ᠡᠰᠡᠨ ᠲᠠᠶᠢᠱᠢ ᠮᠢᠩ ᠤᠯᠤᠰ ᠤᠨ ᠬᠠᠭᠠᠨ ᠢ ᠣᠯᠵᠠᠯᠠᠭᠰᠠᠨ ᠨᠢ
ᠨᠡᠶᠢᠲᠡᠯᠡᠭᠰᠡᠨ ᠴᠠᠭ᠄
2017/12/6
    15 ᠳ᠋ᠤᠭᠠᠷ ᠵᠠᠭᠤᠨ ᠤ ᠳᠤᠮᠳᠠᠴᠢ ᠦᠶ᠎ᠡ ᠪᠠᠷ ᠮᠣᠩᠭᠤᠯ᠂ ᠣᠶᠢᠷᠠᠳ ᠤᠨ ᠨᠢᠭᠡᠳᠦᠯ ᠢ ᠳᠠᠭᠠᠯᠳᠤᠨ᠂ ᠮᠢᠩ ᠤᠯᠤᠰ ᠬᠤᠶᠢᠲᠤ ᠭᠤᠷᠪᠠᠨ ᠲᠠᠯ᠎ᠠ ᠪᠠᠷ ᠢᠶᠠᠨ ᠴᠥᠮ ᠳᠠᠶᠢᠰᠤᠩᠨᠠᠯ ᠳᠤ ᠤᠴᠠᠷᠠᠬᠤ ᠪᠠᠶᠢᠳᠠᠯ ᠳᠤ ᠣᠷᠣᠭᠰᠠᠨ ᠲᠤᠯᠠ ᠠᠷᠤ ᠬᠢᠯᠢ ᠶᠢᠨ ᠠᠶᠤᠯ ᠲᠦᠭᠰᠢᠭᠦᠷᠢ ᠪᠠᠨ ᠠᠷᠢᠯᠭᠠᠬᠤ ᠵᠣᠷᠢᠯᠭ᠎ᠠ ᠪᠠᠷ ᠤᠯᠤᠰ ᠲᠥᠷᠥ ᠶᠢᠨ ᠠᠷᠭ᠎ᠠ ᠠᠪᠬᠤ ᠨᠢ ᠳᠠᠮᠵᠢᠭ ᠦᠭᠡᠢ᠃ ᠡᠶᠢᠨ ᠬᠦ ᠮᠢᠩ ᠤᠯᠤᠰ ᠤᠨ ᠵᠠᠰᠠᠭ ᠤᠨ ᠭᠠᠵᠠᠷ ᠠᠴᠠ ᠳᠣᠶᠣᠨ ᠥᠨᠳᠥᠷ ᠤᠨ ᠤᠷᠢᠶᠠᠩᠬᠠᠢ᠂ ᠵᠥᠷᠴᠢᠳ ᠪᠠ ᠴᠢᠬᠢᠨ ᠮᠣᠩᠭᠤᠯ ᠵᠡᠷᠭᠡ ᠭᠠᠵᠠᠷ ᠤᠨ ᠡᠯ᠎ᠡ ᠤᠭᠰᠠᠭᠠᠲᠠᠨ ᠤ ᠹᠸᠤᠳᠠᠯ ᠨᠣᠶᠠᠳ ᠲᠤ ᠤᠳᠠᠭ᠎ᠠ ᠳᠠᠷᠠᠭ᠎ᠠ ᠵᠠᠬᠢᠶ᠎ᠠ ᠮᠡᠳᠡᠭᠡ ᠢᠯᠡᠭᠡᠵᠦ᠄ ︽ᠴᠢᠩᠭᠢᠰ ᠬᠠᠭᠠᠨ ᠪᠠ ᠶᠤᠸᠠᠨ ᠤᠯᠤᠰ ᠤᠨ ᠤᠭᠰᠠᠭ᠎ᠠ ᠤᠵᠠᠭᠤᠷ ᠲᠠᠰᠤᠷᠠᠭᠰᠠᠨ︾᠂ ︽ᠣᠶᠢᠷᠠᠳ ᠪᠣᠯ ᠶᠡᠷᠦ ᠠᠴᠠ ᠤᠮᠠᠷᠠᠲᠤ ᠮᠣᠩᠭᠤᠯ ᠣᠷᠣᠨ ᠤ ᠲᠠᠷᠠᠬᠠᠢ ᠪᠤᠲᠠᠷᠬᠠᠢ ᠨᠡᠭᠦᠳᠡᠯᠴᠢᠨ ᠶᠤᠮ᠃ ᠡᠳᠦᠭᠡ ᠲᠡᠳᠡᠨᠠᠷ ᠳᠤᠷ᠎ᠠ ᠵᠣᠷᠢᠭ ᠢᠶᠠᠷ ᠥᠪᠡᠷᠦᠨ ᠪᠡᠶ᠎ᠡ ᠪᠠᠨ ᠶᠤᠸᠠᠨ ᠤᠯᠤᠰ ᠤᠨ ᠬᠤᠶᠢᠴᠢᠰ ᠬᠡᠮᠡᠨ ᠬᠠᠭᠤᠷᠮᠠᠭ ᠨᠡᠷ᠎ᠡ ᠴᠣᠯᠠ ᠡᠷᠭᠦᠮᠵᠢᠯᠡᠭᠰᠡᠨ︾ ᠭᠡᠵᠦ ᠪᠠᠶᠢᠵᠠᠢ᠃ ᠡᠨᠡ ᠨᠢ ᠤᠮᠠᠷᠠᠲᠤ ᠶᠤᠸᠠᠨ ᠬᠢᠭᠡᠳ ᠮᠢᠩ ᠤᠯᠤᠰ ᠤᠨ ᠬᠤᠭᠤᠷᠣᠨᠳᠤ ᠳᠠᠶᠢᠨ ᠡᠭᠦᠰᠬᠦ ᠰᠢᠯᠲᠠᠭᠠᠨ ᠢ ᠪᠦᠷᠢᠯᠳᠦᠭᠦᠯᠵᠦ ᠪᠠᠶᠢᠭᠰᠠᠨ ᠶᠤᠮ᠃ ᠭᠡᠪᠡᠴᠦ ᠡᠨᠡ ᠨᠢ ᠵᠠᠪᠠᠯ ᠳᠠᠶᠢᠨ ᠭᠠᠷᠬᠤ ᠶᠢ ᠰᠢᠢᠳᠪᠦᠷᠢᠯᠡᠬᠦ ᠴᠢᠬᠤᠯᠠ ᠰᠢᠯᠲᠠᠭᠠᠨ ᠪᠢᠰᠢ᠂ ᠭᠤᠣᠯ ᠰᠢᠯᠲᠠᠭᠠᠨ ᠨᠢ ᠮᠢᠩ ᠤᠯᠤᠰ ᠠᠴᠠ ᠣᠶᠢᠷᠠᠳ ᠤᠨ ᠪᠠᠷᠢᠴᠠᠭᠠᠨ ᠤ ᠡᠯᠴᠢ ᠶᠢᠨ ᠲᠤᠭ᠎ᠠ ᠶᠢ ᠬᠢᠵᠠᠭᠠᠷᠯᠠᠭᠰᠠᠨ ᠳᠤ ᠣᠷᠣᠰᠢᠨ᠎ᠠ᠃ ᠮᠢᠩ ᠤᠯᠤᠰ ᠪᠣᠯᠣᠨ ᠣᠶᠢᠷᠠᠳ ᠤᠨ ᠬᠠᠷᠢᠴᠠᠭ᠎ᠠ 15 ᠳ᠋ᠤᠭᠠᠷ ᠵᠠᠭᠤᠨ ᠠᠴᠠ ᠡᠬᠢᠯᠡᠭᠰᠡᠨ ᠶᠤᠮ᠃ ᠨᠡᠭᠦᠳᠡᠯᠯᠡᠨ ᠮᠠᠯᠵᠢᠳᠠᠭ ᠣᠶᠢᠷᠠᠳ ᠲᠤ ᠠᠪᠴᠤ ᠬᠡᠯᠡᠪᠡᠯ᠂ ᠮᠠᠯ ᠤᠨ ᠠᠰᠢᠭ ᠰᠢᠮ᠎ᠡ ᠪᠠᠨ ᠪᠣᠷᠣᠯᠠᠭᠤᠯᠵᠤ᠂ ᠴᠡᠷᠢᠭ ᠳᠠᠶᠢᠨ ᠤ ᠬᠦᠷᠦᠯᠴᠡᠬᠦ᠋ᠢᠴᠡ ᠨᠥᠬᠦᠪᠦᠷᠢ ᠪᠣᠳᠠᠰ ᠪᠣᠯᠣᠨ ᠡᠳᠦᠷ ᠲᠤᠲᠤᠮ ᠤᠨ ᠠᠮᠢᠳᠤᠷᠠᠯ ᠳᠤ ᠬᠡᠷᠡᠭᠴᠡᠭᠡ ᠲᠠᠢ ᠬᠥᠳᠡᠭᠡ ᠠᠵᠤ ᠠᠬᠤᠢ ᠪᠠ ᠭᠠᠷ ᠦᠢᠯᠡᠳᠪᠦᠷᠢ ᠶᠢᠨ ᠪᠦᠲᠦᠭᠡᠭᠳᠡᠬᠦᠨ ᠰᠣᠯᠢᠵᠤ ᠠᠪᠬᠤ ᠶᠠᠪᠤᠳᠠᠯ ᠮᠠᠰᠢ ᠴᠢᠬᠤᠯᠠ ᠲᠠᠢ ᠪᠠᠶᠢᠭᠰᠠᠨ ᠤᠴᠢᠷ ᠶᠡᠷᠦ ᠠᠴᠠ ᠮᠢᠩ ᠤᠯᠤᠰ ᠲᠠᠢ ᠰᠣᠯᠢᠯᠴᠠᠭ᠎ᠠ ᠬᠢᠬᠦ ᠶᠢ ᠤᠭᠤᠷᠠᠭ᠎ᠠ ᠦᠭᠡᠢ ᠪᠥᠭᠡᠳ ᠰᠠᠨᠠᠭᠠᠴᠢᠯᠠᠭ᠎ᠠ ᠲᠠᠢ ᠪᠠᠷ ᠬᠥᠭᠵᠢᠭᠦᠯᠵᠦ ᠪᠠᠶᠢᠵᠠᠢ᠃ ᠲᠡᠳᠡ ᠵᠢᠯ ᠪᠦᠷᠢ ᠲᠣᠭᠲᠠᠭᠠᠯ ᠶᠣᠰᠣᠭᠠᠷ ᠮᠢᠩ ᠤᠯᠤᠰ ᠲᠤ ᠪᠠᠷᠢᠴᠠᠭᠠᠨ ᠤ ᠡᠯᠴᠢ ᠲᠣᠮᠢᠯᠠᠬᠤ ᠶᠢᠨ ᠬᠠᠮᠲᠤ᠂ ᠮᠠᠶᠢᠮᠠᠢ ᠬᠢᠯᠭᠡᠬᠦ ᠪᠠᠷ ᠡᠳᠦᠢ ᠲᠡᠳᠦᠢ ᠬᠤᠳᠠᠯᠳᠤᠭᠠᠴᠢᠨ ᠢᠯᠡᠭᠡᠳᠡᠭ ᠪᠠᠶᠢᠪᠠ᠃ ᠣᠶᠢᠷᠠᠳ ᠤᠨ ᠡᠯᠴᠢ ᠲᠦᠷᠦᠭᠦᠦ ᠵᠢᠯ ᠤᠨ ᠠᠷᠪᠠᠨ ᠰᠠᠷ᠎ᠠ ᠳᠤ ᠳ᠋ᠠᠲ᠋ᠦ᠋ᠩ ᠬᠦᠷᠴᠦ ᠠᠷᠪᠠᠨ ᠨᠢᠭᠡᠨ ᠰᠠᠷ᠎ᠠ ᠳᠤ ᠪᠡᠭᠡᠵᠢᠩ ᠣᠷᠣᠪᠠᠯ᠂ ᠳᠠᠷᠠᠭ᠎ᠠ ᠵᠢᠯ ᠤᠨ ᠬᠢᠨᠢ ᠴᠠᠭᠠᠨ ᠰᠠᠷ᠎ᠠ ᠪᠡᠭᠡᠵᠢᠩ ᠠᠴᠠ ᠭᠠᠷᠴᠤ᠂ ᠬᠤᠶᠠᠷ ᠰᠠᠷ᠎ᠠ ᠶᠢᠨ ᠦᠶ᠎ᠡ ᠪᠠᠷ ᠳ᠋ᠠᠲ᠋ᠦ᠋ᠩ ᠢ ᠳᠠᠭᠠᠷᠢᠵᠤ ᠤᠯᠤᠰ ᠲᠠᠭᠠᠨ ᠪᠤᠴᠠᠳᠠᠭ᠃ ᠡᠨᠡ ᠬᠤᠭᠤᠴᠠᠭᠠᠨ ᠳᠤ ᠣᠶᠢᠷᠠᠳ ᠤᠨ ᠡᠯᠴᠢᠰ ᠪᠡᠯᠡᠭ ᠰᠡᠯᠲᠡ ᠮᠣᠷᠢ ᠮᠠᠯ ᠢᠶᠠᠨ ᠮᠢᠩ ᠤᠯᠤᠰ ᠤᠨ ᠬᠠᠭᠠᠨ ᠳᠤ ᠡᠷᠭᠦᠭᠰᠡᠨ ᠤ ᠳᠠᠷᠠᠭ᠎ᠠ᠂ ᠪᠡᠭᠡᠵᠢᠩ ᠳ᠋ᠠᠲ᠋ᠦ᠋ᠩ ᠵᠡᠷᠭᠡ ᠬᠤᠲᠠ ᠪᠠᠯᠭᠠᠳ ᠢᠶᠠᠷ ᠮᠠᠶᠢᠮᠠᠢ ᠰᠣᠯᠢᠯᠴᠠᠭ᠎ᠠ ᠬᠢᠵᠦ ᠬᠡᠷᠡᠭᠴᠡᠭᠡ ᠲᠠᠢ ᠶᠠᠭᠤᠮ᠎ᠠ ᠬᠡᠦᠮ᠎ᠡ᠂ ᠪᠠᠷᠠᠭ᠎ᠠ ᠲᠠᠸᠠᠷ ᠢᠶᠠᠨ ᠬᠤᠳᠠᠯᠳᠤᠨ ᠠᠪᠴᠤ ᠪᠣᠯᠳᠠᠭ ᠪᠠᠶᠢᠵᠠᠢ᠃ ᠣᠶᠢᠷᠠᠳ ᠤᠨ ᠡᠯᠴᠢ ᠪᠤᠴᠠᠬᠤ ᠪᠠᠷ ᠮᠢᠩ ᠤᠯᠤᠰ ᠪᠠᠰᠠ ᠬᠠᠷᠢᠭᠤ ᠡᠯᠴᠢ ᠲᠣᠮᠢᠯᠠᠨ ᠳᠠᠭᠠᠭᠤᠯᠵᠤ ᠪᠠᠶᠢᠭᠰᠠᠨ ᠪᠥᠭᠡᠳ ᠳᠠᠷᠠᠭ᠎ᠠ ᠵᠢᠯ ᠤᠨ ᠲᠣᠭᠲᠠᠭᠰᠠᠨ ᠬᠤᠭᠤᠴᠠᠭᠠᠨ ᠳᠤ ᠣᠶᠢᠷᠠᠳ ᠤᠨ ᠡᠯᠴᠢ ᠢᠷᠡᠬᠦᠯᠡᠷ ᠲᠡᠳᠡ ᠮᠥᠨ ᠳᠠᠭᠠᠯᠴᠠᠨ ᠢᠷᠡᠳᠡᠭ ᠪᠠᠶᠢᠵᠠᠢ᠃ ᠣᠶᠢᠷᠠᠳ ᠤᠨ ᠡᠯᠴᠢᠰ ᠤᠨ ᠳ᠋ᠠᠲ᠋ᠦ᠋ᠩ᠂ ᠪᠡᠭᠡᠵᠢᠩ ᠳᠤ ᠪᠠᠶᠢᠬᠤ ᠬᠤᠭᠤᠴᠠᠭᠠᠨ ᠤ ᠣᠷᠣᠨ ᠰᠠᠭᠤᠴᠠ᠂ ᠢᠳᠡᠵᠦ ᠤᠤᠭᠤᠬᠤ ᠵᠡᠷᠭᠡ ᠠᠯᠢᠪᠠ ᠵᠠᠷᠤᠳᠠᠯ ᠰᠦᠢᠳᠬᠡᠯ ᠢ ᠪᠦᠷ ᠮᠢᠩ ᠤᠯᠤᠰ ᠠᠴᠠ ᠬᠠᠷᠢᠭᠤᠴᠠᠳᠠᠭ ᠪᠠᠶᠢᠭᠰᠠᠨ ᠪᠥᠭᠡᠳ ᠮᠢᠩ ᠤᠯᠤᠰ ᠠᠴᠠ ᠪᠠᠰᠠ ᠡᠯᠴᠢ ᠶᠢᠨ ᠲᠤᠭ᠎ᠠ ᠪᠠᠷ ᠱᠠᠩ ᠬᠡᠰᠢᠭ ᠣᠯᠭᠤᠵᠤ᠂ ᠡᠯᠴᠢ ᠪᠤᠴᠠᠬᠤ ᠦᠶ᠎ᠡ ᠳᠤ ᠮᠣᠩᠭᠤᠯ᠂ ᠣᠶᠢᠷᠠᠳ ᠤᠨ ᠹᠸᠣᠳᠠᠯ ᠡᠵᠡᠳ ᠲᠤ ᠬᠠᠷᠢᠭᠤ ᠪᠡᠯᠡᠭ ᠰᠡᠯᠲᠡ ᠢᠯᠡᠭᠡᠳᠡᠭ ᠪᠠᠶᠢᠭᠰᠠᠨ᠃ ᠡᠨᠡᠬᠦ ᠡᠶ᠎ᠡ ᠨᠥᠬᠦᠷᠰᠡᠭ ᠬᠠᠷᠢᠯᠴᠠᠭ᠎ᠠ ᠨᠢ ᠮᠢᠩ ᠤᠯᠤᠰ ᠤᠨ ᠶᠦᠩ ᠯᠧ᠂ ᠰᠢᠤᠸᠠᠨ ᠳ᠋ᠧ ᠤᠨ ᠣᠨ ᠨᠤᠭᠤᠳ ᠠᠴᠠ ᠵᠧᠩ ᠲᠦᠩ ᠤᠨ ᠦᠶ᠎ᠡ ᠳᠤ ᠬᠦᠷᠲᠡᠯ᠎ᠡ ᠬᠡᠪᠰᠢᠭᠰᠡᠨ ᠵᠤᠷᠰᠢᠯ ᠮᠡᠲᠦ ᠪᠠᠷ ᠶᠠᠮᠠᠷᠴᠤ ᠪᠠᠶᠢᠳᠠᠯ ᠳᠤ ᠣᠭᠲᠣ ᠲᠠᠰᠤᠷᠠᠭ᠎ᠠ ᠦᠭᠡᠢ ᠦᠷᠭᠦᠯᠵᠢᠯᠡᠭᠰᠡᠭᠡᠷ ᠪᠠᠶᠢᠭᠰᠠᠨ ᠶᠤᠮ᠃ ᠭᠡᠪᠡᠴᠦ 1436 ᠣᠨ ᠠᠴᠠ ᠬᠤᠶᠢᠰᠢ᠂ ᠣᠶᠢᠷᠠᠳ ᠠᠴᠠ ᠢᠷᠡᠭᠦᠯᠬᠦ ᠡᠯᠴᠢᠰ ᠤᠨ ᠲᠤᠭ᠎ᠠ ᠤᠷᠢᠳᠤᠬᠢ ᠠᠴᠠ ᠪᠠᠨ ᠨᠡᠮᠡᠭᠳᠡᠪᠡ᠃ ᠡᠯᠴᠢᠰ ᠤᠨ ᠲᠤᠭ᠎ᠠ ᠨᠡᠮᠡᠭᠳᠡᠬᠦ ᠶᠢ ᠳᠠᠭᠠᠯᠳᠤᠨ ᠮᠢᠩ ᠤᠯᠤᠰ ᠠᠴᠠ ᠣᠯᠭᠤᠬᠤ ᠱᠠᠩ ᠬᠡᠰᠢᠭ ᠤᠨ ᠬᠡᠮᠵᠢᠶ᠎ᠡ ᠠᠷᠪᠢᠳᠴᠤ᠂ ᠵᠠᠷᠤᠳᠠᠯ ᠰᠦᠢᠳᠬᠡᠯ ᠨᠡᠮᠡᠭᠳᠡᠭᠡᠳ᠂ ᠡᠳ᠋ ᠤᠨ ᠵᠠᠰᠠᠭ ᠤᠨ ᠲᠠᠯ᠎ᠠ ᠳᠤ ᠲᠡᠭᠡᠭᠡᠷ᠎ᠡ ᠳᠠᠷᠤᠭᠠᠰᠤ ᠪᠣᠯᠪᠠ᠃ ᠡᠶᠢᠮᠦ ᠳᠤ᠂ ᠮᠢᠩ ᠤᠯᠤᠰ ᠤᠨ ᠬᠠᠭᠠᠨ᠂ ᠨᠡᠶᠢᠰᠯᠡᠯ ᠳᠤ ᠢᠷᠡᠬᠦ ᠣᠶᠢᠷᠠᠳ ᠤᠨ ᠡᠯᠴᠢ ᠶᠢᠨ ᠲᠤᠭ᠎ᠠ ᠶᠢ ᠪᠠᠭᠠᠰᠬᠠᠨ᠂ ᠡᠳ᠋ ᠤᠨ ᠵᠠᠰᠠᠭ ᠤᠨ ᠣᠷᠣᠯᠭ᠎ᠠ ᠪᠠᠨ ᠴᠥᠭᠡᠳᠬᠡᠵᠦ᠂ ᠤᠯᠤᠰ ᠣᠷᠣᠨ ᠤ ᠪᠠᠨ ᠠᠮᠤᠷ ᠲᠦᠪᠰᠢᠨ ᠢ ᠪᠠᠲᠤᠯᠠᠬᠤ ᠵᠣᠷᠢᠯᠭ᠎ᠠ ᠠᠴᠠ 1438 ᠣᠨ ᠳᠤ ᠬᠢᠯᠢ ᠶᠢᠨ ᠪᠣᠭᠤᠮᠲᠠ ᠳ᠋ᠠᠲ᠋ᠦ᠋ᠩ ᠳᠤ ᠠᠳᠤᠭᠤᠨ ᠤ ᠵᠠᠬ᠎ᠠ ᠳᠡᠯᠭᠡᠭᠦᠷ ᠨᠡᠭᠡᠭᠡᠵᠦ᠂ ᠬᠢᠯᠢ ᠶᠢᠨ ᠴᠡᠷᠢᠭ ᠪᠠ ᠨᠤᠲᠤᠭ ᠤᠨ ᠢᠷᠭᠡᠳ᠂ ᠣᠶᠢᠷᠠᠳᠴᠤᠤᠯ ᠲᠠᠢ ᠪᠠᠰᠠᠷ ᠰᠣᠯᠢᠯᠴᠠᠭ᠎ᠠ ᠬᠢᠵᠦ ᠪᠣᠯᠬᠤ ᠶᠢ ᠵᠥᠪᠰᠢᠶᠡᠷᠡᠬᠦ ᠶᠢᠨ ᠳᠠᠭᠠᠤ᠂ ᠮᠣᠩᠭᠤᠯᠴᠤᠳ ᠲᠤ ᠵᠡᠷ ᠵᠡᠪᠰᠡᠭ ᠪᠠ ᠲᠡᠮᠦᠷᠯᠢᠭ ᠬᠡᠷᠡᠭᠰᠡᠯ ᠬᠤᠳᠠᠯᠳᠤᠨ ᠥᠭᠬᠦ ᠶᠢ ᠴᠢᠩᠭ᠎ᠠ ᠴᠠᠭᠠᠵᠠᠯᠠᠭᠰᠠᠨ ᠪᠥᠭᠡᠳ ᠪᠠᠰᠠᠷ ᠳᠡᠯᠭᠡᠭᠦᠷ ᠠᠴᠠ ᠰᠠᠯᠵᠤ ᠬᠢᠯᠢ ᠳᠠᠪᠠᠭ᠋ᠤ ᠮᠣᠩᠭᠤᠯᠴᠤᠳ ᠤᠨ ᠠᠴᠢᠶ᠎ᠠ ᠲᠡᠭᠡᠭᠡᠰᠢ ᠶᠢ ᠨᠡᠩᠵᠢᠨ ᠪᠠᠶᠢᠴᠠᠭᠠᠬᠤ ᠳᠦᠷᠢᠮ ᠲᠣᠭᠲᠠᠭᠠᠵᠠᠢ᠃ ᠭᠡᠲᠡᠯ᠎ᠡ ᠲᠤᠬᠠᠢ ᠶᠢᠨ ᠦᠶ᠎ᠡ ᠳᠤ ᠮᠢᠩ ᠤᠨ ᠬᠠᠭᠠᠨ ᠤ ᠡᠨᠡ ᠲᠣᠭᠲᠠᠭᠠᠯ ᠨᠢ ᠲᠤᠤᠱᠲᠠᠢ ᠪᠡᠶᠡᠯᠡᠭᠳᠡᠬᠦ ᠬᠦᠴᠦᠨ ᠦᠭᠡᠢ ᠪᠠᠶᠢᠭᠰᠠᠨ ᠶᠤᠮ᠃ ᠤᠴᠢᠷ ᠨᠢ ᠮᠣᠩᠭᠤᠯᠴᠤᠳ ᠲᠣᠭᠤᠭ᠎ᠠ ᠮᠡᠲᠦ ᠲᠡᠮᠦᠷᠯᠢᠭ ᠬᠡᠷᠡᠭᠰᠡᠯ ᠣᠯᠵᠤ ᠠᠪᠬᠤ ᠶᠢ ᠡᠷᠡᠮᠡᠯᠵᠡᠵᠦ ᠪᠠᠶᠢᠭᠰᠠᠨ ᠤ ᠳᠡᠭᠡᠷ᠎ᠡ᠂ ᠮᠢᠩ ᠤᠯᠤᠰ ᠤᠨ ᠬᠢᠯᠢ ᠶᠢᠨ ᠬᠤᠳᠠᠯᠳᠤᠭ᠎ᠠ ᠶᠢ ᠡᠷᠬᠢᠯᠡᠭᠰᠡᠨ ᠲᠦᠰᠢᠮᠡᠳ ᠴᠢᠨᠠᠭᠰᠢᠯᠠᠪᠠᠯ ᠲᠥᠷᠥ ᠶᠢᠨ ᠶᠡᠭᠡ ᠰᠠᠶᠢᠳ ᠲᠤ ᠬᠦᠷᠲᠡᠯ᠎ᠡ ᠡᠳ᠋ ᠲᠤ ᠰᠢᠨᠤᠵᠤ᠂ ᠵᠢᠷᠤᠮ ᠢ ᠤᠮᠠᠷᠲᠠᠨ᠂ ᠲᠥᠷᠥ ᠭᠥᠷᠥᠨ ᠤ ᠠᠮᠤᠷ ᠲᠦᠪᠰᠢᠨ ᠢ ᠬᠠᠶᠢᠬᠤᠷᠤᠯ ᠦᠭᠡᠢ᠂ ᠠᠶᠤᠮᠰᠢᠭ ᠦᠭᠡᠢ ᠪᠠᠷ ᠬᠠᠭᠠᠨ ᠤ ᠪᠠᠨ ᠴᠠᠭᠠᠵᠠ ᠠᠴᠠ ᠵᠥᠷᠢᠴᠡᠵᠦ᠂ ᠮᠣᠩᠭᠤᠯᠴᠤᠳ ᠲᠤ ᠵᠡᠷ ᠵᠡᠪᠰᠡᠭ ᠪᠠ ᠲᠡᠮᠦᠷᠯᠢᠭ ᠬᠡᠷᠡᠭᠰᠡᠯ ᠢ ᠨᠢᠭᠤᠴᠠ ᠪᠠᠷ ᠥᠨᠳᠥᠷ ᠦᠨ᠎ᠡ ᠪᠠᠷ ᠬᠤᠳᠠᠯᠳᠤᠵᠤ᠂ ᠮᠣᠩᠭᠤᠯᠴᠤᠳ ᠤᠨ ᠮᠠᠯ ᠤᠨᠤᠭ᠎ᠠ ᠪᠠ ᠲᠦᠭᠦᠬᠡᠢ ᠡᠳ᠋ ᠢ ᠬᠢᠮᠳᠠ ᠪᠠᠷ ᠠᠪᠴᠤ ᠦᠯᠡᠮᠵᠢ ᠶᠡᠭᠡ ᠠᠰᠢᠭ ᠬᠤᠨᠵᠢᠶ᠎ᠠ ᠣᠯᠵᠤ ᠪᠠᠶᠢᠵᠠᠢ᠃ ᠡᠶᠢᠮᠦ ᠪᠠᠶᠢᠳᠠᠯ ᠳᠤ ᠣᠶᠢᠷᠠᠳ ᠤᠨ ᠹᠸᠣᠳᠠᠯ ᠡᠵᠡᠳ ᠴᠦ ︽ᠬᠤᠶᠠᠭ ᠲᠤᠭᠤᠯᠭ᠎ᠠ᠂ ᠢᠯᠳᠦ᠂ ᠵᠡᠷ ᠵᠡᠪᠰᠡᠭ ᠬᠢᠭᠡᠳ ᠬᠢᠯᠢ ᠣᠷᠣᠨ ᠢᠶᠠᠷ ᠴᠠᠭᠠᠵᠠᠯᠠᠭᠰᠠᠨ ᠲᠡᠮᠦᠷᠯᠢᠭ ᠬᠡᠷᠡᠭᠰᠡᠯ︾ ᠶᠢ ᠰᠠᠨᠠᠭᠠᠨ ᠲᠠᠪᠠ ᠪᠠᠷ ᠬᠤᠳᠠᠯᠳᠤᠨ ᠠᠪᠴᠤ ᠳᠡᠶᠢᠯᠬᠦ ᠪᠣᠯᠵᠠᠢ᠃ ᠡᠰᠡᠨ ᠲᠠᠶᠢᠱᠢ ᠶᠢᠨ ᠦᠶ᠎ᠡ ᠳᠤ ᠬᠦᠷᠦᠭᠡᠳ᠂ ᠣᠶᠢᠷᠠᠳ ᠠᠴᠠ ᠢᠷᠡᠭᠦᠯᠬᠦ ᠡᠯᠴᠢ ᠶᠢᠨ ᠲᠤᠭ᠎ᠠ ᠨᠡᠮᠡᠭᠳᠡᠭᠰᠡᠭᠡᠷ ᠬᠡᠳᠦᠨ ᠠᠷᠪᠠᠨ ᠬᠥᠮᠥᠨ ᠠᠴᠠ ᠬᠡᠳᠦᠨ ᠮᠢᠩᠭᠠᠨ ᠬᠥᠮᠥᠨ ᠪᠣᠯᠪᠠ᠃ ᠮᠢᠩ ᠤᠯᠤᠰ ᠤᠨ ᠵᠠᠰᠠᠭ ᠤᠨ ᠭᠠᠵᠠᠷ ᠠᠴᠠ ᠲᠡᠳᠡᠨᠠᠷ ᠲᠤ ᠣᠷᠣᠨ ᠰᠠᠭᠤᠴᠠ᠂ ᠤᠨᠤᠭ᠎ᠠ ᠬᠥᠰᠬᠡ᠂ ᠮᠠᠯ ᠤᠨ ᠡᠪᠡᠰᠦ ᠪᠣᠷᠳᠤᠭ᠎ᠠ ᠬᠠᠩᠭᠠᠬᠤ ᠪᠠᠷ ᠦᠯᠦ ᠪᠠᠷᠠᠨ᠂ ᠡᠯᠴᠢᠰ ᠤᠨ ᠥᠩᠭᠡᠷᠡᠬᠦ ᠭᠠᠵᠠᠷ ᠪᠦᠬᠦᠨ ᠳᠤ ᠴᠥᠮ ᠱᠠᠩ ᠬᠡᠰᠢᠭ ᠣᠯᠭᠤᠬᠤ ᠬᠡᠷᠡᠭᠲᠡᠢ ᠪᠠᠶᠢᠵᠠᠢ᠃ ᠭᠠᠭᠴᠠ ᠳ᠋ᠠᠲ᠋ᠦ᠋ᠩ ᠨᠢᠭᠡᠬᠡᠨ ᠭᠠᠵᠠᠷ ᠲᠤ ᠡᠯᠴᠢᠰ ᠢ ︽ᠡᠶᠢᠰᠢ ᠲᠡᠶᠢᠰᠢ ᠬᠦᠷᠭᠡᠬᠦ ᠪᠠ ᠣᠷᠣᠨ ᠰᠠᠭᠤᠴᠠ ᠶᠢ ᠨᠢ ᠲᠣᠬᠢᠷᠠᠭᠤᠯᠬᠤ ᠳᠤ 3000 ᠭᠠᠷᠤᠢ ᠦᠬᠡᠷ ᠬᠤᠨᠢ᠂ 3000 ᠭᠠᠷᠤᠢ ᠪᠤᠲᠤᠩ ᠠᠷᠢᠬᠢ᠂ 100 ᠢᠯᠡᠭᠦᠦ ᠳ᠋ᠠᠨ ᠠᠮᠤ ᠪᠤᠳᠠᠭ᠎ᠠ ᠵᠠᠷᠤᠴᠠᠭᠤᠯᠵᠤ᠂ ᠲᠠᠬᠢᠶ᠎ᠠ ᠭᠠᠯᠠᠭᠤ ᠴᠡᠴᠡᠭ ᠵᠢᠮᠢᠰ ᠬᠠᠩᠭᠠᠬᠤ ᠠᠨᠤ ᠨᠡᠩᠲᠡ ᠲᠣᠭᠠᠯᠠᠵᠤ ᠪᠠᠷᠠᠰᠢ ᠦᠭᠡᠢ᠃ ᠠᠯᠪᠠᠨ ᠠᠴᠠ ᠭᠠᠷᠭᠠᠭᠰᠠᠨ ᠠᠮᠤ ᠪᠤᠳᠠᠭ᠎ᠠ ᠨᠢ ᠬᠦᠷᠦᠯᠴᠡᠬᠦ ᠦᠭᠡᠢ ᠲᠤᠯᠠ ᠬᠠᠷᠠᠭᠤᠯ ᠴᠠᠶᠢᠵᠠ ᠠᠴᠠ ᠮᠥᠩᠭᠦ ᠵᠣᠭᠤᠰ ᠭᠠᠷᠭᠠᠭᠤᠯᠵᠤ ᠬᠠᠪᠰᠤᠷᠤᠭᠤᠯᠵᠤ ᠪᠠᠶᠢᠭᠰᠠᠨ ᠪᠥᠭᠡᠳ ᠰᠢᠷᠡᠭᠡ ᠰᠠᠨᠳᠠᠯᠢ᠂ ᠰᠠᠪᠠ ᠰᠠᠭᠠᠯᠢ ᠵᠡᠷᠭᠡ ᠶᠢ ᠮᠥᠨ ᠲᠤᠰ ᠣᠷᠣᠨ ᠤ ᠴᠡᠷᠢᠭ ᠠᠷᠠᠳ ᠠᠴᠠ ᠲᠠᠲᠠᠪᠤᠷᠢᠯᠠᠨ ᠠᠪᠴᠤ ᠬᠠᠩᠭᠠᠵᠤ ᠪᠠᠶᠢᠭᠰᠠᠨ ᠶᠤᠮ᠃ ᠭᠡᠲᠡᠯ᠎ᠡ ᠬᠡᠷᠡᠭᠯᠡᠵᠦ ᠥᠩᠭᠡᠷᠡᠭᠰᠡᠨ ᠤ ᠳᠠᠷᠠᠭ᠎ᠠ ᠳᠡᠮᠡᠢ ᠴᠦ ᠦᠯᠡᠳᠡᠬᠦ ᠦᠭᠡᠢ ᠪᠠᠶᠢᠪᠠ᠃︾ ᠨᠥᠭᠦᠭᠡ ᠲᠠᠯ᠎ᠠ ᠪᠠᠷ ᠣᠶᠢᠷᠠᠳ ᠤᠨ ᠠᠪᠴᠢᠷᠠᠬᠤ ᠠᠳᠤᠭᠤᠨ ᠤ ᠣᠯᠠᠩᠬᠢ ᠨᠢ ᠪᠡᠶ᠎ᠡ ᠪᠠᠷ ᠪᠠᠭ᠎ᠠ ᠮᠥᠷᠲᠡᠭᠡᠨ ᠡᠴᠡᠩᠬᠡᠢ ᠪᠠᠶᠢᠲᠠᠯ᠎ᠠ ᠵᠠᠪᠠᠯ ᠥᠨᠳᠥᠷ ᠬᠠᠩᠰᠢ ᠠᠪᠳᠠᠭ᠃ ᠡᠭᠦᠨ ᠢᠶᠠᠷ ᠦᠯᠦ ᠪᠠᠷᠠᠨ᠂ ᠡᠰᠡᠨ ᠲᠠᠶᠢᠱᠢ ᠤᠳᠠᠭ᠎ᠠ ᠳᠠᠷᠠᠭᠠᠯᠠᠨ ᠠᠯᠢ ᠣᠯᠠᠨ ᠡᠯᠴᠢ ᠪᠠᠨ ᠲᠣᠮᠢᠯᠠᠨ ᠢᠷᠡᠭᠦᠯᠵᠦ᠂ ᠮᠢᠩ ᠤᠯᠤᠰ ᠠᠴᠠ ᠴᠤᠬᠠᠭ ᠦᠨᠡᠲᠡᠢ ᠬᠤᠪᠴᠠᠰᠤ ᠬᠤᠨᠠᠷ᠂ ᠡᠳ᠋ ᠬᠡᠷᠡᠭᠰᠡᠯ᠂ ᠴᠣᠭᠤᠢ ᠬᠥᠭᠵᠢᠮ᠂ ᠭᠤᠶᠣᠮᠰᠤᠭ ᠬᠡᠭᠡᠨᠴᠢᠷ ᠡᠳ᠋ᠯᠡᠯ ᠪᠣᠯᠣᠨ ᠬᠤᠪᠣᠷ ᠨᠠᠨᠳᠢᠨ ᠡᠮ ᠤᠨ ᠮᠠᠲ᠋ᠧᠷᠢᠶᠠᠯ ᠵᠡᠷᠭᠡ ᠶᠢ ᠶᠡᠬᠡᠪᠡᠷ ᠬᠤᠳᠠᠯᠳᠤᠨ ᠠᠪᠤᠭᠤᠯᠳᠠᠭ ᠪᠥᠭᠡᠳ ᠵᠠᠷᠢᠮ ᠳᠠᠭᠠᠨ ᠱᠠᠩ ᠬᠡᠰᠢᠭ ᠢᠯᠡᠭᠦᠦ ᠠᠪᠬᠤ ᠶᠢᠨ ᠲᠥᠯᠥᠭᠡ ᠡᠯᠴᠢ ᠶᠢᠨ ᠲᠤᠭ᠎ᠠ ᠪᠠᠨ ᠬᠤᠳᠠᠯ ᠢᠶᠠᠷ ᠴᠦ ᠮᠡᠳᠡᠭᠦᠯᠵᠦ ᠪᠠᠶᠢᠭᠰᠠᠨ ᠪᠣᠯᠬᠤᠷ ᠮᠢᠩ ᠤᠯᠤᠰ ᠤᠨ ᠰᠠᠩ ᠬᠥᠮᠥᠷᠭᠡ ᠶᠢ ᠬᠥᠨᠳᠡᠶᠢᠷᠡᠭᠦᠯᠦᠭᠰᠡᠨ ᠪᠠᠶᠢᠨ᠎ᠠ᠃ ᠣᠶᠢᠷᠠᠳ ᠤᠨ ᠡᠯᠴᠢᠰ ᠥᠩᠭᠡᠷᠡᠬᠦ ᠭᠠᠵᠠᠷ ᠪᠣᠯᠭᠠᠨ ᠳᠤ ᠪᠠᠰᠠ ᠬᠡᠷᠡᠭ ᠡᠳᠦᠬᠦ᠂ ᠡᠮᠡᠰ ᠥᠬᠢᠳ ᠢ ᠠᠶᠤᠯᠭᠠᠨ ᠰᠦᠷᠳᠡᠭᠦᠯᠬᠦ ᠪᠤᠶᠤ ᠪᠠᠭ᠋ᠠᠨ ᠰᠠᠨᠠᠭᠠᠨ ᠳᠤᠨᠢ ᠲᠠᠪᠠ ᠦᠭᠡᠢ ᠪᠣᠯ ᠠᠯᠪᠠᠨ ᠶᠠᠮᠤᠨ ᠢ ᠲᠦᠢᠪᠡᠭᠡᠵᠦ ᠠᠷᠠᠳ ᠢᠷᠭᠡᠳ ᠢ ᠡᠯᠳᠡᠨ ᠰᠢᠷᠬᠠᠲᠤᠭᠤᠯᠵᠤ ᠪᠠᠶᠢᠵᠠᠢ᠃ ᠡᠶᠢᠮᠦ ᠠᠴᠠ ᠮᠢᠩ ᠤᠯᠤᠰ ᠤᠨ ᠵᠠᠰᠠᠭ ᠤᠨ ᠭᠠᠵᠠᠷ ᠠᠴᠠ᠂ ᠡᠳ᠋ ᠤᠨ ᠵᠠᠰᠠᠭ ᠤᠨ ᠳᠠᠷᠤᠯᠲᠠ ᠪᠠᠨ ᠬᠥᠩᠭᠡᠯᠡᠵᠦ᠂ ᠠᠷᠠᠳ ᠢᠷᠭᠡᠳ ᠤᠨ ᠳᠤᠷ᠎ᠠ ᠦᠭᠡᠶᠢᠴᠡᠯ ᠢ ᠨᠠᠮᠳᠠᠭᠤᠯᠬᠤ ᠶᠢᠨ ᠲᠥᠯᠥᠭᠡ ᠪᠠᠷᠢᠴᠠᠭᠠᠨ ᠤ ᠡᠯᠴᠢ ᠶᠢᠨ ᠲᠤᠬᠠᠢ ᠰᠢᠨ᠎ᠡ ᠲᠣᠭᠲᠠᠭᠠᠯ ᠨᠡᠶᠢᠲᠡᠯᠡᠬᠦ ᠦᠭᠡᠢ ᠪᠠᠶᠢᠬᠤ ᠶᠢᠨ ᠠᠷᠭ᠎ᠠ ᠦᠭᠡᠢ ᠪᠣᠯᠵᠠᠢ᠃ ᠪᠠᠷᠢᠴᠠᠭᠠᠨ ᠤ ᠡᠯᠴᠢ ᠶᠢᠨ ᠲᠤᠬᠠᠢ ᠰᠢᠨ᠎ᠡ ᠲᠣᠭᠲᠠᠭᠠᠯ ᠳᠤ᠄ ᠣᠶᠢᠷᠠᠳ ᠤᠳᠠᠭ᠎ᠠ ᠪᠦᠷᠢ ᠭᠤᠷᠪᠠᠨ ᠵᠠᠭᠤᠨ ᠬᠥᠮᠥᠨ ᠠᠴᠠ ᠢᠯᠡᠭᠦᠦ ᠡᠯᠴᠢ ᠲᠣᠮᠢᠯᠠᠵᠤ ᠪᠣᠯᠬᠤ ᠦᠭᠡᠢ᠃ ︽ᠵᠢᠩᠬᠢᠨᠢ ᠳᠡᠳ᠋ ᠡᠯᠴᠢ ᠲᠠᠪᠢᠨ ᠬᠥᠮᠥᠨ ᠨᠡᠶᠢᠰᠯᠡᠯ ᠳᠤ ᠣᠷᠣᠵᠤ ᠪᠣᠯᠬᠤ ᠠᠴᠠ ᠭᠠᠳᠠᠨ᠎ᠠ ᠪᠤᠰᠤᠳ ᠳᠠᠭᠠᠯᠲᠠ ᠬᠥᠮᠥᠰ ᠬᠢᠭᠡᠳ ᠬᠤᠳᠠᠯᠳᠤᠭᠠᠴᠢᠳ ᠴᠥᠮ ᠮᠣᠣ ᠡᠯ ᠵᠤᠸᠠᠩ ︵ᠣᠳᠣᠬᠢ ᠳ᠋ᠠᠲ᠋ᠦ᠋ᠩ ᠣᠷᠴᠢᠮ ᠪᠠᠶᠢᠪᠠ︶ ᠲᠤ ᠬᠤᠴᠣᠷᠬᠤ ᠬᠡᠷᠡᠭᠲᠡᠢ ᠁ ᠬᠠᠭᠠᠨ ᠳᠤ ᠡᠷᠭᠦᠬᠦ ᠲᠡᠮᠡᠭᠡ ᠮᠣᠷᠢᠳ ᠢ ᠁ ᠤᠰᠤ ᠪᠡᠯᠴᠢᠭᠡᠷ ᠳᠠᠭᠠᠭᠤᠯᠤᠨ ᠬᠠᠷᠢᠭᠤᠯᠵᠤ ᠢᠷᠡᠬᠦ ᠪᠥᠭᠡᠳ ᠵᠠᠮ ᠵᠠᠭᠤᠷ᠎ᠠ ᠡᠪᠡᠰᠦ ᠪᠣᠷᠳᠤᠭ᠎ᠠ ᠥᠭᠬᠦ ᠦᠭᠡᠢ ᠲᠤᠯᠠ ᠲᠤᠰᠬᠠᠢ ᠬᠥᠮᠥᠨ ᠭᠠᠷᠭᠠᠵᠤ ᠬᠠᠮᠢᠶᠠᠷᠬᠤ ᠬᠡᠷᠡᠭ ᠦᠭᠡᠢ᠂ ᠬᠡᠷᠪᠡ ᠪᠡᠯᠴᠢᠭᠡᠷ ᠮᠠᠭᠤ ᠲᠠᠴᠢᠷ ᠭᠠᠵᠠᠷ ᠲᠣᠬᠢᠶᠠᠯᠳᠤᠪᠠᠯ ᠡᠪᠡᠰᠦ ᠪᠣᠷᠳᠤᠭ᠎ᠠ ᠵᠣᠬᠢᠬᠤ ᠬᠡᠮᠵᠢᠶ᠎ᠡ ᠪᠠᠷ ᠬᠠᠩᠭᠠᠵᠤ ᠪᠣᠯᠣᠨ᠎ᠠ︾ ᠭᠡᠵᠦ ᠲᠥᠪ ᠶᠣᠰᠣ ᠪᠠᠷ ᠵᠠᠷᠯᠠᠭᠰᠠᠨ ᠪᠥᠭᠡᠳ ᠡᠰᠡᠨ ᠲᠠᠶᠢᠱᠢ ᠶᠢᠨ ᠠᠪᠬᠤ ᠪᠠᠷᠠᠭᠠᠨ ᠤ ᠲᠤᠭ᠎ᠠ ᠬᠡᠮᠵᠢᠶ᠎ᠡ ᠶᠢ ᠲᠠᠪᠤᠨ ᠤ ᠳᠥᠷᠪᠡᠨ ᠬᠤᠪᠢ ᠪᠠᠷ ᠪᠠᠭᠠᠰᠬᠠᠨ ᠬᠢᠵᠠᠭᠠᠷᠯᠠᠵᠤ᠂ ᠢᠷᠡᠭᠰᠡᠨ ᠡᠯᠴᠢᠰ ᠤᠨ ᠪᠣᠳᠠᠲᠠᠢ ᠲᠤᠭ᠎ᠠ ᠪᠠᠷ ᠱᠠᠩ ᠬᠡᠰᠢᠭ ᠣᠯᠭᠤᠬᠤ ᠪᠣᠯᠵᠠᠢ᠃ ᠭᠡᠲᠡᠯ᠎ᠡ ᠮᠢᠩ ᠤᠯᠤᠰ ᠲᠠᠢ ᠰᠣᠯᠢᠯᠴᠠᠭ᠎ᠠ ᠬᠢᠬᠦ ᠶᠠᠪᠤᠳᠠᠯ ᠪᠣᠯ ᠠᠵᠤ ᠠᠬᠤᠢ ᠶᠢᠨ ᠲᠠᠯ᠎ᠠ ᠪᠠᠷ ᠠᠰᠢᠭᠲᠠᠢ ᠮᠥᠷᠲᠡᠭᠡᠨ ᠤᠯᠤᠰ ᠲᠥᠷᠥ ᠶᠢᠨ ᠲᠠᠯ᠎ᠠ ᠪᠠᠷ ᠮᠢᠩ ᠤᠯᠤᠰ ᠤᠨ ᠴᠣᠬᠤᠮ ᠪᠠᠶᠢᠳᠠᠯ ᠢ ᠲᠠᠩᠨᠠᠨ ᠲᠤᠷᠰᠢᠬᠤ ᠡᠲᠡᠭᠡᠳ ᠰᠠᠶᠢᠨ ᠠᠷᠭ᠎ᠠ ᠵᠠᠮ ᠮᠥᠨ ᠭᠡᠵᠦ ᠦᠵᠡᠵᠦ ᠪᠠᠶᠢᠭ᠎ᠠ ᠡᠰᠡᠨ ᠲᠠᠶᠢᠱᠢ᠂ ᠮᠢᠩ ᠤᠯᠤᠰ ᠤᠨ ᠡᠨᠡᠬᠦ ᠰᠢᠨ᠎ᠡ ᠲᠣᠭᠲᠠᠭᠠᠯ ᠢ ᠬᠠᠶᠢᠬᠤᠷᠬᠤ ᠶᠣᠰᠣ ᠪᠠᠶᠢᠨ᠎ᠠ ᠦᠦ︖ 1448 ᠣᠨ ᠳᠤ᠂ ᠳᠤ ᠡᠰᠡᠨ ᠲᠠᠶᠢᠱᠢ ᠨᠡᠭᠡᠷᠡᠨ 3598 ᠬᠥᠮᠥᠨ ᠢᠶᠠᠷ ᠪᠦᠷᠢᠯᠳᠦᠭᠰᠡᠨ ᠮᠤᠨᠳᠠᠭ ᠶᠡᠭᠡ ᠡᠯᠴᠢ ᠶᠢᠨ ᠪᠦᠯᠬᠦᠮ ᠢ ᠮᠢᠩ ᠤᠯᠤᠰ ᠲᠤ ᠠᠵᠢᠭ ᠴᠦ ᠦᠭᠡᠢ ᠲᠣᠮᠢᠯᠠᠭᠰᠠᠨ ᠪᠠᠶᠢᠵᠠᠢ᠃ ᠡᠯᠴᠢ ᠶᠢᠨ ᠲᠤᠭ᠎ᠠ ᠦᠨᠡᠨ ᠳᠡᠭᠡᠨ ᠲᠡᠳᠦᠢ ᠪᠢᠰᠢ᠂ 2524 ᠬᠥᠮᠥᠨ ᠶᠤᠮ᠃ ᠱᠠᠩ ᠬᠡᠰᠢᠭ ᠢᠯᠡᠭᠦᠦ ᠠᠪᠬᠤ ᠶᠢᠨ ᠲᠥᠯᠥᠭᠡ ᠡᠯᠴᠢ ᠶᠢᠨ ᠲᠤᠭ᠎ᠠ ᠪᠠᠨ ᠬᠤᠳᠠᠯ ᠢᠶᠠᠷ ᠮᠡᠳᠡᠭᠦᠯᠦᠭᠰᠡᠨ ᠨᠢ ᠢᠯᠡᠬᠡᠨ ᠪᠠᠶᠢᠨ᠎ᠠ᠃ ᠮᠢᠩ ᠤᠯᠤᠰ ᠤᠨ ᠵᠠᠰᠠᠭ ᠤᠨ ᠭᠠᠵᠠᠷ ᠠᠴᠠ ᠡᠨᠡ ᠠᠵᠢᠯ ᠢ ᠲᠤᠰᠬᠠᠢ ᠬᠠᠮᠢᠶᠠᠷᠴᠤ ᠪᠠᠶᠢᠭᠰᠠᠨ ᠨᠥᠯᠥᠭᠡ ᠶᠡᠬᠡᠲᠡᠢ ᠲᠥᠷᠥ ᠶᠢᠨ ᠲᠣᠮᠣ ᠲᠠᠶᠢᠭᠠᠨ ᠲᠦᠰᠢᠮᠡᠯ ᠸᠠᠩ ᠵᠧᠨ ᠬᠡᠮᠡᠭᠴᠢ ᠮᠣᠩᠭᠤᠯ ᠤᠨ ᠲᠠᠯ᠎ᠠ ᠠᠴᠠ ᠡᠯᠴᠢ ᠶᠢᠨ ᠲᠤᠭ᠎ᠠ ᠪᠠᠨ ᠬᠤᠳᠠᠯ ᠮᠡᠳᠡᠭᠦᠯᠪᠡ ᠬᠡᠮᠡᠨ ᠱᠠᠩ ᠬᠡᠰᠢᠭ ᠥᠭᠬᠦ ᠶᠢ ᠲᠡᠪᠴᠢᠭᠰᠡᠨ ᠪᠥᠭᠡᠳ ᠬᠤᠶᠠᠷ ᠲᠠᠯ᠎ᠠ ᠶᠢᠨ ᠵᠥᠪᠰᠢᠶᠡᠷᠡᠯ ᠬᠡᠯᠡᠯᠴᠡᠭᠡᠷ ᠢ ᠳᠠᠮᠵᠢᠯ ᠦᠭᠡᠢ᠂ ᠭᠠᠭᠴᠠ ᠲᠠᠯ᠎ᠠ ᠠᠴᠠ ᠡᠵᠡᠨ ᠮᠡᠳᠡᠵᠦ᠂ ᠰᠢᠢᠳᠪᠦᠷᠢ ᠭᠠᠷᠭᠠᠨ᠂ ᠠᠳᠤᠭᠤᠨ ᠤ ᠦᠨ᠎ᠡ ᠶᠢ ᠪᠠᠭᠤᠷᠠᠭᠤᠯᠤᠨ ᠬᠤᠳᠠᠯᠳᠤᠭ᠎ᠠ ᠬᠢᠬᠦ ᠶᠢ ᠬᠤᠷᠢᠭᠯᠠᠨ ᠡᠰᠡᠨ ᠲᠠᠶᠢᠱᠢ ᠶᠢᠨ ᠲᠣᠮᠢᠯᠠᠭᠰᠠᠨ ᠡᠯᠴᠢ ᠶᠢ ᠪᠠᠷᠢᠪᠴᠢᠯᠠᠪᠠ᠃ ᠡᠨᠡ ᠨᠢ ᠡᠰᠡᠨ ᠲᠠᠶᠢᠱᠢ ᠶᠢᠨ ᠳᠤᠷ᠎ᠠ ᠦᠭᠡᠶᠢᠴᠡᠯ ᠢ ᠬᠦᠷᠭᠡᠵᠡᠢ᠃     ᠡᠭᠦᠨ ᠠᠴᠠ ᠭᠠᠳᠠᠨ᠎ᠠ᠂ ᠮᠢᠩ ᠤᠯᠤᠰ ᠤᠨ ᠮᠣᠩᠭᠤᠯ ᠳᠤ ᠰᠠᠭᠤᠭ᠎ᠠ ᠡᠯᠴᠢ ᠨᠢ ᠮᠢᠩ ᠤᠨ ᠬᠠᠭᠠᠨ ᠤ ᠭᠦᠩᠵᠦ ᠶᠢ ᠡᠰᠡᠨ ᠲᠠᠶᠢᠱᠢ ᠶᠢᠨ ᠬᠦᠦ ᠲᠠᠢ ᠤᠷᠤᠭᠯᠠᠭᠤᠯᠤᠨ᠎ᠠ ᠭᠡᠵᠦ ᠠᠮᠠ ᠠᠯᠳᠠᠭᠰᠠᠨ ᠤᠴᠢᠷ ᠪᠣᠢ᠃ ᠡᠶᠢᠮᠦ ᠠᠴᠠ ᠡᠰᠡᠨ ᠲᠠᠶᠢᠱᠢ 1449 ᠣᠨ ᠤ ᠬᠠᠪᠤᠷ᠂ ᠡᠯᠴᠢ ᠳᠤ ᠬᠦᠨᠳᠦ ᠪᠡᠯᠡᠭ ᠪᠠᠷᠢᠭᠤᠯᠵᠤ᠂ ᠮᠢᠩ ᠤᠯᠤᠰ ᠲᠤ ᠢᠯᠡᠭᠡᠨ᠂ ᠤᠷᠤᠭ ᠬᠤᠷᠢᠮ ᠤᠨ ᠶᠠᠪᠤᠳᠠᠯ ᠢ ᠲᠣᠳᠣᠯᠠᠨ ᠬᠡᠯᠡᠯᠴᠡᠭᠦᠯᠦᠭᠰᠡᠨ ᠳᠤ᠂ ᠮᠢᠩ ᠤᠯᠠᠰ ᠤᠨ ᠵᠠᠰᠠᠭ ᠤᠨ ᠭᠠᠵᠠᠷ ᠠᠴᠠ ᠠᠮᠠᠯᠳᠠᠭᠰᠠᠨ ᠢᠶᠠᠨ ᠢᠳᠡᠵᠦ ᠤᠷᠤᠭ ᠤᠨ ᠶᠠᠪᠤᠳᠠᠯ ᠢ ᠲᠠᠰᠤ ᠮᠡᠯᠵᠢᠭᠰᠡᠨ ᠪᠠᠶᠢᠨ᠎ᠠ᠃ ᠡᠨᠡ ᠶᠠᠪᠤᠳᠠᠯ ᠠᠴᠠ ᠪᠣᠯᠵᠤ ᠡᠰᠡᠨ ᠲᠠᠶᠢᠱᠢ ᠶᠡᠬᠡᠳᠡ ᠲᠠᠴᠢᠶᠠᠳᠠᠨ ᠬᠢᠯᠢᠩᠨᠡᠵᠦ᠂ ᠮᠢᠩ ᠤᠯᠤᠰ ᠢᠲᠡᠭᠡᠯ ᠵᠢᠷᠤᠮ ᠠᠴᠠ ᠲᠡᠷᠰᠯᠡᠪᠡ ᠬᠡᠮᠡᠨ᠂ ᠮᠥᠨ ᠣᠨ ᠤ 7 ᠰᠠᠷ᠎ᠠ ᠳᠤ ᠣᠶᠢᠷᠠᠳ᠂ ᠮᠣᠩᠭᠤᠯ ᠤᠨ ᠡᠯ᠎ᠡ ᠠᠶᠢᠮᠠᠭ ᠲᠤ᠄ ︽ᠮᠢᠩ ᠤᠯᠤᠰ ᠤᠨ ᠬᠠᠭᠠᠨ ᠢ ᠡᠮᠦᠨᠡᠰᠢ ᠬᠥᠭᠡᠭᠡᠵᠦ᠂ ᠮᠠᠨᠤᠰ ᠤᠨ ᠳᠠᠶᠢᠳᠤ ᠬᠤᠲᠠ ᠪᠠᠨ ᠪᠤᠴᠠᠭᠠᠨ ᠠᠪᠰᠤᠭᠠᠢ︕︾ ᠭᠡᠵᠦ ᠤᠷᠢᠶᠠᠯᠠᠨ᠂ ᠳᠥᠷᠪᠡᠨ ᠵᠠᠮ ᠢᠶᠠᠷ ᠴᠡᠷᠢᠭ ᠬᠤᠪᠢᠶᠠᠵᠤ ᠮᠢᠩ ᠤᠯᠤᠰ ᠢ ᠤᠤᠯᠭᠠᠯᠠᠪᠠ᠃ ᠡᠰᠡᠨ ᠲᠠᠶᠢᠱᠢ ᠪᠡᠶ᠎ᠡ ᠪᠠᠷ ᠢᠶᠠᠨ ᠬᠤᠶᠠᠷ ᠲᠦᠮᠡᠨ ᠴᠡᠷᠢᠭ ᠳᠠᠶᠢᠴᠢᠯᠠᠵᠤ ᠳ᠋ᠠᠲ᠋ᠦ᠋ᠩ ᠢ ᠪᠠᠶᠢᠯᠳᠤᠨ ᠮᠣᠣ ᠡᠯ ᠵᠤᠸᠠᠩ ᠳᠤ ᠬᠦᠷᠦᠭᠰᠡᠨ ᠳᠤ᠂ ᠮᠢᠩ ᠤᠯᠤᠰ ᠤᠨ ᠪᠠᠷᠠᠭᠤᠨ ᠭᠠᠷ ᠤᠨ ᠵᠢᠭᠦᠷ ᠤᠨ ᠵᠠᠩᠵᠤᠨ ᠡᠦ ᠬᠤᠣ ᠲᠣᠰᠴᠤ ᠪᠠᠶᠢᠯᠳᠤᠭᠠᠳ ᠳᠠᠶᠢᠨ ᠤ ᠲᠠᠯᠠᠪᠤᠷ ᠲᠤ ᠪᠡᠶ᠎ᠡ ᠪᠠᠷᠠᠪᠠ᠃ ᠳᠠᠶᠢᠰᠤᠩ ᠬᠠᠭᠠᠨ ᠳᠣᠭᠲᠤᠭ᠎ᠠ ᠪᠠᠬᠢ ᠨᠢᠭᠡ ᠰᠠᠯᠠᠭ᠎ᠠ ᠴᠡᠷᠢᠭ ᠠᠪᠴᠤ ᠯᠢᠶᠣᠤᠳᠦ᠋ᠩ ᠣᠷᠣᠨ ᠢ ᠳᠣᠪᠲᠣᠯᠪᠠ᠃ ᠪᠠᠷᠠᠭᠤᠨ ᠭᠠᠷᠤᠨ ᠪᠠᠭᠠᠲᠤᠳ ᠤᠨ ᠠᠯᠠᠭ ᠲᠡᠮᠦᠷ ᠴᠢᠩᠰᠠᠩ ᠨᠢᠭᠡᠨ ᠰᠠᠯᠠᠭ᠎ᠠ ᠴᠡᠷᠢᠭ ᠢᠶᠠᠷ ᠰᠢᠤᠸᠠᠨ ᠹᠦ᠋ ᠬᠤᠲᠠ ᠶᠢ ᠪᠠᠶᠢᠯᠳᠤᠵᠤ ᡂᠢ ᠴᠧᠩ ᠢ ᠪᠦᠰᠡᠯᠡᠪᠡ᠃ ᠠᠯᠴᠤ ᠵᠠᠩᠵᠤᠨ ᠪᠠᠰᠠ ᠨᠢᠭᠡᠨ ᠰᠠᠯᠠᠭ᠎ᠠ ᠴᠡᠷᠢᠭ ᠵᠢᠯᠣᠭᠤᠳᠤᠨ ᠱᠠᠮᠰᠢ ᠭᠠᠮᠵᠤ ᠣᠷᠣᠨ ᠢ ᠤᠤᠯᠭᠠᠯᠠᠭᠠᠳ ᠳᠥᠷᠪᠡᠨ ᠵᠠᠮ ᠤᠨ ᠴᠡᠷᠢᠭ ᠪᠠᠷᠤᠭ ᠵᠡᠷᠭᠡ ᠪᠠᠷ ᠮᠢᠩ ᠤᠯᠤᠰ ᠤᠨ ᠨᠤᠲᠤᠭ ᠲᠤ ᠴᠥᠮᠥᠷᠡᠨ ᠣᠷᠣᠵᠤ᠂ ᠮᠢᠩ ᠬᠠᠭᠠᠨ ᠤ ᠴᠡᠷᠢᠭ ᠤᠨ ᠬᠦᠴᠦ ᠶᠢ ᠬᠡᠳᠦᠨ ᠲᠡᠶᠢᠰᠢ ᠪᠤᠲᠡᠷᠠᠭᠠᠭᠰᠠᠨ ᠶᠤᠮ᠃ ᠬᠢᠯᠢ ᠬᠢᠵᠠᠭᠠᠷ ᠤᠨ ᠬᠤᠲᠠ ᠪᠠᠬᠢᠯᠡᠯᠲᠡ ᠮᠣᠩᠭᠤᠯ ᠤᠨ ᠴᠡᠷᠢᠭ ᠲᠤ ᠵᠠᠯᠭ᠎ᠠ ᠵᠠᠯᠭ᠎ᠠ ᠪᠠᠷ ᠡᠵᠡᠯᠡᠭᠳᠡᠭᠰᠡᠨ ᠳᠤ᠂ ᠮᠢᠩ ᠤᠯᠤᠰ ᠤᠨ ᠨᠣᠶᠠᠷᠬᠠᠭᠴᠢ ᠪᠦᠯᠦᠭ ᠲᠦᠢᠯ ᠢᠶᠠᠷ ᠰᠣᠴᠢᠨ ᠬᠡᠯᠮᠡᠭᠳᠡᠵᠤ ᠪᠠᠯᠠᠭ ᠠᠯᠳᠠᠪᠠ᠃ ᠮᠢᠩ ᠤᠯᠤᠰ ᠤᠨ ᠢᠩᠽᠦ᠋ᠩ ᠬᠠᠭᠠᠨ ᠵᠦ ᠴᠢ ᠵᠧᠨ ᠰᠢᠳᠤᠷᠭᠤ ᠰᠠᠶᠢᠳ ᠤᠨ ᠴᠢᠬᠡᠴᠢ ᠢᠳᠬᠠᠯ ᠢ ᠡᠰᠡ ᠬᠡᠷᠡᠭᠰᠡᠵᠦ᠂ ᠵᠠᠯᠢᠬᠠᠢ ᠲᠦᠰᠢᠮᠡᠯ ᠲᠠᠶᠢᠭᠠᠨ ᠸᠠᠩ ᠵᠧᠨ ᠤ ᠥᠳᠥᠭᠡᠯᠭᠡ ᠪᠠᠷ ᠰᠡᠩᠳᠡ ᠮᠡᠩᠳᠡ ᠲᠠᠪᠢᠨ ᠲᠦᠮᠡᠨ ᠴᠡᠷᠢᠭ ᠳᠠᠶᠢᠴᠢᠯᠠᠨ᠂ ᠸᠠᠩ ᠵᠧᠨ ᠨᠠᠷ ᠢ ᠳᠠᠭᠠᠭᠤᠯᠵᠤ᠂ ᠪᠡᠭᠡᠵᠢᠩ ᠠᠴᠠ ᠮᠣᠷᠳᠠᠵᠤ᠂ ᠴᠠᠪᠴᠢᠶᠠᠯ ᠪᠣᠭᠤᠮᠲᠠ ᠶᠢ ᠥᠩᠭᠡᠷᠡᠨ ᠮᠥᠨ ᠣᠨ ᠤ 8 ᠰᠠᠷ᠎ᠠ ᠶᠢᠨ 2 ᠤ ᠡᠳᠦᠷ ᠳ᠋ᠠᠲ᠋ᠦ᠋ᠩ ᠳᠤ ᠬᠦᠷᠴᠦ ᠮᠣᠩᠭᠤᠯ     ᠴᠡᠷᠢᠭ ᠢ ᠤᠭᠲᠤᠨ ᠪᠠᠶᠢᠯᠳᠤᠪᠠ᠃ ᠢᠩᠽᠦ᠋ᠩ ᠬᠠᠭᠠᠨ ᠳ᠋ᠠᠲ᠋ᠦ᠋ᠩ ᠬᠦᠷᠦᠮᠡᠭᠴᠡ ᠳᠠᠶᠢᠨ ᠤ ᠠᠰᠢᠭ ᠠᠯᠳᠠᠭᠰᠠᠨ ᠮᠡᠳᠡᠭᠡ ᠣᠯᠣᠭᠰᠠᠨ ᠲᠤᠯᠠ ᠲᠡᠷᠡ ᠳᠠᠷᠤᠢ ᠵᠠᠷᠯᠢᠭ ᠪᠠᠭᠤᠯᠭᠠᠨ ᠴᠡᠷᠢᠭ ᠢᠶᠠᠨ ᠣᠷᠣᠭᠤᠯᠤᠭᠰᠠᠨ ᠳᠤ᠂ ᠬᠠᠭᠤᠷᠮᠠᠭ ᠢᠶᠠᠷ ᠤᠬᠤᠷᠢᠵᠤ ᠪᠠᠶᠢᠭᠰᠠᠨ ᠡᠰᠡᠨ ᠲᠠᠶᠢᠱᠢ ᠶᠢᠨ ᠬᠥᠩᠭᠡᠨ ᠮᠣᠷᠢᠲᠤ ᠴᠡᠷᠢᠭ ᠤᠬᠤᠰᠬᠢᠨ ᠳᠠᠪᠰᠢᠵᠤ᠂ ᠰᠠᠯᠤᠯ ᠦᠭᠡᠢ ᠮᠥᠷᠳᠡᠵᠦ᠂ ᠢᠩᠽᠦ᠋ᠩ ᠬᠠᠭᠠᠨ ᠤ ᠴᠡᠷᠢᠭ ᠳᠥᠩᠭᠡᠵᠢ ᠲᠥᠮᠦᠪᠤᠤ ︵ᠣᠳᠣᠬᠢ ᠾᠧᠪᠧᠢ ᠮᠤᠵᠢ ᠶᠢᠨ ᠬᠤᠸᠠᠢ ᠯᠠᠢ ᠰᠢᠶᠠᠨ ᠤ ᠪᠠᠷᠠᠭᠤᠨ ᠳᠤ ᠪᠠᠶᠢᠪᠠ︶ ᠲᠤ ᠬᠦᠷᠲᠡᠯ᠎ᠡ ᠨᠡᠬᠡᠮᠵᠢᠯᠡᠨ ᠭᠦᠢᠴᠡᠭᠡᠳ ᠪᠦᠰᠡᠯᠡᠨ ᠠᠪᠴᠠᠢ᠃ ᠲᠥᠮᠦᠪᠣᠣ ᠪᠣᠯ ᠨᠠᠨᠱᠠᠨ ᠠᠭᠤᠯᠠᠨ ᠤ ᠪᠠᠷᠠᠭᠤᠨ ᠪᠡᠯ ᠳᠤ ᠪᠠᠶᠢᠳᠠᠭ ᠳᠥᠷᠪᠡᠨ ᠲᠠᠯ᠎ᠠ ᠪᠠᠷ ᠢᠶᠠᠨ ᠠᠭᠤᠯᠠ ᠪᠠᠷ ᠬᠦᠷᠢᠶᠡᠯᠡᠭᠳᠡᠭᠰᠡᠨ ᠨᠢᠭᠡ ᠪᠢᠴᠢᠬᠠᠨ ᠴᠠᠶᠢᠵᠠ ᠶᠤᠮ᠃ ᠤᠤᠯ ᠭᠠᠵᠠᠷ ᠨᠢ ᠥᠨᠳᠥᠷᠯᠡᠭ ᠪᠥᠭᠡᠳ ᠤᠰᠤ ᠦᠭᠡᠢ᠂ ᠲᠡᠨᠳᠡ ᠠᠴᠠ ᠠᠷᠪᠠᠨ ᠲᠠᠪᠤᠨ ᠭᠠᠵᠠᠷ ᠵᠠᠶᠢᠲᠠᠢ ᠪᠠᠶᠢᠭ᠎ᠠ ᠰᠠᠩᠭᠠᠨ ᠭᠤᠣᠯ ᠢ ᠣᠶᠢᠷᠠᠳ ᠤᠨ ᠴᠡᠷᠢᠭ ᠬᠡᠳᠦ᠋ᠢᠨ ᠡᠵᠡᠯᠡᠨ ᠠᠪᠤᠭᠰᠠᠨ ᠪᠠᠶᠢᠵᠠᠢ᠃ ᠤᠬᠤᠷᠢᠯᠲᠠ ᠬᠢᠬᠦ ᠳᠤ ᠰᠢᠷᠦᠭᠦᠨ ᠵᠠᠮᠨᠠᠭᠰᠠᠨ ᠮᠢᠩ ᠤᠯᠤᠰ ᠤᠨ ᠴᠡᠷᠢᠭ᠂ ᠮᠣᠷᠢ ᠤᠯᠠᠮ ᠢᠶᠠᠷ ᠤᠮᠳᠠᠭᠠᠰᠴᠤ ᠴᠠᠩᠭᠠᠭᠰᠠᠭᠠᠷ ᠪᠠᠶᠢᠯᠳᠤᠬᠤ ᠬᠦᠴᠦ ᠪᠠᠨ ᠢᠳᠡᠭ ᠢᠳᠡᠭ ᠢᠶᠠᠷ ᠠᠯᠳᠠᠵᠤ ᠢᠷᠡᠬᠦ ᠳᠤ᠂ ᠮᠣᠩᠭᠤᠯ ᠴᠡᠷᠢᠭ ᠤᠨ ᠳᠠᠭᠠᠷᠢᠯᠲᠠ ᠬᠢᠬᠦ ᠠᠰᠢᠭᠲᠠᠢ ᠴᠠᠭ ᠲᠣᠬᠢᠶᠠᠯ ᠤᠯᠠᠮ ᠢᠶᠠᠷ ᠪᠣᠯᠪᠠᠰᠤᠷᠠᠵᠤ ᠪᠠᠶᠢᠪᠠ᠃ ︽ᠴᠡᠷᠢᠭ ᠤᠨ ᠮᠡᠭᠡ ᠳᠤ ᠴᠡᠭᠡᠷ ᠦᠭᠡᠢ︾ ᠭᠡᠳᠡᠭ ᠢᠶᠠᠷ᠂ ᠤᠷᠠᠨ ᠠᠷᠭ᠎ᠠ ᠮᠡᠷᠭᠡᠨ ᠪᠣᠳᠣᠯᠭ᠎ᠠ ᠲᠠᠢ ᠡᠰᠡᠨ ᠲᠠᠶᠢᠱᠢ 8 ᠰᠠᠷ᠎ᠠ ᠶᠢᠨ 15 ᠤ ᠡᠳᠦᠷ ᠮᠢᠩ ᠤᠯᠤᠰ ᠤᠨ ᠬᠠᠭᠠᠨ ᠳᠤ ᠡᠯᠴᠢ ᠵᠠᠷᠤᠵᠤ᠂ ᠡᠪᠰᠡᠨ ᠨᠠᠶᠢᠷᠠᠮᠳᠠᠬᠤ ᠬᠡᠯᠡᠯᠴᠡᠭᠡᠷ ᠬᠢᠬᠦ ᠰᠠᠨᠠᠯ ᠳᠤᠷᠠᠳᠪᠠ᠃ ᠢᠩᠽᠦ᠋ᠩ ᠬᠠᠭᠠᠨ ᠦᠨᠡᠮᠰᠢᠵᠦ᠂ ᠬᠤᠶᠠᠷ ᠲᠦᠰᠢᠮᠡᠯ ᠢᠶᠠᠨ ᠬᠡᠯᠡᠯᠴᠡᠭᠡᠷ ᠬᠢᠯᠭᠡᠬᠦ ᠪᠠᠷ ᠣᠶᠢᠷᠠᠳ ᠤᠨ ᠴᠡᠷᠢᠭ ᠤᠨ ᠬᠤᠸᠠᠷᠠᠨ ᠳᠤ ᠢᠯᠡᠭᠡᠬᠦ ᠶᠢᠨ ᠬᠠᠮᠲᠤ᠂ ᠪᠠᠬᠢᠯᠡᠯᠲᠡ ᠰᠠᠭᠤᠨ ᠠᠴᠠ ᠪᠠᠨ ᠭᠠᠷᠴᠤ ᠴᠡᠷᠢᠭ ᠢᠶᠠᠨ ᠳᠠᠭᠠᠭᠤᠯᠤᠨ ᠤᠰᠤ ᠲᠠᠢ ᠭᠠᠵᠠᠷ ᠰᠢᠯᠵᠢᠬᠦ ᠪᠠᠷ ᠰᠡᠷᠡᠮᠵᠢ ᠦᠭᠡᠢ ᠵᠠᠮᠨᠠᠵᠤ ᠪᠠᠶᠢᠲᠠᠯ᠎ᠠ᠂ ᠣᠶᠢᠷᠠᠳ ᠤᠨ ᠴᠡᠷᠢᠭ ᠭᠡᠨᠡᠳᠲᠡ ᠳᠥᠷᠪᠡᠨ ᠵᠦᠭ ᠨᠠᠶᠢᠮᠠᠨ ᠵᠣᠪᠬᠢᠰ ᠠᠴᠠ ᠬᠤᠮᠢᠨ ᠬᠠᠭᠠᠵᠤ ᠳᠠᠭᠠᠷᠢᠨ ᠣᠷᠣᠵᠠᠢ᠃ ᠮᠢᠩ ᠤᠨ ᠴᠡᠷᠢᠭ ᠶᠠᠮᠠᠷᠴᠤ ᠪᠡᠯᠡᠳᠬᠡᠯ ᠦᠭᠡᠢ ᠪᠠᠶᠢᠭᠰᠠᠨ ᠲᠤᠯᠠ ᠪᠠᠶᠢᠯᠳᠤᠬᠤ ᠬᠦᠴᠦ ᠪᠠᠨ ᠪᠦᠷᠢᠮᠦᠰᠦᠨ ᠠᠯᠳᠠᠵᠤ᠂ ᠮᠣᠩᠭᠤᠯ ᠴᠡᠷᠢᠭ ᠤᠨ ᠥᠭᠡᠳᠡ ᠠᠴᠠ ᠡᠰᠡᠷᠭᠦᠴᠡᠨ ᠲᠤᠯᠤᠯᠳᠤᠵᠤ ᠴᠢᠳᠠᠭᠰᠠᠨ ᠦᠭᠡᠢ᠂ ᠲᠡᠷᠡ ᠳᠠᠷᠤᠢ ᠪᠤᠲᠠ ᠨᠢᠷᠭᠡᠭᠳᠡᠵᠡᠢ᠃ ᠡᠨᠡ ᠤᠳᠠᠭᠠᠨ ᠤ ᠳᠠᠶᠢᠨ ᠳᠤ᠂ ᠮᠢᠩ ᠤᠯᠤᠰ ᠤᠨ ᠲᠣᠮᠣ ᠵᠠᠩᠵᠤᠨ ᠤ ᠣᠯᠠᠩᠬᠢ ᠨᠢ ᠳᠠᠶᠢᠨ ᠤ ᠲᠠᠯᠠᠪᠤᠷ ᠲᠤ ᠠᠮᠢ ᠪᠠᠨ ᠠᠯᠳᠠᠵᠤ᠂ ᠬᠤᠶᠠᠭ ᠴᠡᠷᠢᠭ ᠠᠴᠠ ᠠᠯᠠᠭᠳᠠᠬᠤ ᠨᠢ ᠠᠯᠠᠭᠳᠠᠵᠤ᠂ ᠦᠯᠡᠳᠡᠭᠰᠡᠨ ᠨᠢ ᠣᠶᠢᠷᠠᠳ ᠤᠨ ᠴᠡᠷᠢᠭ ᠲᠤ ᠪᠠᠭᠤᠨ ᠥᠭᠴᠦ ᠮᠢᠩ ᠤᠨ ᠴᠡᠷᠢᠭ ᠴᠥᠮ ᠢᠶᠠᠷ ᠢᠶᠠᠨ ᠰᠥᠨᠥᠭᠡᠭᠳᠡᠭᠰᠡᠨ ᠶᠤᠮ᠃ ᠡᠴᠦᠰ ᠲᠤ᠂ ᠢᠩᠽᠦ᠋ᠩ ᠬᠠᠭᠠᠨ ᠵᠦ᠋ ᠴᠢ ᠵᠧᠨ ᠪᠠᠰᠠ ᠮᠣᠩᠭᠤᠯ ᠤᠨ ᠴᠡᠷᠢᠭ ᠲᠤ ᠣᠯᠵᠠᠯᠠᠭᠳᠠᠭᠰᠠᠨ ᠳᠤ᠂ ᠮᠢᠩ ᠬᠠᠭᠠᠨ ᠤ ᠰᠢᠳᠠᠷ ᠲᠦᠰᠢᠮᠡᠳ ᠬᠤᠷᠣᠰᠬᠤ ᠳᠠᠭᠠᠨ ᠬᠠᠷᠭᠢᠰ ᠲᠠᠶᠢᠭᠠᠨ ᠸᠠᠩ ᠵᠧᠨ ᠢ ᠴᠠᠪᠴᠢᠨ ᠠᠯᠠᠵᠠᠢ᠃ ᠣᠶᠢᠷᠠᠳ ᠤᠨ ᠴᠡᠷᠢᠭ ︽ᠬᠤᠶᠠᠭ ᠲᠤᠭᠤᠯᠭ᠎ᠠ᠂ ᠵᠡᠷ ᠵᠡᠪᠰᠡᠭ᠂ ᠠᠮᠲᠠ ᠮᠥᠩᠭᠦ᠂ ᠬᠤᠷᠭᠤᠢ ᠲᠣᠷᠭ᠎ᠠ᠂ ᠬᠤᠨᠢ ᠦᠬᠡᠷ᠂ ᠯᠠᠭᠤᠰᠠ᠂ ᠮᠣᠷᠢ ᠵᠡᠷᠭᠡ ᠬᠡᠳᠦᠨ ᠠᠷᠪᠠᠨ ᠲᠦᠮᠡᠨ ᠢᠶᠠᠷ ᠣᠯᠵᠠᠯᠠᠨ ᠁︾ ᠮᠢᠩ ᠤᠯᠤᠰ ᠤᠨ ᠬᠠᠭᠠᠨ ᠵᠦ ᠴᠢ ᠵᠧᠨ ᠢ ᠮᠣᠩᠭᠤᠯ ᠭᠠᠵᠠᠷ ᠲᠠᠭᠠᠨ ᠠᠪᠠᠴᠢᠵᠤ ᠲᠡᠭᠦᠨ ᠳᠤ ︽ᠮᠤᠯᠣ ᠵᠠᠭᠲᠤ ᠨᠡᠷ᠎ᠡ ᠲᠠᠢ ᠡᠮ᠎ᠡ ᠶᠢ ᠥᠭᠴᠦ᠂ ᠮᠤᠬᠤᠷ ᠰᠡᠬᠦᠭᠡᠨ ᠨᠡᠷ᠎ᠡ ᠥᠭᠴᠦ ᠶᠦᠩᠰᠢᠶᠠᠪᠦ ᠶᠢᠨ ᠡᠰᠡᠨ ᠰᠠᠮᠠᠢ ᠵᠠᠷᠤᠵᠤ ᠶᠠᠪᠤᠪᠠ᠃︾ ᠡᠨᠡ ᠨᠢ ᠮᠢᠩ ᠤᠨ ᠲᠡᠦᠬᠡᠨ ᠳᠤ ᠠᠯᠳᠠᠷᠲᠠᠢ ︽ᠲᠥᠮᠦ ᠶᠢᠨ ᠬᠡᠷᠡᠭ ᠬᠤᠪᠢᠰᠤᠯ︾ ᠪᠣᠯᠣᠨ᠎ᠠ᠃ ᠡᠨᠡ ᠤᠳᠠᠭᠠᠨ ᠤ ᠪᠠᠶᠢᠯᠳᠤᠭᠠᠨ ᠨᠢ ᠤᠮᠠᠷᠠᠲᠤ ᠶᠤᠸᠠᠨ ᠬᠢᠭᠡᠳ ᠮᠢᠩ ᠤᠯᠤᠰ ᠤᠨ ᠬᠦᠴᠦᠨ ᠤ ᠬᠠᠷᠢᠴᠠᠯ ᠢ ᠲᠦᠢᠯᠪᠤᠷᠢᠲᠠᠢ ᠬᠤᠪᠢᠷᠠᠭᠤᠯᠵᠤ᠂ ᠲᠡᠭᠦᠨ ᠠᠴᠠ ᠬᠤᠶᠢᠰᠢ ᠮᠢᠩ ᠤᠯᠤᠰ ᠨᠢ ᠲᠠᠬᠢᠵᠤ ᠮᠣᠩᠭᠤᠯ ᠣᠷᠣᠨ ᠵᠦᠭ ᠤᠤᠯᠭᠠᠯᠠᠨ ᠳᠣᠪᠲᠣᠯᠬᠤ ᠬᠦᠴᠦᠨ ᠲᠡᠩᠬᠡᠭᠡ ᠦᠭᠡᠢ ᠪᠣᠯᠣᠭᠰᠠᠨ ᠶᠤᠮ᠃
 
ᠢᠷᠡᠯᠲᠡ᠄ ᠤᠯᠠᠭᠠᠨᠬᠠᠳᠠ ᠬᠣᠲᠠ ᠶᠢᠨ ᠵᠠᠰᠠᠭ ᠤᠨ ᠣᠷᠲᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号