ᠬᠢᠨᠡᠨ ᠪᠤᠳᠤᠬᠤ ᠲᠤᠪᠴᠢᠶ᠎ᠠ
ᠨᠡᠶᠢᠲᠡᠯᠡᠭᠰᠡᠨ ᠴᠠᠭ᠄
2017/8/28
ᠭᠤᠤᠯ ᠡᠭᠦᠷᠭᠡ ᠬᠠᠷᠢᠭᠤᠴᠠᠯᠭ᠎ᠠ᠄     ᠨᠢᠭᠡ᠂ ᠪᠦᠬᠦ ᠲᠤᠭᠤᠷᠢᠭ ᠤᠨ ᠬᠢᠨᠡᠨ ᠪᠤᠳᠤᠬᠤ ᠠᠵᠢᠯ ᠢ ᠭᠤᠤᠯᠴᠢᠯᠡᠨ ᠬᠠᠮᠢᠶᠠᠷᠤᠨ᠎ᠠ᠃ ᠰᠦᠩ ᠱᠠᠨ ᠲᠤᠭᠤᠷᠢᠭ ᠤᠨ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠪᠠ ᠬᠠᠤᠯᠢ ᠴᠠᠭᠠᠵᠠ ᠬᠠᠤᠯᠢ ᠳᠦᠷᠢᠮ ᠳᠤ ᠲᠤᠭᠲᠠᠭᠠᠭᠰᠡᠨ ᠬᠢᠨᠡᠨ ᠪᠤᠳᠤᠵᠦ ᠬᠢᠨᠡᠯᠲᠡ ᠲᠠᠯᠪᠢᠬᠤ ᠭᠦᠷᠢᠶ᠎ᠡ ᠬᠡᠪᠴᠢᠶᠡᠨ ᠳᠤ ᠬᠠᠷᠢᠶᠠᠯᠠᠭᠳᠠᠬᠤ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ ᠦᠨᠡᠨ ᠪᠤᠳᠠᠳᠦ ᠴᠢᠨᠡᠷ᠂ ᠬᠠᠤᠯᠢ ᠳᠤ ᠨᠡᠶᠢᠴᠡᠬᠦ ᠴᠢᠨᠡᠷ ᠪᠠ ᠦᠷ᠎ᠡ ᠠᠰᠢᠭᠳᠦ ᠴᠢᠨᠡᠷ ᠢ ᠬᠢᠨᠡᠨ ᠪᠤᠳᠤᠵᠦ ᠬᠢᠨᠡᠯᠲᠡ ᠲᠠᠯᠪᠢᠬᠤ ᠶᠢ ᠬᠠᠷᠢᠭᠤᠴᠠᠨ᠎ᠠ᠃ ᠬᠢᠨᠡᠨ ᠪᠤᠳᠤᠬᠤ᠂ ᠲᠤᠰᠬᠠᠢ ᠲᠦᠷᠦᠯ ᠤᠨ ᠬᠢᠨᠡᠨ ᠪᠤᠳᠤᠵᠦ ᠪᠠᠶᠢᠴᠠᠭᠠᠨ ᠰᠤᠳᠤᠯᠤᠯᠲᠠ ᠬᠢᠬᠦ ᠪᠠ ᠨᠡᠶᠢᠭᠡᠮ ᠤᠨ ᠬᠢᠨᠡᠨ ᠪᠤᠳᠤᠬᠤ ᠪᠠᠶᠢᠭᠤᠯᠤᠮᠵᠢ ᠶᠢᠨ ᠬᠠᠮᠢᠶ᠎ᠠ ᠪᠦᠭᠦᠢ ᠬᠢᠨᠡᠨ ᠪᠤᠳᠤᠭᠰᠡᠨ ᠮᠡᠳᠡᠭᠦᠯᠦᠯᠲᠡ ᠶᠢᠨ ᠦᠷ᠎ᠡ ᠳ᠋ᠦᠩ ᠢ ᠬᠠᠷᠭᠤᠭᠤᠯᠤᠨ ᠪᠠᠶᠢᠴᠠᠭᠠᠬᠤ ᠬᠠᠷᠢᠭᠤᠴᠠᠯᠭ᠎ᠠ ᠶᠢ ᠡᠭᠦᠷᠭᠡᠯᠡᠬᠦ ᠶᠢᠨ ᠬᠠᠮᠳᠦ ᠬᠢᠨᠡᠨ ᠪᠤᠳᠤᠯᠲᠠ ᠬᠢᠯᠭᠡᠵᠦ ᠪᠠᠶᠢᠭ᠎ᠠ ᠨᠢᠭᠡᠴᠡ ᠶᠢᠨ ᠦᠭᠡᠷᠡᠴᠢᠯᠡᠨ ᠵᠠᠰᠠᠬᠤ ᠶᠢ ᠱᠠᠭᠠᠷᠳᠠᠨ ᠪᠠᠶᠢᠴᠠᠭᠠᠬᠤ ᠬᠠᠷᠢᠭᠤᠴᠠᠯᠭ᠎ᠠ ᠶᠢ ᠡᠭᠦᠷᠭᠡᠯᠡᠨ᠎ᠠ᠃     ᠬᠤᠶᠠᠷ᠂ ᠤᠯᠤᠰ᠂ ᠦᠪᠡᠷᠲᠡᠭᠡᠨ ᠵᠠᠰᠠᠬᠤ ᠤᠷᠤᠨ᠂ ᠤᠯᠠᠭᠠᠨᠬᠠᠲᠠ ᠬᠤᠲᠠ ᠶᠢᠨ ᠬᠠᠮᠢᠶ᠎ᠠ ᠪᠦᠭᠦᠢ ᠬᠢᠨᠡᠨ ᠪᠤᠳᠤᠯᠲᠠ ᠶᠢᠨ ᠠᠵᠢᠯ ᠤᠨ ᠴᠢᠭᠯᠡᠯᠲᠡ ᠲᠦᠷᠦ ᠶᠢᠨ ᠪᠤᠳᠤᠯᠭ᠎ᠠ ᠬᠠᠤᠯᠢ ᠴᠠᠭᠠᠵᠠ ᠬᠠᠤᠯᠢ ᠳᠦᠷᠢᠮ ᠢ ᠲᠤᠤᠱᠯᠠᠭᠤᠯᠤᠨ ᠬᠡᠷᠡᠭᠵᠢᠭᠦᠯᠵᠦ᠂ ᠬᠢᠨᠡᠨ ᠪᠤᠳᠤᠬᠤ ᠳᠦᠷᠢᠮ ᠲᠤᠭᠲᠠᠭᠠᠯ ᠲᠤᠭᠲᠠᠭᠠᠬᠤ ᠶᠢᠨ ᠬᠠᠮᠳᠦ ᠬᠢᠨᠡᠯᠲᠡ ᠲᠠᠯᠪᠢᠨ ᠬᠡᠷᠡᠭᠵᠢᠭᠦᠯᠦᠨ᠎ᠠ᠃ ᠰᠦᠩ ᠱᠠᠨ ᠲᠤᠭᠤᠷᠢᠭ ᠤᠨ ᠬᠢᠨᠡᠨ ᠪᠤᠳᠤᠬᠤ ᠠᠵᠢᠯ ᠤᠨ ᠭᠦᠭᠵᠢᠯᠲᠠ ᠶᠢᠨ ᠲᠦᠯᠦᠪᠵᠢᠭᠦᠯᠭᠡ ᠪᠠ ᠲᠤᠰᠬᠠᠢ ᠭᠦᠷᠢᠶ᠎ᠡ ᠬᠡᠪᠴᠢᠶᠡᠨ ᠤ ᠬᠢᠨᠡᠨ ᠪᠤᠳᠤᠬᠤ ᠠᠵᠢᠯ ᠤᠨ ᠲᠦᠯᠦᠪᠵᠢᠭᠦᠯᠭᠡ ᠶᠢ ᠲᠤᠭᠲᠠᠭᠠᠬᠤ ᠶᠢᠨ ᠬᠠᠮᠳᠦ ᠵᠤᠬᠢᠶᠠᠨ ᠪᠠᠶᠢᠭᠤᠯᠤᠨ ᠬᠡᠷᠡᠭᠵᠢᠭᠦᠯᠵᠦ᠂ ᠤᠨ ᠤ ᠬᠢᠨᠡᠨ ᠪᠤᠳᠤᠬᠤ ᠲᠦᠯᠦᠪᠯᠡᠭᠡ ᠶᠢ ᠲᠤᠭᠲᠠᠭᠠᠬᠤ ᠪᠠ ᠬᠡᠷᠡᠭᠵᠢᠭᠦᠯᠦᠨ᠎ᠠ᠃ ᠰᠢᠭᠤᠳ ᠬᠢᠨᠡᠨ ᠪᠤᠳᠤᠵᠦ᠂ ᠪᠠᠶᠢᠴᠠᠭᠠᠨ ᠰᠤᠳᠤᠯᠬᠤ ᠪᠠ ᠬᠠᠷᠭᠤᠭᠤᠯᠤᠨ ᠪᠠᠶᠢᠴᠠᠭᠠᠬᠤ ᠬᠡᠷᠡᠭ ᠤᠴᠢᠷ ᠲᠤ ᠬᠠᠤᠯᠢ ᠶᠤᠰᠤᠭᠠᠷ ᠬᠢᠨᠡᠨ ᠪᠤᠳᠤᠵᠦ ᠦᠨᠡᠯᠡᠨ᠂ ᠬᠢᠨᠡᠨ ᠪᠤᠳᠤᠭᠰᠡᠨ ᠰᠢᠢᠳᠪᠦᠷᠢ ᠭᠠᠷᠭᠠᠬᠤ ᠪᠤᠶᠤ ᠬᠢᠨᠡᠨ ᠪᠤᠳᠤᠭᠰᠡᠨ ᠰᠠᠨᠠᠭᠤᠯᠭ᠎ᠠ ᠳᠤᠷᠠᠳᠤᠨ᠎ᠠ᠃     ᠭᠤᠷᠪᠠ᠂ ᠰᠦᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠳᠤ ᠤᠨ ᠤ ᠰᠦᠩ ᠱᠠᠨ ᠲᠤᠭᠤᠷᠢᠭ ᠤᠨ ᠱᠠᠳᠤᠨ ᠤ ᠲᠦᠰᠦᠪ ᠢ ᠭᠦᠢᠴᠡᠳᠬᠡᠭᠰᠡᠨ ᠪᠠ ᠪᠤᠰᠤᠳ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ ᠪᠠᠶᠢᠳᠠᠯ ᠤᠨ ᠬᠢᠨᠡᠨ ᠪᠤᠳᠤᠭᠰᠡᠨ ᠦᠷ᠎ᠡ ᠳ᠋ᠦᠩ ᠤᠨ ᠮᠡᠳᠡᠭᠦᠯᠦᠯᠲᠡ ᠶᠢ ᠲᠤᠰᠢᠶᠠᠨ᠎ᠠ︔ ᠰᠦᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠨᠠᠶᠢᠳᠠᠯᠭ᠎ᠠ ᠪᠠᠷ ᠰᠦᠩ ᠱᠠᠨ ᠲᠤᠭᠤᠷᠢᠭ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ ᠲᠤᠭᠤᠷᠢᠭ ᠤᠨ ᠲᠤᠰ ᠱᠠᠳᠤᠨ ᠤ ᠲᠦᠰᠦᠪ ᠢ ᠭᠦᠢᠴᠡᠳᠬᠡᠭᠰᠡᠨ ᠪᠠ ᠪᠤᠰᠤᠳ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ ᠪᠠᠶᠢᠳᠠᠯ ᠢ ᠬᠢᠨᠡᠨ ᠪᠤᠳᠤᠭᠰᠡᠨ ᠠᠵᠢᠯ ᠤᠨ ᠮᠡᠳᠡᠭᠦᠯᠦᠯᠲᠡ᠂ ᠬᠢᠨᠡᠨ ᠪᠤᠳᠤᠵᠦ ᠢᠯᠡᠷᠡᠭᠦᠯᠦᠭᠰᠡᠨ ᠠᠰᠠᠭᠤᠳᠠᠯ ᠢ ᠵᠠᠯᠠᠷᠠᠭᠤᠯᠬᠤ ᠪᠠ ᠰᠢᠢᠳᠪᠦᠷᠢᠯᠡᠬᠦ ᠦᠷ᠎ᠡ ᠳ᠋ᠦᠩ ᠤᠨ ᠮᠡᠳᠡᠭᠦᠯᠦᠯᠲᠡ ᠶᠢ ᠳᠤᠷᠠᠳᠤᠨ᠎ᠠ︔ ᠰᠦᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠳᠤ ᠪᠤᠰᠤᠳ ᠬᠡᠷᠡᠭ ᠤᠴᠢᠷ ᠢ ᠬᠢᠨᠡᠨ ᠪᠤᠳᠤᠭᠰᠡᠨ ᠪᠠ ᠲᠤᠰᠬᠠᠢ ᠲᠦᠷᠦᠯ ᠢᠶᠠᠷ ᠬᠢᠨᠡᠨ ᠪᠤᠳᠤᠵᠦ ᠪᠠᠶᠢᠴᠠᠭᠠᠨ ᠰᠤᠳᠤᠯᠤᠭᠰᠡᠨ ᠪᠠᠶᠢᠳᠠᠯ ᠵᠢᠴᠢ ᠦᠷ᠎ᠡ ᠳ᠋ᠦᠩ ᠢ ᠮᠡᠳᠡᠭᠦᠯᠦᠨ᠎ᠠ︔ ᠬᠢᠨᠡᠨ ᠪᠤᠳᠤᠭᠰᠡᠨ ᠦᠷ᠎ᠡ ᠳ᠋ᠦᠩ ᠢ ᠬᠠᠤᠯᠢ ᠶᠤᠰᠤᠭᠠᠷ ᠨᠡᠶᠢᠭᠡᠮ ᠳᠤ ᠨᠡᠶᠢᠳᠡᠯᠡᠨ᠎ᠠ︔ ᠰᠦᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠬᠠᠮᠢᠶ᠎ᠠ ᠪᠦᠭᠦᠢ ᠰᠠᠯᠠᠭ᠎ᠠ ᠮᠦᠴᠢᠷ ᠲᠤ ᠬᠢᠨᠡᠨ ᠪᠤᠳᠤᠭᠰᠡᠨ ᠪᠠᠶᠢᠳᠠᠯ ᠪᠠ ᠬᠢᠨᠡᠨ ᠪᠤᠳᠤᠭᠰᠡᠨ ᠦᠷ᠎ᠡ ᠳ᠋ᠦᠩ ᠢ ᠮᠡᠳᠡᠭᠡᠯᠡᠨ᠎ᠡ᠃     ᠲᠥᠷᠪᠡ᠂ ᠲᠤᠭᠲᠠᠭᠠᠯ ᠶᠤᠰᠤᠭᠠᠷ ᠰᠦᠩ ᠱᠠᠨ ᠲᠤᠭᠤᠷᠢᠭ ᠤᠨ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ᠂ ᠰᠢᠶᠠᠩ ᠪᠠᠯᠭᠠᠰᠤ᠂ ᠵᠠᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠨᠡᠮ ᠵᠠᠰᠠᠭ ᠤᠨ ᠤᠳᠤᠷᠢᠳᠬᠤ ᠺᠠᠳ᠋ᠷ ᠵᠢᠴᠢ ᠲᠤᠭᠤᠷᠢᠭ ᠤᠨ ᠬᠢᠨᠡᠨ ᠪᠤᠳᠤᠬᠤ ᠲᠤᠪᠴᠢᠶ᠎ᠠ ᠶᠢᠨ ᠬᠢᠨᠡᠨ ᠪᠤᠳᠤᠵᠦ ᠬᠢᠨᠡᠯᠲᠡ ᠲᠠᠯᠪᠢᠬᠤ ᠡᠲᠡᠭᠡᠳ ᠲᠤ ᠬᠠᠤᠯᠢ ᠶᠤᠰᠤᠭᠠᠷ ᠬᠠᠷᠢᠶᠠᠯᠠᠭᠳᠠᠬᠤ ᠪᠤᠰᠤᠳ ᠨᠢᠭᠡᠴᠡ ᠶᠢᠨ ᠭᠤᠤᠯ ᠬᠠᠷᠢᠭᠤᠴᠠᠯᠭᠠᠲᠡᠨ ᠳᠤ ᠠᠵᠦ ᠠᠬᠤᠢ ᠶᠢᠨ ᠬᠠᠷᠢᠭᠤᠴᠠᠯᠭ᠎ᠠ ᠶᠢᠨ ᠬᠢᠨᠡᠨ ᠪᠤᠳᠤᠯᠲᠠ ᠬᠢᠨ᠎ᠡ᠃     ᠲᠠᠪᠤ᠂ ᠤᠯᠤᠰ ᠤᠨ ᠡᠳ᠋ ᠤᠨ ᠵᠠᠰᠠᠭ ᠠᠵᠦ ᠠᠬᠤᠢ ᠶᠢᠨ ᠬᠠᠤᠯᠢ ᠴᠠᠭᠠᠵᠠ᠂ ᠬᠠᠤᠯᠢ ᠳᠦᠷᠢᠮ᠂ ᠳᠦᠷᠢᠮ ᠲᠤᠭᠲᠠᠭᠠᠯ᠂ ᠲᠦᠷᠦ ᠶᠢᠨ ᠪᠤᠳᠤᠯᠭ᠎ᠠ ᠶᠢ ᠲᠤᠤᠱᠯᠠᠭᠤᠯᠤᠨ ᠬᠡᠷᠡᠭᠵᠢᠭᠦᠯᠦᠭᠰᠡᠨ ᠪᠠ ᠬᠤᠷᠸ᠎ᠠ ᠲᠤᠬᠢᠷᠠᠭᠤᠯᠭ᠎ᠠ ᠡᠵᠡᠮᠰᠢᠯ ᠤᠨ ᠠᠷᠭ᠎ᠠ ᠬᠡᠮᠵᠢᠶ᠎ᠡ ᠶᠢ ᠬᠡᠷᠡᠭᠵᠢᠭᠦᠯᠦᠭᠰᠡᠨ ᠪᠠᠶᠢᠳᠠᠯ᠂ ᠡᠳ᠋ ᠤᠨ ᠵᠠᠰᠠᠭ ᠤᠨ ᠲᠦᠰᠦᠪ ᠤᠨ ᠬᠠᠮᠢᠶᠠᠷᠤᠯᠲᠠ ᠡᠰᠡᠭᠦᠯ᠎ᠡ ᠤᠯᠤᠰ ᠤᠨ ᠦᠮᠴᠢᠯᠡᠯᠲᠦ ᠭᠦᠷᠦᠩᠭᠡ ᠶᠢᠨ ᠬᠠᠮᠢᠶᠠᠷᠤᠯᠲᠠ ᠬᠡᠷᠡᠭᠯᠡᠯᠲᠡ ᠵᠡᠷᠭᠡ ᠤᠯᠤᠰ ᠤᠨ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠲᠠᠢ ᠬᠠᠮᠢᠶᠠᠲᠠᠢ ᠤᠨᠴᠠ ᠲᠤᠭᠲᠠᠭᠰᠡᠨ ᠬᠡᠷᠡᠭ ᠤᠴᠢᠷ ᠲᠤ ᠲᠤᠰᠬᠠᠢ ᠬᠢᠨᠡᠨ ᠪᠤᠳᠤᠯᠲᠠ ᠪᠠᠶᠢᠴᠠᠭᠠᠨ ᠰᠤᠳᠤᠯᠤᠯᠲᠠ ᠬᠢᠬᠦ ᠶᠢ ᠵᠤᠬᠢᠶᠠᠨ ᠪᠠᠶᠢᠭᠤᠯᠤᠨ ᠬᠡᠷᠡᠭᠵᠢᠭᠦᠯᠦᠨ᠎ᠠ᠃ ᠤᠯᠤᠰ ᠤᠨ ᠡᠬᠢ ᠪᠠᠶᠠᠯᠢᠭ᠂ ᠪᠡᠯᠨ ᠮᠦᠩᠭᠦ ᠪᠠ ᠵᠢᠭᠡᠯᠡᠯᠭᠡ ᠶᠢ ᠬᠡᠷᠡᠭᠯᠡᠬᠦ ᠡᠰᠡᠭᠦᠯ᠎ᠡ ᠤᠯᠤᠰ ᠤᠨ ᠭᠠᠶᠢᠯᠢ ᠲᠠᠲᠠᠪᠦᠷᠢᠯᠠᠬᠤ ᠲᠠᠢ ᠬᠠᠮᠢᠶᠠᠲᠠᠢ ᠪᠤᠰᠤᠳ ᠨᠢᠭᠡᠴᠡ ᠳᠤ ᠬᠢᠨᠡᠨ ᠪᠤᠳᠤᠯᠲᠠ ᠪᠠᠶᠢᠴᠠᠭᠠᠨ ᠰᠤᠳᠤᠯᠤᠯᠲᠠ ᠬᠢᠨ᠎ᠠ᠃     ᠵᠢᠷᠭᠤᠭ᠎ᠠ᠂ ᠬᠢᠨᠡᠨ ᠪᠤᠳᠤᠯᠲᠠ ᠶᠢᠨ ᠰᠢᠢᠳᠪᠦᠷᠢ ᠶᠢ ᠬᠡᠷᠡᠭᠵᠢᠭᠦᠯᠦᠭᠰᠡᠨ ᠪᠠᠶᠢᠳᠠᠯ ᠢ ᠬᠠᠤᠯᠢ ᠶᠤᠰᠤᠭᠠᠷ ᠪᠠᠶᠢᠴᠠᠭᠠᠵᠦ᠂ ᠬᠢᠨᠡᠨ ᠪᠤᠳᠤᠯᠲᠠ ᠳᠤ ᠢᠯᠡᠷᠡᠭᠦᠯᠦᠭᠰᠡᠨ ᠠᠰᠠᠭᠤᠳᠠᠯ ᠢ ᠱᠠᠭᠠᠷᠳᠠᠨ ᠵᠠᠯᠠᠷᠠᠭᠤᠯᠬᠤ ᠪᠠ ᠰᠢᠢᠳᠪᠦᠷᠢᠯᠠᠵᠦ ᠂ ᠬᠢᠨᠡᠨ ᠪᠤᠳᠤᠭᠳᠠᠭᠰᠡᠨ ᠨᠢᠭᠡᠴᠡ ᠠᠴᠠ ᠬᠢᠨᠡᠨ ᠪᠤᠳᠤᠭᠰᠡᠨ ᠰᠢᠢᠳᠪᠦᠷᠢ ᠶᠢ ᠵᠠᠰᠠᠭ ᠵᠠᠬᠢᠷᠭᠠᠨ ᠤ ᠲᠡᠬᠢᠨ ᠵᠦᠪᠯᠡᠬᠦ ᠳᠤᠷᠠᠳᠤᠯᠭ᠎ᠠ ᠳᠡᠪᠰᠢᠭᠦᠯᠬᠦ᠂ ᠵᠠᠰᠠᠭ ᠵᠠᠬᠢᠷᠭᠠᠨ ᠤ ᠵᠠᠭᠠᠯᠳᠤᠯᠭ᠎ᠠ ᠡᠰᠡᠭᠦᠯ᠎ᠡ ᠰᠦᠩ ᠱᠠᠨ ᠲᠤᠭᠤᠷᠢᠭ  ᠤᠨ ᠠᠷᠠᠳ ᠤᠨ ᠵᠠᠰᠠᠭ ᠤᠨ ᠤᠷᠳᠤᠨ ᠤ ᠲᠡᠰᠤᠯᠤᠯᠲᠠ ᠳᠤᠮᠳᠠᠬᠢ ᠬᠠᠮᠢᠶ᠎ᠠ ᠪᠦᠭᠦᠢ ᠬᠡᠷᠡᠭ ᠤᠴᠢᠷ ᠢ ᠬᠠᠤᠯᠢ ᠶᠤᠰᠤᠭᠠᠷ ᠭᠦᠢᠴᠡᠳᠬᠡᠨ᠎ᠡ᠃ ᠬᠠᠮᠢᠶ᠎ᠠ ᠪᠦᠭᠦᠢ ᠰᠠᠯᠠᠭ᠎ᠠ ᠮᠦᠴᠢᠷ ᠢ ᠬᠠᠪᠰᠤᠷᠤᠨ ᠬᠠᠮᠵᠢᠯᠴᠠᠨ ᠬᠠᠮᠢᠶ᠎ᠠ ᠪᠦᠭᠦᠢ ᠴᠢᠬᠤᠯᠨ ᠶᠡᠭᠡ ᠬᠡᠷᠡᠭ ᠤᠴᠢᠷ ᠢ ᠪᠠᠶᠢᠴᠠᠭᠠᠨ ᠰᠢᠢᠳᠪᠦᠷᠢᠯᠠᠨ᠎ᠠ᠃     ᠲᠣᠯᠤᠭ᠎ᠠ᠂ ᠳᠤᠳᠤᠭᠠᠳᠦ ᠬᠢᠨᠡᠨ ᠪᠤᠳᠤᠯᠲᠠ ᠶᠢᠨ ᠠᠵᠢᠯ ᠢ ᠵᠢᠭᠠᠨ ᠵᠢᠯᠦᠭᠤᠳᠬᠤ ᠪᠠ ᠬᠢᠨᠡᠯᠲᠡ ᠲᠠᠯᠪᠢᠵᠦ᠂ ᠨᠡᠶᠢᠭᠡᠮ ᠤᠨ ᠬᠢᠨᠡᠨ ᠪᠤᠳᠤᠬᠤ ᠪᠠᠶᠢᠭᠤᠯᠤᠮᠵᠢ ᠠᠴᠠ ᠬᠢᠨᠡᠨ ᠪᠤᠳᠤᠵᠦ ᠬᠢᠨᠡᠯᠲᠡ ᠲᠠᠯᠪᠢᠬᠤ ᠡᠲᠡᠭᠡᠳ ᠲᠤ ᠬᠠᠤᠯᠢ ᠶᠤᠰᠤᠭᠠᠷ ᠬᠠᠷᠢᠶᠠᠯᠠᠭᠳᠠᠬᠤ ᠨᠢᠭᠡᠴᠡ ᠶᠢᠨ ᠭᠠᠷᠭᠠᠭᠰᠡᠨ ᠬᠠᠮᠢᠶ᠎ᠠ ᠪᠦᠭᠦᠢ ᠬᠢᠨᠡᠨ ᠪᠤᠳᠤᠯᠲᠠ ᠶᠢᠨ ᠮᠡᠳᠡᠭᠦᠯᠦᠯᠲᠠ ᠶᠢ ᠬᠠᠷᠭᠤᠭᠤᠯᠤᠨ ᠪᠠᠶᠢᠴᠠᠭᠠᠨ᠎ᠠ᠃     ᠨᠠᠶᠢᠮᠠ᠂ ᠰᠦᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠪᠠ ᠤᠯᠠᠭᠠᠨᠬᠠᠲᠠ ᠬᠤᠲᠠ ᠶᠢᠨ ᠬᠢᠨᠡᠨ ᠪᠤᠳᠤᠯᠲᠠ ᠶᠢᠨ ᠲᠤᠪᠴᠢᠶ᠎ᠠ ᠶᠢᠨ ᠲᠤᠰᠢᠶᠠᠨ ᠭᠦᠢᠴᠡᠳᠬᠡᠯᠭᠡᠬᠦ ᠪᠤᠰᠤᠳ ᠬᠡᠷᠡᠭ ᠤᠴᠢᠷ ᠢ ᠪᠠᠶᠠᠯᠠᠭᠦᠯᠦᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号