ᠪᠤᠷᠵᠢᠬᠢᠨ ᠤᠪᠤᠭ
ᠨᠡᠶᠢᠲᠡᠯᠡᠭᠰᠡᠨ ᠴᠠᠭ᠄
2018/10/26
      ᠠᠷᠪᠠᠨ ᠬᠤᠶᠠᠳᠣᠭᠠᠷ ᠳ᠋ᠤᠭᠠᠷ ᠵᠠᠭᠤᠨ ᠤ ᠡᠴᠦᠰ ᠠᠴᠠ ᠬᠠᠮᠤᠭ ᠮᠤᠩᠭᠤᠯ ᠤᠯᠤᠰ ᠮᠤᠩᠭᠤᠯ ᠤᠨ ᠪᠤᠰᠤᠳ ᠠᠶᠢᠮᠠᠭ ᠤᠳ ᠢ ᠨᠢᠭᠡᠳᠬᠡᠬᠦ ᠳᠤ ᠭᠤᠤᠯᠯᠠᠬᠤ ᠡᠭᠦᠷᠬᠡ ᠬᠦᠢᠴᠡᠳᠬᠡᠵᠦ᠂ ᠪᠤᠳᠠᠨᠴᠢᠷ ᠤᠨ ᠵᠢᠷᠭᠤᠳᠤᠭᠠᠷ ᠦᠶ᠎ᠡ ᠶᠢᠨ ᠠᠴᠢ ᠴᠢᠩᠬᠢᠰ ᠮᠤᠩᠭᠤᠯ ᠤᠨ ᠳᠤᠯᠭᠤᠷ ᠳᠦᠷᠦ ᠶᠢ ᠰᠡᠷᠭᠦᠬᠡᠨ ᠪᠠᠶᠢᠭᠤᠯᠵᠤ᠂ ᠶᠡᠭᠡ ᠬᠠᠭᠠᠨ ᠳᠤ 1206 ᠤᠨ ᠳᠤ ᠡᠷᠭᠦᠮᠵᠢᠯᠡᠭᠳᠡᠭᠰᠡᠨ ᠢᠶᠠᠷ ᠬᠠᠮᠤᠭ ᠮᠤᠩᠭᠤᠯ ᠤᠨ ᠳᠡᠷᠢᠬᠦᠯᠡᠭᠴᠢ ᠠᠶᠢᠮᠠᠭ ᠬᠢᠶᠡᠳ ᠪᠤᠷᠵᠢᠬᠢᠨ ᠨᠢ ᠠᠯᠳᠠᠨ ᠤᠷᠤᠭ ᠤᠨ ᠤᠪᠤᠭ ᠶᠠᠰᠤ ᠪᠤᠯᠵᠠᠢ᠃ ᠡᠭᠦᠨ ᠠᠴᠠ ᠬᠤᠶᠢᠰᠢ ᠴᠢᠩᠬᠢᠰ ᠬᠠᠭᠠᠨ ᠤ ᠤᠳᠤᠮ ᠤᠨ ᠮᠤᠩᠭᠤᠯ ᠪᠦᠬᠦ ᠬᠠᠭᠠᠳ ᠨᠤᠶᠠᠳ ᠬᠢᠶᠡᠳ ᠶᠠᠰᠤᠳᠤ ᠪᠤᠷᠵᠢᠬᠢᠨ ᠤᠪᠤᠭᠳᠤ ᠬᠦᠳᠦᠯᠬᠦ ᠶᠤᠰᠤᠨ ᠤᠯᠠᠮᠵᠢᠯᠠᠯ ᠪᠤᠯᠪᠠ᠃      ᠪᠤᠳᠠᠨᠴᠢᠷ ᠤᠨ ᠡᠭᠦᠰᠬᠡᠭᠰᠡᠨ ᠠᠯᠳᠠᠨ ᠤᠷᠤᠭ ᠠᠴᠠ ᠭᠠᠷᠤᠯ ᠲᠠᠢ ᠪᠤᠷᠵᠢᠬᠢᠨ ᠳᠠᠶᠢᠵᠢ ᠨᠠᠷ ᠢ ᠳᠤᠳᠤᠷ᠎ᠠ ᠨᠢ ᠳᠦᠷᠦᠯ ᠳᠠᠶᠢᠵᠢ ᠪᠤᠯᠤᠨ ᠬᠠᠷᠢᠶ᠎ᠠ ᠳᠠᠶᠢᠵᠢ ᠬᠡᠮᠡᠨ ᠬᠤᠶᠠᠷ ᠢᠯᠭᠠᠨ᠎ᠠ᠃ ᠳᠦᠷᠦᠯ ᠳᠠᠶᠢᠵᠢ ᠭᠡᠳᠡᠭ ᠨᠢ ᠴᠢᠩᠬᠢᠰ ᠬᠠᠭᠠᠨ ᠤ ᠰᠢᠭᠤᠳ ᠤᠳᠤᠮ ᠤᠨ ᠳᠠᠶᠢᠵᠢ ᠨᠠᠷ︔ ᠬᠠᠷᠢᠶᠠᠳᠤ ᠳᠠᠶᠢᠵᠢ ᠭᠡᠳᠡᠭ ᠨᠢ ᠴᠢᠩᠬᠢᠰ ᠬᠠᠭᠠᠨ ᠤ ᠳᠡᠭᠦᠦ ᠬᠠᠪᠤᠳᠤ ᠬᠠᠰᠠᠷ᠂ ᠪᠦᠬᠡ ᠪᠡᠯᠬᠦᠳᠡᠢ᠂ ᠤᠳᠴᠢᠬᠢᠨ ᠨᠤᠶᠠᠨ ᠨᠠᠷ ᠤᠨ ᠦᠷ᠎ᠡ ᠬᠤᠶᠢᠴᠢᠰ ᠨᠢ ᠶᠤᠮ᠃ ᠮᠠᠨᠵᠤ ᠶᠢᠨ ᠳᠠᠷᠤᠩᠭᠤᠶᠢᠯᠠᠯ ᠤᠨ ᠦᠶ᠎ᠡ ᠶᠢᠨ ᠬᠠᠯᠬ᠎ᠠ ᠶᠢᠨ ᠳᠦᠷᠪᠡᠨ ᠠᠶᠢᠮᠠᠭ ᠤᠨ 86 ᠬᠤᠰᠢᠭᠤᠨ ᠠᠴᠠ 83 ᠬᠤᠰᠢᠭᠤ ᠶᠢ ᠴᠢᠩᠬᠢᠰ ᠤᠨ ᠤᠭᠰᠠᠭᠠᠨ ᠤ᠂ ᠳᠡᠬᠡᠬᠦ ᠳᠤ ᠪᠠᠨ ᠳᠡᠭᠦᠨ ᠤ ᠤᠳᠬᠤᠨ ᠬᠦᠦ ᠳᠤᠯᠤᠢ ᠶᠢᠨ ᠤᠳᠤᠮ ᠤᠨ ᠳᠦᠷᠦᠯ ᠳᠠᠶᠢᠵᠢ ᠨᠠᠷ ᠵᠡᠬᠢᠷᠴᠦ ᠪᠠᠶᠢᠪᠠ᠃ ᠪᠠᠰᠠ ᠥᠪᠥᠷ ᠮᠤᠩᠭᠤᠯ ᠤᠨ ᠦᠵᠦᠮᠦᠴᠢᠨ᠂ ᠬᠠᠭᠤᠴᠢᠳ᠂ ᠰᠦᠨᠢᠳ᠂ ᠤᠷᠳᠤᠰ᠂ ᠳᠦᠮᠡᠳ᠂ ᠠᠤᠬᠠᠨ᠂ ᠨᠠᠶᠢᠮᠠᠨ᠂ ᠵᠠᠷᠤᠳ᠂ ᠪᠠᠭᠠᠷᠢᠨ᠂ ᠬᠡᠰᠢᠭᠳᠡᠨ᠂ ᠬᠠᠯᠬ᠎ᠠ ᠶᠢᠨ ᠵᠡᠭᠦᠨ ᠪᠠᠷᠠᠭᠤᠨ ᠭᠠᠷ ᠵᠡᠷᠭᠡ ᠠᠶᠢᠮᠠᠭ ᠬᠤᠰᠢᠭᠤᠨ ᠤ ᠨᠤᠶᠠᠳ ᠳᠠᠶᠢᠵᠢ᠂ ᠳᠦᠢᠨ ︵ᠯᠠᠮᠠ ᠳᠠᠶᠢᠵᠢ︶᠂ ᠬᠤᠸᠠᠷᠠᠭ ᠨᠠᠷ ᠴᠦᠮ ᠴᠢᠩᠬᠢᠰ ᠤᠨ ᠤᠭᠰᠠᠭᠠᠨ ᠤ ᠠᠵᠠᠢ᠃ ᠴᠢᠩᠬᠢᠰ ᠤᠨ ᠳᠡᠭᠦᠦ ᠬᠠᠰᠠᠷ ᠤᠨ ᠤᠭᠰᠠᠭᠠᠨ ᠤ ᠬᠠᠷᠢᠶᠠᠳᠤ ᠳᠠᠶᠢᠵᠢ ᠨᠠᠷ ᠥᠪᠥᠷᠯᠡᠭᠴᠢᠳ ᠤᠨ ᠬᠤᠷᠴᠢᠨ᠂ ᠵᠠᠯᠠᠶᠢᠳ᠂ ᠳᠦᠷᠪᠡᠳ᠂ ᠭᠤᠷᠯᠤᠰ᠂ ᠳᠦᠷᠪᠡᠨ ᠬᠡᠦᠬᠡᠳ᠂ ᠮᠤᠤᠮᠢᠩᠭᠠᠨ᠂ ᠤᠷᠠᠳ᠂ ᠠᠯᠠᠱᠠ ᠶᠢᠨ ᠦᠭᠡᠯᠡᠳ ᠬᠢᠭᠡᠳ ᠬᠤᠪᠳᠤ ᠶᠢᠨ ᠪᠤᠯᠠᠭᠠᠨ᠂ ᠬᠦᠬᠡᠨᠠᠭᠤᠷ ᠤᠨ ᠬᠤᠱᠤᠳ ᠵᠡᠷᠭᠡ ᠠᠶᠢᠮᠠᠭ ᠬᠤᠰᠢᠭᠤᠨ ᠤ ᠨᠤᠶᠠᠳ ᠪᠠᠶᠢᠪᠠ᠃ ᠪᠦᠬᠡ ᠪᠡᠯᠬᠦᠳᠠᠢ ᠶᠢᠨ ᠤᠳᠤᠮ ᠤᠨ ᠳᠠᠶᠢᠵᠢ ᠨᠠᠷ ᠥᠪᠥᠷ ᠮᠤᠩᠭᠤᠯ ᠤᠨ ᠠᠪᠠᠭ᠎ᠠ ᠂ ᠠᠪᠠᠭᠠᠨᠠᠷ᠂ ᠳᠦᠷᠪᠡᠳ ᠬᠤᠰᠢᠭᠤ ᠶᠢ ᠵᠠᠬᠢᠷᠴᠦ᠂ ᠤᠳᠴᠢᠬᠢᠨ ᠨᠤᠶᠠᠨ ᠤ ᠦᠷ᠎ᠡ ᠬᠤᠶᠢᠴᠢᠰ ᠨᠢ ᠤᠩᠨᠢᠭᠤᠳ ᠬᠤᠶᠠᠷ ᠬᠤᠰᠢᠭᠤ ᠶᠢ ᠵᠠᠬᠢᠷᠤᠭᠰᠠᠨ ᠨᠤᠶᠠᠳ ᠪᠤᠯᠵᠠᠢ᠃                ︽ᠮᠤᠩᠭᠤᠯ ᠤᠨ ᠳᠡᠦᠬᠡ ᠶᠢᠨ ᠪᠠᠭ᠎ᠠ ᠨᠡᠪᠳᠡᠷᠬᠡᠢ ᠳᠤᠯᠢ︾ ︵ᠨᠢᠭᠡᠳᠦᠭᠡᠷ ᠳᠡᠪᠳᠡᠷ ᠤᠨ 92 ~ 93 ᠳ᠋ᠤᠭᠠᠷ ᠨᠢᠭᠤᠷ ᠲᠤ ᠪᠤᠢ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号