ᠨᠡᠷ᠎ᠡ ᠰᠢᠯᠢᠵᠦ ᠪᠠᠶᠢᠯ᠎ᠠ᠃ ᠡᠨᠡ | ᠦᠶᠡᠰ ᠬᠦᠬᠡᠴᠦ ᠪᠠᠷ ᠮᠡᠷᠭᠡᠯᠡᠭᠦᠯᠬᠦ ᠬᠡᠮᠡᠨ ᠳᠤᠷᠠᠳᠤᠭᠰᠠᠨ ᠳᠤ ᠲᠡᠷᠡ ᠳᠠᠷᠤᠢ ᠬᠠᠭᠠᠨ ᠤ ᠴᠣᠯᠠ ᠶᠢ ᠴᠢᠩᠭᠢᠰ | ᠬᠠᠭᠠᠨ ᠬᠡᠮᠡᠪᠡ᠃ ᠡᠶᠢᠨ ᠬᠦ ᠲᠢᠪ ᠲᠡᠭᠷᠢ ᠬᠠᠭᠠᠨ ᠳᠤ ᠢᠲᠡᠭᠡᠭᠳᠡᠪᠡ᠃ ᠪᠠᠰᠠ ᠡᠴᠢᠭᠡ ᠶᠢᠨ ᠢᠶᠠᠨ ᠭᠠᠪᠢᠶ᠎ᠠ ᠠᠬ᠎ᠠ | ᠳᠡᠭᠦᠦ ᠨᠠᠷ ᠤᠨ ᠢᠶᠠᠨ ᠬᠦᠴᠦᠨ ᠳᠤ ᠡᠷᠳᠦᠵᠦ ᠨᠢᠭᠡ ᠡᠳᠦᠷ ᠬᠠᠰᠠᠷ ᠢ ᠪᠠᠷᠢᠵᠤ ᠵᠠᠨᠴᠢᠪᠠ᠃ ᠬᠠᠰᠠᠷ ᠳᠣᠯᠣᠭᠠᠨ | ᠬᠤᠩᠬᠤᠲᠠᠨ ᠳᠤ ᠵᠠᠨᠴᠢᠭᠳᠠᠪᠠ ᠬᠡᠮᠡᠨ ᠴᠢᠩᠭᠢᠰ ᠬᠠᠭᠠᠨ ᠳᠤ ᠰᠥᠭᠦᠳᠥᠨ ᠠᠶᠢᠯᠠᠳᠬᠠᠬᠤ ᠳᠤ ᠴᠢᠩᠭᠢᠰ ᠬᠠᠭᠠᠨ | ᠪᠤᠰᠤᠳ ᠬᠥᠮᠥᠨ ᠳᠤ ᠬᠢᠯᠢᠩᠯᠡᠵᠦ ᠪᠠᠶᠢᠬᠤ ᠲᠠᠢ ᠨᠢ ᠲᠠᠭᠠᠷᠠᠯᠳᠤᠭᠠᠳ ᠬᠠᠰᠠᠷ ᠲᠤ ᠬᠢᠯᠢᠩᠯᠡᠨ ᠬᠡᠯᠡᠭᠰᠡᠨ ᠨᠢ᠄ ︽ | ᠠᠮᠢᠳᠤ ᠳᠤᠷ ᠦᠯᠦ ᠢᠯᠠᠭᠳᠠᠬᠤ ᠠᠴᠠ ᠪᠦᠯᠦᠭᠡ ᠴᠢ᠂ ᠭᠡᠷ ᠢᠯᠠᠭᠳᠠᠭ᠎ᠠ ᠴᠢ︖︾ ᠬᠡᠮᠡᠬᠦ ᠳᠤ ᠬᠠᠰᠠᠷ ᠨᠢᠯᠪᠤᠰᠤ | ᠠᠯᠳᠠᠭᠠᠳ ᠪᠣᠰᠴᠤ ᠭᠠᠷᠴᠤ ᠶᠠᠪᠤᠨ ᠭᠤᠷᠪᠠᠨ ᠡᠳᠦᠷ ᠡᠰᠡ ᠢᠷᠠᠪᠠ᠃ ᠲᠡᠨᠳᠡ ᠲᠢᠪ ᠲᠡᠭᠷᠢ ᠴᠢᠩᠭᠢᠰ ᠬᠠᠭᠠᠨ ᠳᠤ | ᠬᠡᠯᠡᠭᠰᠡᠨ ᠨᠢ᠄ ︽ᠮᠥᠩᠬᠡ ᠲᠡᠭᠷᠢ ᠶᠢᠨ ᠵᠠᠷᠯᠢᠭ ᠬᠠᠨ ᠶᠠᠭᠠᠷᠠᠨ ᠦᠭᠦᠯᠡᠮᠦ᠄ ᠨᠢᠭᠡᠨᠲᠡ ᠲᠡᠮᠦᠵᠢᠨ ᠤᠯᠤᠰ | ᠪᠠᠷᠢᠲᠤᠭᠠᠢ ᠬᠡᠮᠡᠮᠦ᠂ ᠨᠢᠭᠡᠨᠲᠡ ᠬᠠᠰᠠᠷ ᠢ ᠬᠡᠮᠡᠮᠦ᠂ ᠬᠠᠰᠠᠷ ᠢ ᠡᠰᠡ ᠨᠠᠶᠢᠳᠠᠪᠠᠰᠤ ᠮᠡᠳᠡᠭᠡ ᠦᠭᠡᠢ ᠪᠣᠢ ᠶᠠ︾ | ᠬᠡᠮᠡᠭᠰᠡᠨ ᠳᠤ ᠴᠢᠩᠭᠢᠰ ᠬᠠᠭᠠᠨ ᠮᠥᠨ ᠰᠥᠨᠢ ᠮᠣᠷᠢᠯᠠᠵᠤ ᠬᠠᠰᠠᠷ ᠢ ᠪᠠᠷᠢᠬᠤ ᠪᠠᠷ ᠣᠳᠪᠠᠰᠤ᠂ ᠬᠦᠴᠢ ᠬᠦᠬᠡᠴᠦ | ᠬᠤᠶᠠᠷ ︽ᠬᠠᠰᠠᠷ ᠢ ᠪᠠᠷᠢᠷ᠎ᠠ ᠣᠳᠪᠠ︾ ᠬᠡᠮᠡᠨ ᠥᠭᠡᠯᠦᠨ ᠡᠬᠡ ᠳᠤ ᠬᠡᠯᠡᠵᠦ ᠥᠭᠪᠡ᠃ ᠥᠭᠡᠯᠦᠨ ᠡᠬᠡ ᠮᠡᠳᠡᠭᠡᠳ | ᠰᠥᠨᠢ ᠪᠥᠭᠡᠳ ᠤᠳᠠᠭᠠᠷᠠᠨ ᠴᠠᠭᠠᠨ ᠲᠡᠮᠡᠭᠡ ᠬᠥᠯᠵᠦ ᠬᠠᠷᠠᠭᠤᠳᠠᠢ ᠲᠡᠷᠭᠡᠲᠡᠢ ᠰᠥᠨᠢᠳᠡ ᠲᠤᠯᠤᠨ ᠵᠣᠷᠴᠢᠵᠤ᠂ | ᠨᠠᠷᠠᠨ ᠤᠷᠭᠤᠬᠤᠢ ᠯᠤᠭ᠎ᠠ ᠬᠦᠷᠪᠡᠰᠦ ᠴᠢᠩᠭᠢᠰ ᠬᠠᠭᠠᠨ ᠬᠠᠰᠠᠷ ᠤᠨ ᠬᠠᠨᠴᠤᠳ ᠤᠶᠠᠵᠤ ᠮᠠᠯᠠᠭᠠᠢ ᠪᠦᠰᠡ ᠶᠢ ᠨᠢ | ᠠᠪᠴᠤ ᠦᠭᠡ ᠠᠰᠠᠭᠤᠵᠤ ᠪᠦᠬᠦᠢ ᠳᠤᠷ ᠡᠬᠡ ᠳᠤ ᠬᠦᠷᠲᠡᠵᠦ᠂ ᠴᠢᠩᠭᠢᠰ ᠬᠠᠭᠠᠨ ᠬᠡᠶᠡᠰᠴᠤ ᠡᠬᠡ ᠠᠴᠠ ᠡᠮᠢᠶᠡᠪᠡ᠃ | ᠡᠬᠡ ᠠᠭᠤᠷᠯᠠᠵᠤ ᠬᠦᠷᠴᠦ ᠲᠡᠷᠭᠡᠨ ᠠᠴᠠ ᠪᠠᠭᠤᠭᠠᠳ᠂ ᠡᠬᠡ ᠥᠪᠡᠰᠦᠪᠡᠨ ᠬᠠᠰᠠᠷ ᠤᠨ ᠤᠶᠠᠭᠰᠤᠨ ᠬᠠᠨᠴᠤᠳ | ᠲᠠᠶᠢᠯᠵᠤ ᠲᠠᠯᠪᠢᠭᠠᠳ ᠮᠠᠯᠠᠭᠠᠢ ᠪᠦᠰᠡ ᠢᠨᠦ ᠬᠠᠰᠠᠷ ᠲᠤ ᠥᠭᠴᠦ᠂ ᠡᠬᠡ ᠬᠢᠯᠢᠩᠯᠡᠵᠦ ᠠᠭᠤᠷ ᠢᠶᠠᠨ ᠳᠠᠷᠤᠨ ᠶᠠᠳᠠᠨ | ᠵᠠᠪᠢᠯᠠᠨ ᠰᠠᠭᠤᠵᠤ ᠬᠤᠶᠠᠷ ᠬᠥᠬᠦᠳ ᠢᠶᠠᠨ ᠭᠠᠷᠭᠠᠵᠤ ᠡᠪᠦᠳᠦᠭ ᠳᠡᠭᠦᠭᠡᠨ ᠪᠢᠰᠠᠷᠢᠭᠤᠯᠵᠤ ᠥᠭᠦᠯᠡᠷᠦᠨ᠄ ︽ | ᠦᠵᠡᠪᠠᠶᠤ︖ ᠬᠥᠬᠦᠭᠰᠡᠨ ᠬᠥᠮᠥᠨ ᠲᠠᠨᠢ ᠡᠨᠡ ᠪᠣᠢ᠃ ᠡᠳᠡ ᠬᠠᠲᠠᠯᠤᠨ ᠳᠠᠬᠤᠨ ᠬᠠᠷᠪᠢᠰᠤ ᠬᠠᠵᠠᠭᠰᠠᠳ᠂ | ᠬᠦᠢ ᠪᠠᠨ ᠲᠠᠰᠤᠯᠤᠭᠰᠠᠳ︕ ᠬᠠᠰᠠᠷ ᠶᠠᠭᠠᠬᠢᠪᠠ︖ ᠲᠡᠮᠦᠵᠢᠨ ᠡᠨᠡ ᠨᠢᠭᠡᠨ ᠬᠥᠬᠦ ᠪᠠᠷᠠᠬᠤ ᠪᠦᠯᠦᠭᠡ᠃ | ᠬᠠᠴᠢᠭᠤᠨ ᠣᠳᠴᠢᠬᠢᠨ ᠬᠤᠶᠠᠭᠤᠯᠠ ᠪᠣᠯᠵᠤ ᠨᠢᠭᠡᠨ ᠬᠥᠬᠦ ᠦᠯᠦ ᠪᠠᠷᠠᠬᠤ ᠪᠦᠯᠦᠭᠡ᠃ ᠬᠠᠰᠠᠷ ᠪᠥᠷᠥᠨ ᠬᠤᠶᠠᠷ | ᠬᠥᠬᠦᠨ ᠮᠢᠨᠤ ᠪᠠᠷᠠᠵᠤ᠂ ᠴᠡᠭᠡᠵᠢ ᠮᠢᠨᠤ ᠠᠭᠤᠢ ᠪᠣᠯᠲᠠᠯ᠎ᠠ ᠠᠮᠤᠷᠯᠢᠭᠤᠯᠵᠤ᠂ ᠴᠡᠭᠡᠵᠢ ᠠᠭᠤᠢ ᠪᠣᠯᠬᠤ ᠪᠦᠯᠦᠭᠡ᠃ | ᠲᠡᠭᠦᠪᠡᠷ ᠡᠷᠳᠡᠮᠲᠦ ᠲᠡᠮᠦᠵᠢᠨ ᠮᠢᠨᠤ ᠴᠡᠭᠡᠵᠢ ᠡᠷᠳᠡᠮᠲᠦ᠂ | ᠬᠠᠰᠠᠷ ᠮᠢᠨᠤ ᠬᠠᠪᠤ ᠬᠦᠴᠦ ᠡᠷᠳᠡᠮᠲᠦ ᠲᠤᠯᠠ᠂ | ᠬᠠᠷᠪᠤᠴᠢᠵᠤ ᠭᠠᠷᠤᠭᠰᠠᠨ ᠢ ᠬᠠᠷᠪᠤᠵᠤ ᠣᠷᠣᠭᠤᠯᠬᠤ ᠪᠦᠯᠦᠭᠡ᠃ | ᠤᠭᠴᠠᠳᠴᠤ ᠭᠠᠷᠤᠭᠰᠠᠨ ᠢ | ᠤᠨᠳᠤᠴᠢᠵᠤ ᠣᠷᠣᠭᠤᠯᠬᠤ ᠪᠦᠯᠦᠭᠡ᠃ ᠡᠳᠦᠭᠡ ᠳᠠᠶᠢᠰᠤᠨ ᠬᠥᠮᠥᠨ ᠢ ᠮᠤᠬᠤᠳᠬᠤᠢ ᠬᠡᠮᠡᠨ ᠬᠠᠰᠠᠷ ᠢ | ᠦᠵᠡᠨ ᠶᠠᠳᠠᠮᠤᠢ ᠲᠠ︾ ᠬᠡᠮᠡᠪᠡ᠃ ᠡᠬᠡ ᠶᠢ ᠠᠮᠤᠷᠯᠢᠭᠤᠯᠤᠨ ᠪᠠᠷᠠᠵᠤ᠂ ᠴᠢᠩᠭᠢᠰ ᠬᠠᠭᠠᠨ ᠤ ᠬᠡᠯᠡᠭᠰᠡᠨ ᠨᠢ᠄ ︽ | ᠡᠬᠡ ᠶᠢ ᠬᠢᠯᠢᠩᠯᠡᠭᠳᠡᠵᠦ ᠠᠶᠤᠨ ᠪᠠ ᠠᠶᠤᠪᠠ᠂ ᠢᠴᠢᠨ ᠪᠠ ᠢᠴᠢᠪᠡ ᠪᠢ︾ ᠬᠡᠮᠡᠨ ᠪᠤᠷᠤᠭᠤ ᠪᠠᠨ ᠮᠡᠳᠡᠵᠦ | ᠨᠢᠴᠤᠶ᠎ᠠ ᠪᠢᠳᠠ ᠬᠡᠮᠡᠨ ᠨᠢᠴᠤᠪᠠᠢ᠃ ᠭᠡᠪᠡᠴᠦ ᠬᠤᠵᠢᠮ ᠨᠢ ᠡᠬᠡ ᠳᠤ ᠦᠯᠦ ᠮᠡᠳᠡᠭᠦᠯᠦᠨ ᠡᠴᠢᠨᠡᠭᠦᠨ ᠬᠠᠰᠠᠷ ᠤᠨ | ᠢᠷᠭᠡᠨ ᠢᠨᠦ ᠠᠪᠴᠤ᠂ ᠬᠠᠰᠠᠷ᠎ᠠ ᠰᠠᠶ᠋ᠢ ᠮᠢᠩᠭᠠᠨ ᠳᠥᠷᠪᠡᠨ ᠵᠠᠭᠤᠭᠠᠳ ᠢᠷᠭᠡᠨ ᠥᠭᠪᠡ᠃ ᠥᠭᠡᠯᠦᠨ ᠡᠬᠡ | ᠮᠡᠳᠡᠵᠦ ᠲᠡᠷᠡ ᠰᠡᠳᠬᠢᠯ ᠳᠤᠷ ᠦᠳᠲᠡᠷ ᠳᠤᠨᠳᠠᠯᠠᠵᠤ ᠦᠬᠦᠨ ᠦᠬᠦᠲᠡᠯ᠎ᠡ ᠭᠤᠨᠢᠶᠠᠪᠠ᠃ ᠬᠠᠰᠠᠷ ᠤᠨ ᠪᠠᠶᠢᠷᠢ | ᠳᠣᠣᠷᠠᠬᠢ ᠵᠠᠯᠠᠶᠢᠳᠠᠢ ᠵᠡᠪᠡᠭᠡ ᠲᠡᠨᠳᠡ ᠬᠤᠯᠵᠢᠵᠤ ᠪᠠᠷᠭᠤᠵᠢᠨ ᠣᠷᠣᠨ ᠳᠤᠷ ᠲᠡᠮᠦᠬᠡ ᠣᠳᠴᠢᠬᠢᠨ ᠬᠠᠷᠢᠶᠠᠷᠲᠠᠨ | ᠢᠷᠭᠡᠨ ᠲᠢᠪ ᠲᠡᠭᠷᠢ ᠳᠤᠷ ᠣᠳᠴᠤᠬᠤᠢ᠃ ᠣᠳᠴᠢᠬᠢᠨ ᠨᠣᠶᠠᠨ ᠣᠳᠣᠭᠰᠠᠨ ᠢᠷᠭᠡᠨ ᠢᠶᠠᠨ ᠭᠤᠶᠤᠷ᠎ᠠ ᠰᠣᠬᠤᠷ | ᠨᠡᠷᠡᠲᠦ ᠡᠯᠴᠢ ᠪᠠᠨ ᠢᠯᠡᠭᠡᠵᠦᠬᠦᠢ᠃ ᠲᠢᠪ ᠲᠡᠭᠷᠢ ᠰᠣᠬᠤᠷ ᠨᠡᠷᠡᠲᠦ ᠡᠯᠴᠢ ᠳᠤ ᠬᠡᠯᠡᠭᠰᠡᠨ ᠨᠢ᠄ ︽ᠣᠳᠴᠢᠬᠢᠨ ᠲᠠ | ᠵᠢᠷᠠᠨ ᠡᠯᠴᠢᠲᠡᠨ ᠪᠣᠯᠵᠤᠬᠤᠢ︾ ᠬᠡᠮᠡᠵᠦ᠂ ᠰᠣᠬᠤᠷ ᠡᠯᠴᠢ ᠶᠢ ᠢᠨᠦ ᠠᠰᠬᠢᠵᠤ ᠶᠠᠪᠠᠭᠠᠨ ᠡᠮᠡᠰ ᠢᠨᠦ ᠬᠦᠷᠭᠡᠵᠦ | ᠬᠠᠷᠢᠭᠤᠯᠵᠤᠬᠤᠢ᠃ ᠣᠳᠴᠢᠬᠢᠨ ᠰᠣᠬᠤᠷ ᠡᠯᠴᠢ ᠪᠠᠨ ᠠᠰᠬᠢᠵᠤ ᠶᠠᠪᠠᠭᠠᠨ ᠢᠯᠡᠭᠡᠭᠳᠡᠵᠦ᠂ ᠮᠠᠨᠠᠭᠠᠷᠠᠰᠢ ᠣᠳᠴᠢᠬᠢᠨ | ᠥᠪᠡᠰᠦᠪᠡᠨ ᠲᠢᠪ ᠲᠡᠭᠷᠢ ᠳᠤᠷ ᠣᠳᠴᠤ ᠬᠡᠯᠡᠭᠰᠡᠨ ᠨᠢ᠄ ︽ᠰᠣᠬᠤᠷ ᠡᠯᠴᠢ ᠪᠠᠨ ᠢᠯᠡᠭᠡᠪᠡᠰᠦ ᠠᠰᠬᠢᠵᠤ ᠶᠠᠪᠠᠭᠠᠨ | ᠢᠯᠡᠭᠡᠵᠦᠬᠦ᠃ ᠡᠳᠦᠭᠡ ᠪᠢ ᠢᠷᠭᠡᠨ ᠢᠶᠠᠨ ᠭᠤᠶᠤᠷ᠎ᠠ ᠢᠷᠠᠪᠠ︾ ᠬᠡᠮᠡᠪᠡ᠃ ᠳᠣᠯᠣᠭᠠᠨ ᠬᠤᠩᠬᠤᠲᠠᠨ ᠣᠳᠴᠢᠬᠢᠨ | ᠨᠣᠶᠠᠨ ᠢ ᠠᠳᠡ ᠠᠴᠠ ᠲᠡᠨᠳᠡ ᠠᠴᠠ ᠬᠠᠭᠠᠵᠤ ︽ᠰᠣᠬᠤᠷ ᠡᠯᠴᠢ ᠪᠠᠨ ᠢᠯᠡᠭᠡᠬᠦ ᠴᠢᠨᠦ ᠵᠥᠪ ᠪᠣᠢ︾ ᠬᠡᠮᠡᠵᠦ᠂ | ᠪᠠᠷᠢᠬᠤ ᠠᠴᠠ ᠲᠣᠰᠬᠤ ᠠᠴᠠ ᠬᠢᠭᠲᠡᠷᠤᠨ ᠠᠶᠤᠵᠤ ᠣᠳᠴᠢᠬᠢᠨ ᠨᠣᠶᠠᠨ ᠬᠡᠯᠡᠭᠰᠡᠨ ᠨᠢ᠄ ︽ᠡᠯᠴᠢ ᠢᠯᠡᠭᠡᠬᠦ ᠮᠢᠨᠤ | ᠪᠤᠷᠤᠭᠤ︾ ᠬᠡᠮᠡᠪᠡ᠃ ᠳᠣᠯᠣᠭᠠᠨ ᠬᠤᠩᠬᠤᠲᠠᠨ ᠬᠡᠯᠡᠭᠰᠡᠨ ᠨᠢ᠄ ︽ᠪᠤᠷᠤᠭᠤ ᠬᠡᠮᠡᠪᠡᠰᠦ ᠨᠠᠮᠠᠨᠴᠢᠯᠠᠨ ᠰᠥᠭᠦᠳ︾ | ᠬᠡᠮᠡᠵᠦ ᠲᠢᠪ ᠲᠡᠭᠷᠢ ᠶᠢᠨ ᠬᠤᠶᠢᠨ᠎ᠠ ᠠᠴᠠ ᠰᠥᠭᠦᠳᠬᠡᠵᠦᠬᠦᠢ᠃ ᠢᠷᠭᠡᠨ ᠢᠶᠠᠨ ᠡᠰᠡ ᠥᠭᠲᠡᠭᠡᠵᠦ ᠣᠳᠴᠢᠬᠢᠨ | ᠮᠠᠨᠠᠭᠠᠷᠠᠰᠢ ᠡᠷᠲᠡ ᠴᠢᠩᠭᠢᠰ ᠬᠠᠭᠠᠨ ᠢ ᠪᠣᠰᠬ᠎ᠠ ᠡᠳᠤᠶᠡ ᠣᠷᠣᠨ ᠳᠣᠲᠣᠷ᠎ᠠ ᠪᠦᠬᠦᠢ ᠳᠤᠷ ᠣᠷᠣᠵᠤ ᠤᠬᠢᠯᠠᠭᠠᠳ | ᠰᠥᠭᠦᠳᠴᠦ ᠤᠴᠢᠷ ᠢᠶᠠᠨ ᠨᠢᠭᠡᠳ ᠨᠢᠭᠡ ᠪᠠᠷ ᠲᠣᠭᠠᠴᠢᠨ ᠬᠡᠯᠡᠭᠡᠳ ᠤᠬᠢᠯᠠᠪᠠ᠃ ᠴᠢᠩᠭᠢᠰ ᠬᠠᠭᠠᠨ ᠳᠣᠩᠭᠤᠳᠤᠭᠠ | ᠡᠳᠦᠶᠡ ᠪᠦᠷᠳᠡ ᠥᠵᠢᠨ ᠣᠷᠣᠨ ᠳᠣᠲᠣᠷ᠎ᠠ ᠥᠨᠳᠡᠶᠢᠵᠦ ᠰᠠᠭᠤᠵᠤ᠂ ᠬᠥᠨᠵᠢᠯᠡ ᠶᠢᠨ ᠵᠠᠬ᠎ᠠ ᠪᠠᠷ ᠡᠪᠴᠢᠭᠦᠦ ᠪᠠᠨ | ᠲᠦᠢᠳᠴᠤ᠂ ᠣᠳᠴᠢᠬᠢᠨ ᠤ ᠤᠬᠢᠯᠠᠬᠤ ᠶᠢ ᠦᠵᠡᠵᠦ ᠨᠢᠯᠪᠤᠰᠤ ᠠᠯᠳᠠᠭᠠᠳ ᠬᠡᠯᠡᠭᠰᠡᠨ ᠨᠢ᠄ ︽ᠶᠠᠭᠠᠬᠢᠭᠰᠠᠨ | ᠬᠤᠩᠬᠤᠲᠠᠨ ᠲᠡᠳᠡ︕ ᠣᠳᠴᠢᠬᠢᠨ ᠬᠠᠰᠠᠷ ᠢ ᠥᠮᠥᠭᠡᠷᠡᠵᠦ ᠵᠠᠨᠴᠢᠵᠤ ᠪᠤᠯᠠᠢ︕ ᠡᠳᠦᠭᠡ ᠪᠠᠰᠠ ᠡᠨᠡ | ᠣᠳᠴᠢᠬᠢᠨ ᠢ ᠶᠠᠭᠠᠬᠢᠨ ᠠᠴᠠᠭᠠᠨ ᠰᠥᠭᠦᠳᠬᠡᠮᠤᠢ︕ ᠶᠠᠮᠪᠠᠷ ᠶᠣᠰᠣᠨ ᠪᠣᠯᠣᠮᠤᠢ︖ ᠡᠳᠡ ᠴᠥᠬᠦᠷᠰᠦ ᠨᠠᠷᠠᠰᠤ | ᠮᠡᠲᠦᠰ ᠳᠡᠭᠦᠦ ᠨᠠᠷ ᠢ ᠴᠢᠨᠦ ᠡᠶᠢᠨ ᠤᠶᠢᠰᠤᠯᠠᠯᠳᠤᠮᠤᠢ᠃ ᠦᠨᠡᠨ ᠢᠶᠠᠷ ᠮᠥᠨᠥ ᠬᠤᠶᠢᠨ᠎ᠠ | ᠨᠡᠭᠦᠯ᠎ᠡ ᠮᠡᠲᠦ ᠪᠡᠶ᠎ᠡ ᠴᠢᠨᠦ | ᠨᠡᠬᠦᠰ ᠣᠳᠪᠠᠰᠤ | ᠨᠡᠶᠢᠳᠬᠡᠯ ᠮᠡᠲᠦ ᠤᠯᠤᠰ ᠴᠢᠨᠦ | ᠭᠡᠨ᠎ᠡ ᠮᠡᠳᠡᠭᠦᠯᠬᠦᠨ ᠲᠡᠳᠡ︖ | ᠳᠣᠯᠤ ᠮᠡᠲᠦ ᠪᠡᠶ᠎ᠡ ᠴᠢᠨᠦ | ᠲᠤᠯᠪᠠᠰᠤ ᠣᠳᠪᠠᠰᠤ | ᠲᠤᠶᠠᠯ ᠮᠡᠲᠦ ᠤᠯᠤᠰ ᠴᠢᠨᠤ | ᠬᠡᠨ ᠮᠡᠳᠡᠬᠦᠯᠬᠦᠨ ᠲᠡᠳᠡ︖︾ ᠬᠡᠮᠡᠭᠡᠳ ᠨᠢᠯᠪᠤᠰᠤ ᠠᠯᠳᠠᠪᠠ᠃ ᠪᠦᠷᠳᠡ ᠥᠵᠢᠨ ᠤ ᠡᠨᠡ ᠦᠭᠡ ᠳᠤ | ᠴᠢᠩᠭᠢᠰ ᠬᠠᠭᠠᠨ ᠣᠳᠴᠢᠬᠢᠨᠠ ᠬᠡᠯᠡᠭᠰᠡᠨ ᠨᠢ᠄ ︽ᠲᠢᠪ ᠲᠡᠭᠷᠢ ᠡᠳᠦᠭᠡ ᠢᠷᠡᠬᠦ᠂ ᠴᠢᠳᠠᠬᠤᠢ ᠠᠴᠠ ᠭᠡᠷ ᠪᠠ | ᠦᠢᠯᠡᠳᠪᠡᠰᠦ ᠴᠢ ᠮᠡᠳᠡ︾ ᠬᠡᠮᠡᠪᠡ᠃ ᠣᠳᠴᠢᠬᠢᠨ ᠭᠠᠷᠴᠤ ᠣᠴᠢᠭᠠᠳ ᠭᠤᠷᠪᠠᠨ ᠭᠤᠷᠪᠠᠨ ᠪᠥᠬᠡᠰ ᠢ ᠪᠡᠯᠡᠳᠴᠦ | ᠪᠠᠶᠢᠪᠠ᠃ ᠬᠤᠷᠣᠮ ᠤᠳ ᠠᠲᠠᠯ᠎ᠠ ᠮᠥᠩᠯᠢᠭ ᠡᠴᠢᠭᠡ ᠳᠣᠯᠣᠭᠠᠨ ᠬᠥᠪᠡᠭᠦᠨ ᠯᠦᠭᠡ ᠪᠠᠨ ᠢᠷᠠᠵᠤ᠂ ᠳᠣᠯᠣᠭᠠᠨ ᠪᠦᠷᠢ | ᠣᠷᠣᠵᠤ ᠲᠢᠪ ᠲᠡᠭᠷᠢ ᠲᠥᠰᠥᠷᠬᠡ ᠶᠢᠨ ᠪᠠᠷᠠᠭᠤᠨ ᠡᠲᠡᠭᠡᠳ ᠰᠠᠭᠤᠬᠤᠢ ᠯᠤᠭ᠎ᠠ ᠣᠳᠴᠢᠬᠢᠨ᠂ ᠲᠢᠪ ᠲᠡᠭᠷᠢ ᠶᠢᠨ | ᠵᠠᠬ᠎ᠠ ᠠᠨᠤ ᠪᠠᠷᠢᠵᠤ ︽ᠦᠴᠡᠬᠡᠨ ᠡᠳᠦᠷ ᠨᠠᠮᠠᠶᠢ ᠨᠠᠮᠠᠨᠴᠢᠯᠠᠨ ᠪᠦᠯᠦᠭᠡ ᠴᠢ᠂ ᠰᠥᠷᠢᠯᠳᠦᠶᠡ︕︾ ᠬᠡᠮᠡᠵᠦ ᠵᠠᠬ᠎ᠠ | ᠡᠭᠦᠳᠡᠨ ᠵᠦᠭ ᠴᠢᠷᠪᠡ᠃ ᠲᠢᠪ ᠲᠡᠭᠷᠢ ᠣᠳᠴᠢᠬᠢᠨ ᠤ ᠡᠰᠡᠷᠭᠦ ᠪᠠᠷᠢᠵᠤ ᠪᠠᠷᠢᠯᠳᠤᠪᠠ᠃ ᠲᠢᠪ ᠲᠡᠭᠷᠢ ᠶᠢᠨ ᠮᠠᠯᠠᠭᠠᠢ | ᠪᠠᠷᠢᠯᠳᠤᠬᠤ ᠳᠤᠷ ᠭᠤᠯᠣᠮᠲᠠ ᠲᠡᠷᠢᠭᠦᠨ᠎ᠡ ᠤᠨᠠᠪᠠ᠃ ᠮᠥᠩᠯᠢᠭ ᠡᠴᠢᠭᠡ ᠮᠠᠯᠠᠭᠠᠢ ᠢᠨᠦ ᠠᠪᠴᠤ ᠦᠨᠦᠰᠴᠦ | ᠡᠪᠦᠷ ᠲᠤᠷ ᠢᠶᠠᠨ ᠲᠠᠯᠪᠢᠪᠠ᠃ ᠴᠢᠩᠭᠢᠰ ᠬᠠᠭᠠᠨ ᠬᠡᠯᠡᠭᠰᠡᠨ ᠨᠢ᠄ ︽ᠭᠠᠷᠴᠤ ᠪᠥᠬᠡ ᠬᠦᠴᠢ ᠲᠡᠮᠡᠴᠡᠯᠳᠦᠭᠲᠦᠨ︾ | ᠭᠡᠪᠡ᠃ ᠣᠳᠴᠢᠬᠢᠨ ᠲᠢᠪ ᠲᠡᠭᠷᠢ ᠶᠢ ᠴᠢᠷᠴᠦ ᠭᠠᠷᠭᠠᠭᠠᠳ᠂ ᠡᠭᠦᠳᠡᠨ ᠪᠣᠱᠤᠭ᠎ᠠ ᠵᠠᠭᠤᠷ᠎ᠠ ᠤᠷᠢᠲᠠ ᠪᠡᠯᠡᠳᠦᠭᠰᠡᠨ | ᠭᠤᠷᠪᠠᠨ ᠪᠦᠬᠡᠰ ᠡᠰᠡᠷᠭᠦ ᠲᠢᠪ ᠲᠡᠭᠷᠢ ᠶᠢ ᠪᠠᠷᠢᠭᠠᠳ ᠴᠢᠷᠴᠦ ᠭᠠᠷᠴᠤ ᠨᠢᠷᠤᠭᠤ ᠠᠨᠤ ᠬᠤᠭᠤᠯᠵᠤ ᠵᠡᠭᠦᠨ | ᠡᠲᠡᠭᠡᠳ ᠤᠨ ᠲᠡᠷᠭᠡᠳ ᠤᠨ ᠦᠵᠦᠭᠦᠷ᠎ᠡ ᠤᠭᠤᠷᠴᠤ᠂ ᠣᠳᠴᠢᠬᠢᠨ ᠣᠷᠣᠵᠤ ᠬᠡᠯᠡᠭᠰᠡᠨ ᠨᠢ᠄ ︽ᠲᠢᠪ ᠲᠡᠭᠷᠢ ᠨᠠᠮᠠᠶᠢ | ᠨᠠᠮᠠᠨᠴᠢᠯᠠᠨ ᠪᠦᠯᠦᠭᠡ᠃ ᠰᠤᠷᠢᠯᠳᠤᠶᠡ ᠭᠡᠪᠡᠰᠦ ᠦᠯᠦ ᠪᠣᠯᠣᠨ ᠠᠷᠭᠠᠯᠠᠵᠤ ᠬᠡᠪᠲᠡᠮᠦ᠃ ᠴᠠᠭᠲᠤ ᠨᠥᠬᠦᠷ ᠠᠵᠤᠭᠤ︾ | ᠭᠡᠪᠡᠰᠦ ᠮᠥᠩᠯᠢᠭ ᠡᠴᠢᠭᠡ ᠤᠬᠠᠵᠤ ᠨᠢᠯᠪᠤᠰᠤ ᠠᠯᠳᠠᠭᠠᠳ ᠬᠡᠯᠡᠭᠰᠡᠨ ᠨᠢ᠄ ︽ᠲᠠᠶᠢᠷ ᠡᠲᠦᠭᠡᠨ ᠢ ᠲᠡᠭᠡᠯᠰᠦᠨ | ᠲᠡᠳᠦᠢ ᠪᠦᠬᠦᠢ ᠠᠴᠠ ᠳᠠᠯᠠᠢ ᠮᠥᠷᠡᠨ ᠢ ᠭᠤᠷᠣᠬᠠᠨ ᠲᠡᠳᠦᠢ ᠪᠦᠬᠦᠢ ᠠᠴᠠ ᠨᠥᠭᠴᠢᠪᠡ ᠪᠢ︾ ᠬᠡᠮᠡᠨ ᠬᠡᠯᠡᠵᠦ | ᠪᠠᠷᠠᠬᠤ ᠠᠴᠠ ᠤᠷᠢᠳ ᠵᠢᠷᠭᠤᠭᠠᠨ ᠬᠤᠩᠬᠤᠲᠠᠨ ᠬᠥᠪᠡᠭᠦᠳ ᠢᠨᠦ ᠡᠭᠦᠳᠡ ᠪᠦᠰᠦᠵᠦ ᠭᠤᠯᠣᠮᠲᠠ ᠲᠣᠭᠤᠷᠢᠨ | ᠪᠠᠶᠢᠵᠤ ᠬᠠᠨᠴᠤᠢ ᠳᠤ ᠰᠢᠮᠠᠯᠭᠠᠳᠠᠷᠤᠨ᠂ ᠴᠢᠩᠭᠢᠰ ᠬᠠᠭᠠᠨ ᠭᠡᠷᠯᠡᠵᠦ ᠰᠢᠬᠠᠭᠳᠠᠵᠤ᠂ ︽ᠵᠠᠶᠢᠯᠠ︕ ᠭᠠᠷᠤᠶ᠎ᠠ︾ | ᠬᠡᠮᠡᠭᠡᠳ ᠭᠠᠷᠬᠤ ᠯᠤᠭ᠎ᠠ ᠴᠢᠩᠭᠢᠰ ᠬᠠᠭᠠᠨ ᠢ ᠣᠷᠴᠢᠨ ᠬᠤᠷᠴᠢᠨ ᠲᠣᠷᠬᠠᠭ ᠤᠳ ᠲᠣᠭᠤᠷᠢᠨ ᠪᠠᠶᠢᠪᠠᠢ᠃ ᠲᠢᠪ | ᠲᠡᠭᠷᠢ ᠶᠢ ᠲᠡᠷᠭᠡᠳ ᠤᠨ ᠦᠵᠦᠭᠦᠷ᠎ᠡ ᠨᠢᠷᠤᠭᠤ ᠬᠤᠭᠤᠯᠵᠤ ᠤᠭᠤᠷᠤᠭᠰᠠᠨ ᠢ ᠴᠢᠩᠭᠢᠰ ᠬᠠᠭᠠᠨ ᠦᠵᠡᠵᠦ᠂ | ᠬᠤᠶᠢᠲᠤᠭᠤᠯ ᠠᠴᠠ ᠨᠢᠭᠡᠨ ᠪᠣᠷᠣ ᠬᠤᠰᠢᠯᠢᠭ ᠠᠪᠴᠢᠷᠠᠭᠤᠯᠵᠤ ᠲᠢᠪ ᠲᠡᠭᠷᠢ ᠶᠢᠨ ᠳᠡᠭᠡᠷ᠎ᠡ ᠢᠨᠦ ᠲᠠᠯᠪᠢᠭᠤᠯᠵᠤ ︽ | ᠬᠥᠯᠭᠡ ᠣᠷᠣᠭᠤᠯᠤᠭᠲᠤᠨ︕ ᠨᠡᠭᠦᠶ᠎ᠡ︾ ᠬᠡᠮᠡᠵᠦ ᠲᠡᠨᠳᠡ ᠠᠴᠠ ᠨᠡᠭᠦᠪᠡ᠃ ᠲᠢᠪ ᠲᠡᠭᠷᠢ ᠶᠢ ᠲᠠᠯᠪᠢᠭᠰᠠᠨ | ᠬᠤᠰᠢᠯᠢᠭ ᠤᠨ ᠡᠷᠦᠬᠡ ᠳᠦᠯᠢᠵᠦ ᠡᠭᠦᠳᠡ ᠳᠠᠷᠤᠵᠤ ᠢᠷᠠᠨ ᠰᠠᠬᠢᠭᠤᠯᠪᠠᠰᠤ ᠭᠤᠳᠠᠭᠠᠷ ᠰᠥᠨᠢ ᠡᠳᠦᠷ ᠰᠢᠷ᠎ᠠ ᠳᠤ | ᠭᠡᠷ ᠤᠨ ᠡᠷᠦᠬᠡ ᠨᠡᠭᠡᠭᠡᠵᠦ ᠪᠡᠶ᠎ᠡ ᠰᠡᠯᠲᠡ ᠭᠠᠷᠴᠤᠭᠤ᠃ ᠪᠣᠯᠭᠤᠪᠠᠰᠤ ᠮᠠᠭᠠᠳ ᠲᠢᠪ ᠲᠡᠭᠷᠢ ᠲᠡᠨᠳᠡ ᠪᠣᠯᠭᠤᠭᠳᠠᠪᠠ᠃ | ᠴᠢᠩᠭᠢᠰ ᠬᠠᠭᠠᠨ ᠬᠡᠯᠡᠭᠰᠡᠨ ᠨᠢ᠄ ︽ᠲᠢᠪ ᠲᠡᠭᠷᠢ ᠳᠡᠭᠦᠦ ᠳᠤᠷ ᠮᠢᠨᠤ ᠭᠠᠷ ᠬᠥᠯ ᠬᠦᠷᠭᠡᠭᠰᠡᠨ ᠤ ᠲᠤᠯᠠ᠂ | ᠳᠡᠭᠦᠦᠨᠡᠷ ᠤᠨ ᠮᠢᠨᠤ ᠵᠠᠭᠤᠷ᠎ᠠ ᠣᠷᠣ ᠦᠭᠡᠢ ᠵᠢᠩᠭᠦᠬᠦ ᠶᠢᠨ ᠲᠤᠯᠠ᠂ ᠲᠡᠭᠷᠢ ᠳᠤ ᠡᠰᠡ ᠲᠠᠭᠠᠯᠠᠭᠳᠠᠵᠤ ᠠᠮᠢ ᠪᠠᠨ | ᠪᠡᠶ᠎ᠡ ᠰᠡᠯᠲᠡ ᠠᠪᠴᠤ ᠣᠳᠳᠠᠪᠠ ᠶᠠ︾ ᠭᠡᠪᠡ᠃ ᠴᠢᠩᠭᠢᠰ ᠬᠠᠭᠠᠨ ᠮᠥᠩᠯᠢᠭ ᠡᠴᠢᠭᠡ ᠶᠢ ᠲᠡᠨᠳᠡ ᠳᠣᠩᠭᠤᠳᠣᠷᠤᠨ | ᠄ ︽ᠬᠥᠪᠡᠭᠦᠨ ᠶᠦᠭᠡᠨ ᠠᠪᠤᠷᠢ ᠦᠯᠦ ᠢᠳᠬᠠᠨ ᠲᠡᠩᠴᠡᠨ ᠰᠡᠳᠬᠢᠬᠦᠨ ᠪᠣᠯᠣᠨ᠂ ᠲᠢᠪ ᠲᠡᠭᠷᠢ ᠶᠢᠨ ᠲᠡᠷᠢᠭᠦᠨ ᠳᠤᠷ | ᠬᠦᠷᠪᠡᠢ ᠲᠠ︕ ᠲᠠᠨ ᠤ ᠲᠡᠶᠢᠮᠦ ᠠᠪᠤᠷᠢ ᠦᠯᠦ ᠢᠳᠬᠠᠭᠰᠠᠨ ᠪᠥᠬᠡᠰᠣ ᠵᠠᠮᠤᠬ᠎ᠠ᠂ ᠠᠯᠲᠠᠨ ᠬᠤᠴᠢᠷ ᠲᠠᠨ ᠤ | ᠶᠣᠰᠤᠲᠠᠨ ᠪᠣᠯᠭᠠᠲᠠᠬᠤᠨ ᠲᠠ︾ ᠬᠡᠮᠡᠵᠦ ᠮᠥᠩᠯᠢᠭ ᠡᠴᠢᠭᠡ ᠶᠢ ᠳᠣᠩᠭᠤᠳᠴᠤ᠂ ᠳᠣᠩᠭᠤᠳᠤᠨ ᠪᠠᠷᠢᠵᠤ ᠵᠢᠴᠢ ︽ | ᠮᠠᠨᠠᠭᠠᠷᠴᠤ ᠥᠭᠦᠯᠡᠭᠰᠡᠨ ᠢ ᠦᠳᠡᠰᠢ ᠤᠳᠠᠷᠠᠪᠠᠰᠤ᠂ ᠦᠳᠡ ᠶᠢᠨ ᠥᠭᠦᠯᠡᠭᠰᠡᠨ ᠢ ᠮᠠᠨᠠᠭᠠᠷ ᠤᠳᠠᠷᠠᠪᠠᠰᠤ᠂ ᠢᠴᠢᠷᠢ | ᠮᠠᠭ᠎ᠠ ᠬᠡᠮᠡᠭᠳᠡᠬᠦ ᠯᠡ︖ ᠤᠷᠢᠳᠤ ᠦᠭᠡ ᠪᠠᠷᠢᠯᠳᠤᠯᠭ᠎ᠠ᠂ ᠵᠠ ᠲᠠᠯᠢ︕︾ ᠬᠡᠮᠡᠨ ᠰᠣᠶᠣᠷᠬᠠᠵᠤ ᠵᠢᠴᠢ ᠵᠠᠶᠢᠷᠠᠪᠠ᠃ | ᠲᠢᠪ ᠲᠡᠭᠷᠢ ᠢ ᠦᠭᠡᠢ ᠪᠣᠯᠭᠠᠭᠠᠳ ᠬᠤᠩᠬᠤᠲᠠᠨ ᠴᠢᠷᠠᠢ ᠵᠢᠪᠳᠤᠷᠠᠵᠤᠬᠤᠢ ᠶᠠ᠃ |