ᠳᠠᠯᠠᠢ ᠯᠠᠮᠠ ᠶᠢᠨ ᠢᠷᠡᠯᠲᠡ
ᠨᠡᠶᠢᠲᠡᠯᠡᠭᠰᠡᠨ ᠴᠠᠭ᠄
2018/10/26
      1571 ᠤᠨ ᠳᠤ ︽ᠡᠴᠢᠭᠡ ᠯᠡᠮᠠ︾ ︵ᠠᠳᠠᠷᠤᠢ ᠯᠠᠮᠠ ᠶᠢᠨ ᠱᠠᠰᠢᠨ ᠤ ᠡᠴᠢᠭᠡ︶ ᠭᠡᠬᠦ ᠴᠤᠯᠠ ᠲᠠᠢ ᠭᠡᠯᠦᠭᠪᠠ ᠶᠢᠨ ᠪᠦᠯᠦᠭ ︵ᠰᠢᠷ᠎ᠠ ᠶᠢᠨ ᠱᠠᠰᠢᠨ︶ ᠤᠨ ᠳᠡᠭᠡᠳᠦ ᠯᠠᠮᠠ ᠠᠰᠢᠩ ᠲᠦᠮᠡᠳ ᠲᠤ ᠢᠷᠡᠵᠦ᠂ ᠠᠯᠲᠠᠨ ᠬᠠᠭᠠᠨ ᠳᠤ ᠪᠤᠷᠬᠠᠨ ᠤ ᠱᠠᠰᠢᠨ ᠤ ︽ᠭᠤᠷᠪᠠᠨ ᠡᠷᠳᠡᠨᠢ᠂ ᠵᠢᠷᠭᠤᠭᠠᠨ ᠮᠦᠷ᠂ ᠨᠠᠶᠢᠮᠠᠨ ᠱᠠᠭᠱᠠᠪᠠᠳ︾ ᠤᠨ ᠪᠤᠳᠠᠲᠦ ᠠᠭᠤᠯᠭ᠎ᠠ ᠶᠢ ᠲᠠᠶᠢᠯᠪᠤᠷᠢᠯᠠᠵᠤ᠂ ᠪᠤᠷᠬᠠᠨ ᠤ ᠱᠠᠰᠢᠨ ᠤ ᠰᠤᠩᠭᠤᠳᠠᠭ ᠨᠤᠮ ᠪᠤᠯᠬᠤ ︽ᠭᠠᠨᠵᠣᠤᠷ︾᠂ ︽ᠳ᠋ᠠᠨᠵᠣᠤᠷ︾ ᠢ ᠲᠤᠪᠴᠢ ᠲᠤᠳᠤᠷᠠᠭᠤᠨ ᠲᠠᠨᠢᠯᠴᠠᠭᠤᠯᠵᠠᠢ᠃ ᠬᠠᠮᠲᠤ ᠳᠤ ᠨᠢ ᠪᠠᠰᠠ ᠠᠯᠲᠠᠨ ᠬᠠᠭᠠᠨ ᠢ ᠭᠡᠯᠦᠭᠪᠠ ᠶᠢᠨ ᠪᠦᠯᠦᠭ ᠤᠨ ᠱᠠᠰᠢᠨ ᠤ ᠲᠦᠷᠦᠭᠦᠦ ᠰᠣᠳᠨᠠᠮᠵᠠᠮᠰᠤ ᠲᠠᠢ ᠰᠢᠭᠤᠳ ᠬᠤᠯᠪᠤᠭ᠎ᠠ ᠠᠪᠬᠤ ᠬᠡᠷᠡᠭᠲᠡᠢ ᠭᠡᠵᠦ ᠰᠠᠨᠠᠭᠤᠯᠤᠭᠰᠠᠨ ᠪᠠᠶᠢᠨ᠎ᠠ᠃      ᠠᠯᠲᠠᠨ ᠬᠠᠭᠠᠨ ᠠᠰᠢᠩ ᠯᠠᠮᠠ ᠶᠢᠨ ᠰᠠᠨᠠᠭᠤᠯᠭ᠎ᠠ ᠶᠢ ᠬᠦᠯᠢᠶᠡᠨ ᠠᠪᠴᠤ᠂ ᠲᠡᠷᠡ ᠳᠣᠤᠷ᠎ᠠ ᠨᠢ ᠬᠦᠮᠦᠨ ᠲᠤᠮᠢᠯᠠᠨ ᠲᠦᠪᠡᠳ ᠲᠤ ᠤᠴᠢᠭᠤᠯᠵᠤ ᠰᠣᠳᠨᠠᠮᠵᠠᠮᠰᠤ ᠶᠢ ᠤᠭᠲᠤᠨ ᠠᠪᠴᠢᠷᠠᠭᠤᠯᠬᠤ ᠪᠠᠷ ᠲᠤᠭᠲᠠᠵᠠᠢ᠃ 1574 ᠣᠨ ᠳᠤ᠂ ᠠᠯᠲᠠᠨ ᠬᠠᠭᠠᠨ ᠵᠢᠷᠦᠮ ᠤᠨ ᠬᠦᠪᠡᠭᠦᠨ ᠳᠠᠶᠠᠨ ᠬᠢᠶ᠎ᠠ ᠪᠠᠷ ᠲᠦᠷᠦᠭᠦᠦ ᠪᠤᠯᠭᠠᠭᠰᠠᠨ ᠡᠯᠴᠢᠳ ᠲᠤ ᠶᠡᠭᠡ ᠬᠡᠮᠵᠢᠶᠡᠨ ᠤ ᠦᠨᠡᠲᠦ ᠪᠡᠯᠡᠭ ᠠᠴᠢᠭᠤᠯᠤᠨ ᠰᠣᠳᠨᠠᠮᠵᠠᠮᠰᠤ ᠭᠡᠭᠡᠨ ᠲᠠᠢ ᠪᠠᠷᠠᠳᠠᠭᠤᠯᠬᠤ ᠪᠠᠷ ᠲᠦᠪᠡᠳ ᠲᠤ ᠤᠴᠢᠭᠤᠯᠪᠠ᠃      ᠠᠯᠲᠠᠨ ᠬᠠᠭᠠᠨ ᠤ ᠡᠷᠡᠮᠡᠯᠵᠡᠯ ᠬᠢᠭᠡᠳ ᠤᠷᠢᠯᠭ᠎ᠠ ᠶᠢ ᠰᠣᠳᠨᠠᠮᠵᠠᠮᠰᠤ ᠪᠤᠯᠤᠨ ︽ᠱᠠᠰᠢᠨ ᠢ ᠬᠠᠮᠠᠭᠠᠯᠠᠭᠴᠢ︾ ᠪᠢᠭᠡᠷ ᠬᠠᠭᠠᠨ ᠬᠦᠯᠢᠶᠡᠨ ᠠᠪᠴᠠᠢ᠃ 1575 ᠣᠨ ᠳᠤ ᠠᠯᠲᠠᠨ ᠬᠠᠭᠠᠨ ᠬᠢᠬᠡ ᠠᠭᠤᠷ ᠤᠨ ᠬᠦᠪᠡᠭᠡᠨ ᠳᠤ ᠰᠢᠷ᠎ᠠ ᠶᠢᠨ ᠱᠠᠰᠢᠨ ᠤ ᠠᠤᠭ᠎ᠠ ᠶᠡᠭᠡ᠂ ᠰᠦᠷᠯᠢᠭ ᠰᠠᠶᠢᠬᠠᠨ ︽ᠴᠠᠪᠴᠢᠶᠠᠯ ᠰᠦᠮ᠎ᠡ︾ ᠶᠢ ᠲᠤᠰᠬᠠᠶᠢᠯᠠᠨ ᠪᠠᠶᠢᠭᠤᠯᠵᠤ᠂ ᠰᠣᠳᠨᠠᠮᠵᠠᠮᠰᠤ ᠶᠢᠨ ᠬᠦᠷᠴᠦ ᠢᠷᠡᠬᠦ ᠶᠢ ᠤᠭᠲᠤᠬᠤ ᠪᠠᠷ ᠪᠡᠯᠡᠳᠬᠡᠭᠰᠡᠨ ᠪᠠᠶᠢᠨ᠎ᠠ᠃      1578 ᠤᠨ ᠳᠤ᠂ ᠠᠯᠲᠠᠨ ᠬᠠᠭᠠᠨ ᠪᠣᠯᠤᠨ ᠰᠤᠳᠨᠠᠮᠵᠠᠮᠰᠤ ᠬᠤᠶᠠᠭᠤᠯᠠ ᠴᠠᠪᠴᠢᠶᠠᠯ ᠰᠦᠮ᠎ᠡ ᠳᠤ ᠠᠭᠤᠯᠵᠠᠪᠠ᠃ ᠰᠤᠳᠨᠠᠮᠵᠠᠮᠰᠤ ᠨᠢ ᠠᠯᠲᠠᠨ ᠬᠠᠭᠠᠨ ᠢ ᠬᠤᠪᠢᠯᠠᠢ ᠬᠠᠭᠠᠨ ᠤ ᠬᠤᠪᠢᠯᠭᠠᠨ ᠮᠦᠨ ᠭᠡᠵᠦ᠂ ᠲᠡᠭᠦᠨ ᠳᠤ ︽ᠮᠢᠩᠭᠠᠨ ᠠᠯᠲᠠᠨ ᠬᠦᠷᠳᠦᠨ ᠢ ᠡᠷᠭᠢᠭᠦᠯᠦᠭᠴᠢ ᠴᠠᠬᠢᠷᠧᠨᠷᠣᠨ ᠰᠡᠴᠡᠨ ᠬᠠᠭᠠᠨ︾ ᠬᠡᠮᠡᠬᠦ ᠴᠤᠯᠠ ᠡᠷᠭᠦᠮᠵᠢᠯᠡᠪᠡ᠃ ᠠᠯᠲᠠᠨ ᠬᠠᠭᠠᠨ ᠨᠢ ᠰᠤᠳᠨᠠᠮᠵᠠᠮᠰᠤ ᠶᠢ ᠬᠤᠪᠢᠯᠠᠢ ᠬᠠᠭᠠᠨ ᠤ ᠪᠠᠭᠰᠢ ᠫᠠᠭᠪᠠ ᠶᠢᠨ ᠬᠤᠪᠢᠯᠭᠠᠨ ᠮᠦᠨ ᠭᠡᠵᠦ ᠠᠳᠠᠯᠢᠳᠬᠠᠵᠤ᠂ ᠲᠡᠭᠦᠨ ᠳᠤ ︽ᠬᠠᠮᠤᠭ ᠢ ᠮᠡᠳᠡᠭᠴᠢ ᠸᠴᠢᠷ ᠳᠠᠯᠠᠢ ᠯᠠᠮᠠ︾ ᠭᠡᠰᠡᠨ ᠴᠤᠯᠠ ᠶᠢ ᠡᠷᠭᠦᠮᠵᠢᠯᠡᠵᠡᠢ᠃      ᠰᠤᠳᠨᠠᠮᠵᠠᠮᠰᠤ ᠨᠢ ᠳᠠᠯᠠᠢ ᠯᠠᠮᠠ ᠭᠡᠰᠡᠨ ᠴᠤᠯᠠ ᠶᠢ ᠤᠯᠤᠭᠰᠠᠨ ᠤ ᠳᠠᠷᠠᠭ᠎ᠠ᠂ ᠳᠡᠭᠡᠭᠰᠢ ᠬᠤᠶᠠᠷ ᠲᠦᠷᠦᠯ ᠨᠡᠬᠡᠮᠵᠢᠯᠡᠨ ᠵᠦᠪᠰᠢᠶᠡᠷᠡᠵᠦ᠂ ᠪᠡᠶ᠎ᠡ ᠪᠠᠨ ᠭᠤᠷᠪᠠᠳᠤᠭᠠᠷ ᠲᠦᠷᠦᠯ ᠤᠨ ᠳᠠᠯᠠᠢ ᠯᠠᠮᠠ ᠬᠡᠮᠡᠨ ᠨᠡᠷᠡᠶᠢᠳᠪᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号