ᠰᠢᠯᠭᠠᠭᠤᠯᠤᠭᠰᠠᠳ ᠠᠰᠫᠢᠷᠠᠨᠲ ᠡᠯᠰᠡᠬᠦ ᠰᠢᠯᠭᠠᠯᠲᠠ ᠳᠤ ᠨᠡᠷ᠎ᠠ ᠮᠡᠳᠡᠬᠦᠯᠬᠦ ᠳᠡᠭᠡᠨ ︽ᠪᠦᠬᠦᠯᠢ ᠡᠳᠦᠷ ᠤᠨ | ᠲᠦᠷᠢᠮᠳᠦ︾ ᠪᠠ ︽ᠪᠦᠬᠦᠯᠢ ᠡᠳᠦᠷ ᠤᠨ ᠲᠦᠷᠢᠮᠳᠦ ᠪᠤᠰᠤ︾ ᠠᠰᠫᠢᠷᠠᠨᠲ ᠤᠨ ᠢᠯᠭᠠᠭ᠎ᠠ ᠶᠢ ᠲᠤᠳᠤᠷᠬᠠᠢ ᠮᠡᠳᠡᠬᠦ | ᠦᠭᠡᠢ ᠪᠠᠶᠢᠳᠠᠭ᠃ ︽ᠪᠦᠬᠦᠯᠢ ᠡᠳᠦᠷ ᠤᠨ ᠲᠦᠷᠢᠮᠳᠦ ᠠᠰᠫᠢᠷᠠᠨᠲ︾ ᠨᠢ ᠠᠰᠫᠢᠷᠠᠨᠲ ᠡᠯᠰᠡᠬᠦ ᠰᠢᠯᠭᠠᠯᠲᠠ ᠪᠤᠶᠤ | ᠤᠯᠤᠰ ᠠᠴᠠ ᠮᠡᠳᠡᠷᠡᠭᠰᠡᠨ ᠪᠤᠰᠤᠤᠨ ᠬᠡᠯᠪᠡᠷᠢ ᠶᠢᠨ ᠰᠤᠷᠤᠭᠴᠢ ᠡᠯᠰᠡᠬᠦ ᠠᠷᠭ᠎ᠠ ᠪᠠᠷ ᠲᠠᠮᠵᠢᠨ ᠶᠡᠭᠡ ᠳᠡᠭᠡᠳᠦ | ᠰᠤᠷᠭᠠᠭᠤᠯᠢ ᠳᠤ ᠡᠯᠰᠡᠭᠳᠡᠭᠰᠡᠨ ᠮᠦᠷᠳᠡᠭᠡᠨ ᠠᠵᠢᠯ ᠤᠨ ᠪᠠᠶᠢᠷᠢ ᠠᠴᠠ ᠪᠠᠨ ᠰᠠᠯᠵᠤ ᠰᠤᠷᠭᠠᠭᠤᠯᠢ ᠳᠤ | ᠰᠤᠷᠤᠯᠴᠠᠬᠤ ᠶᠢ ᠬᠡᠯᠡᠨ᠎ᠠ᠃ ︽ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ︾ ᠬᠡᠳᠡᠭ ᠨᠢ ᠤᠯᠤᠰ ᠤᠨ | ᠠᠰᠫᠢᠷᠠᠨᠲ ᠡᠯᠰᠡᠬᠦ ᠲᠤᠭᠳᠠᠭᠠᠯ ᠳᠤ ᠨᠡᠶᠢᠴᠡᠭᠰᠡᠨ ᠶᠡᠭᠡ ᠳᠡᠭᠡᠳᠦ ᠰᠤᠷᠭᠠᠭᠤᠯᠢ ᠳᠤ ᠡᠯᠰᠡᠭᠳᠡᠭᠰᠡᠨ ᠰᠤᠷᠤᠭᠴᠢᠳ | ᠠᠵᠢᠯ ᠪᠤᠶᠤ ᠨᠡᠶᠢᠭᠡᠮ ᠤᠨ ᠦᠢᠯᠡᠳᠦᠯᠭᠡ ᠳᠤ ᠤᠷᠤᠯᠴᠠᠬᠤ ᠶᠢᠨ ᠬᠠᠮᠳᠤ ᠴᠠᠭ ᠢᠶᠠᠨ ᠠᠮᠢᠳᠤᠯᠢᠭ ᠢᠶᠠᠷ | ᠲᠤᠬᠢᠷᠠᠭᠤᠯᠵᠤ ᠰᠤᠷᠤᠯᠴᠠᠬᠤ ᠶᠢ ᠬᠡᠯᠡᠨ᠎ᠠ᠃ | ᠲᠡᠭᠡᠪᠡᠯ ︽ᠪᠦᠬᠦᠯᠢ ᠡᠳᠦᠷ ᠤᠨ ᠲᠦᠷᠢᠮᠳᠦ︾ ᠪᠠ ︽ᠪᠦᠬᠦᠯᠢ ᠡᠳᠦᠷ ᠤᠨ ᠲᠦᠷᠢᠮᠳᠦ ᠪᠤᠰᠤ︾ | ᠠᠰᠫᠢᠷᠠᠨᠲ ᠨᠢ ᠶᠠᠮᠠᠷ ᠢᠯᠭᠠᠭ᠎ᠠ ᠲᠠᠢ ᠪᠤᠢ︖ | ᠢᠯᠭᠠᠭ᠎ᠠ 1᠄ ᠨᠡᠷ᠎ᠠ ᠮᠡᠳᠡᠭᠦᠯᠬᠦ ᠨᠦᠬᠦᠴᠡᠯ ᠨᠢ ᠠᠳᠠᠯᠢ ᠦᠭᠡᠢ᠃ ᠪᠦᠬᠦᠯᠢ ᠡᠳᠦᠷ ᠤᠨ ᠲᠦᠷᠢᠮᠳᠦ | ᠠᠰᠫᠢᠷᠠᠨᠲ ᠤᠨ ᠨᠡᠷ᠎ᠠ ᠮᠡᠳᠡᠭᠦᠯᠬᠦ ᠨᠦᠬᠦᠴᠡᠯ ᠨᠢ ᠲᠡᠭᠦᠰᠬᠦ ᠤᠶᠤᠳᠠᠨ ᠪᠤᠶᠤ ᠨᠢᠭᠡᠨᠲᠡ ᠲᠡᠭᠦᠰᠦᠭᠰᠡᠨ ᠤᠶᠤᠳᠠᠨ | ᠪᠠᠶᠢᠬᠤ ᠬᠡᠷᠡᠭᠲᠡᠢ ᠮᠦᠷᠳᠡᠭᠡᠨ ᠲᠡᠭᠦᠰᠬᠦ ᠦᠨᠡᠮᠯᠡᠯ ᠪᠠ ᠡᠷᠳᠡᠮ ᠤᠨ ᠴᠤᠯᠠ ᠶᠢᠨ ᠦᠨᠡᠮᠯᠡᠯ ᠢᠶᠠᠨ ᠤᠯᠤᠭᠰᠠᠨ | ᠰᠤᠷᠤᠭᠴᠢ ᠪᠠᠶᠢᠬᠤ ᠬᠡᠷᠡᠭᠲᠡᠢ᠂ ᠠᠵᠢᠯ ᠤᠨ ᠦᠡᠭᠭᠡᠷᠡᠯᠳᠡ ᠲᠠᠢ ᠪᠠᠶᠢᠬᠤ ᠶᠢ ᠱᠠᠭᠠᠷᠳᠠᠬᠤ ᠦᠭᠡᠢ︔ ᠪᠦᠬᠦᠯᠢ | ᠡᠳᠦᠷ ᠤᠨ ᠲᠦᠷᠢᠮᠳᠦ ᠪᠤᠰᠤ ᠠᠰᠫᠢᠷᠠᠨᠲ ᠤᠨ ᠰᠢᠯᠭᠠᠭᠤᠯᠬᠤ ᠰᠤᠷᠭᠠᠭᠤᠯᠢ ᠶᠢᠨ ᠠᠳᠠᠯᠢ ᠪᠤᠰᠤ ᠪᠠ ᠲᠤᠰᠬᠠᠢ | ᠮᠡᠷᠭᠡᠵᠢᠯ ᠤᠨ ᠠᠳᠠᠯᠢ ᠪᠤᠰᠤ ᠠᠴᠠ ᠪᠤᠯᠵᠤ᠂ ᠵᠠᠷᠢᠮ ᠰᠤᠷᠭᠠᠭᠤᠯᠢ ᠨᠢ ᠪᠦᠬᠦᠯᠢ ᠡᠳᠦᠷ ᠤᠨ ᠲᠦᠷᠢᠮᠳᠦ | ᠠᠰᠫᠢᠷᠠᠨᠲ ᠤᠨ ᠬᠢ ᠲᠠᠢ ᠠᠳᠠᠯᠢ ᠨᠦᠬᠦᠴᠡᠯ ᠲᠠᠢ ᠪᠠᠶᠢᠬᠤ ᠶᠢ ᠱᠠᠭᠠᠷᠳᠠᠵᠤ᠂ ᠵᠠᠷᠢᠮ ᠰᠤᠷᠭᠠᠭᠤᠯᠢ ᠨᠢ ᠵᠠᠪᠠᠯ | ᠠᠵᠢᠯ ᠤᠨ ᠦᠡᠭᠭᠡᠷᠡᠯᠳᠡ ᠲᠠᠢ ᠪᠠᠶᠢᠬᠤ ᠶᠢ ᠱᠠᠭᠠᠷᠳᠠᠳᠠᠭ᠃ | ᠢᠯᠭᠠᠭ᠎ᠠ 2᠄ ᠪᠦᠬᠦᠯᠢ ᠡᠳᠦᠷ ᠤᠨ ᠲᠦᠷᠢᠮᠳᠦ ᠪᠠ ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ ᠤᠨ | ᠲᠤᠰᠬᠠᠢ ᠮᠡᠷᠭᠡᠵᠢᠯ ᠤᠨ ᠰᠤᠩᠭᠤᠯᠳᠠ ᠶᠢᠨ ᠦᠷᠭᠡᠴᠡ ᠨᠢ ᠠᠳᠠᠯᠢ ᠪᠤᠰᠤ ᠪᠠᠶᠢᠳᠠᠭ᠃ ᠪᠦᠬᠦᠯᠢ ᠡᠳᠦᠷ ᠤᠨ | ᠲᠦᠷᠢᠮᠳᠦ ᠠᠰᠫᠢᠷᠠᠨᠲ ᠡᠯᠰᠡᠬᠦ ᠳᠤ ᠰᠤᠷᠭᠠᠭᠤᠯᠢ ᠪᠦᠬᠦᠨ ᠰᠤᠷᠤᠭᠴᠢ ᠡᠯᠰᠡᠬᠦ ᠲᠦᠯᠦᠪᠯᠡᠭᠡ ᠲᠠᠢ ᠪᠠᠶᠢᠳᠠᠭ | ᠮᠦᠷᠳᠡᠭᠡᠨ ᠡᠯᠰᠡᠬᠦ ᠬᠦᠮᠦᠨ ᠤ ᠲᠤᠭ᠎ᠠ ᠨᠢ ᠴᠤ ᠨᠡᠯᠢᠶᠡᠳ ᠤᠯᠠᠨ ᠪᠠᠶᠢᠵᠦ᠂ ᠲᠤᠰᠬᠠᠢ ᠮᠡᠷᠭᠡᠵᠢᠯ ᠤᠨ ᠠᠰᠫᠢᠷᠠᠨᠲ | ᠪᠠ ᠰᠤᠳᠤᠯᠭᠠᠨ ᠤ ᠠᠰᠫᠢᠷᠠᠨᠲ ᠢ ᠪᠦᠷ ᠰᠤᠩᠭᠤᠵᠤ ᠪᠤᠯᠳᠠᠭ ᠠᠴᠠ ᠨᠡᠷ᠎ᠠ ᠮᠡᠳᠡᠭᠦᠯᠬᠦ ᠬᠦᠷᠢᠶ᠎ᠠ ᠬᠡᠪᠴᠢᠶ᠎ᠠ ᠪᠠᠷ | ᠦᠷᠭᠡᠨ ᠪᠠᠶᠢᠳᠠᠭ᠃ ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ ᠦᠨᠳᠦᠰᠦᠨ ᠳᠡᠭᠡᠨ ᠪᠦᠷ ᠲᠤᠰᠬᠠᠢ | ᠮᠡᠷᠭᠡᠵᠢᠯ ᠤᠨ ᠠᠰᠫᠢᠷᠠᠨᠲ ᠪᠠᠶᠢᠵᠦ᠂ ᠰᠤᠳᠤᠯᠭᠠᠨ ᠤ ᠠᠰᠫᠢᠷᠠᠨᠲ ᠤᠨ ᠲᠤᠭ᠎ᠠ ᠲᠦᠢᠯ ᠤᠨ ᠴᠦᠬᠡᠨ ᠮᠦᠷᠳᠡᠭᠡᠨ | ᠰᠤᠩᠭᠤᠵᠤ ᠪᠤᠯᠬᠤ ᠲᠤᠰᠬᠠᠢ ᠮᠡᠷᠭᠡᠵᠢᠯ ᠴᠦ ᠬᠢᠵᠠᠭᠠᠷ ᠲᠠᠢ᠃ | ᠢᠯᠭᠠᠭ᠎ᠠ 3᠄ ᠰᠤᠷᠤᠯᠭ᠎ᠠ ᠶᠢᠨ ᠰᠦᠢᠳᠭᠡᠯ ᠠᠳᠠᠯᠢ ᠪᠤᠰᠤ ᠪᠠᠶᠢᠳᠠᠭ᠃ ᠪᠦᠬᠦᠯᠢ ᠡᠳᠦᠷ ᠤᠨ ᠲᠦᠷᠢᠮᠳᠦ | ᠠᠰᠫᠢᠷᠠᠨᠲ ᠤᠨ ᠰᠤᠷᠤᠯᠭ᠎ᠠ ᠶᠢᠨ ᠰᠦᠢᠳᠭᠡᠯ ᠵᠠᠷᠴᠢᠮ ᠳᠡᠭᠡᠷ᠎ᠠ ᠪᠠᠨ ᠵᠢᠯ ᠪᠤᠯᠭᠠᠨ 8000 ᠲᠦᠭᠦᠷᠢᠭ ᠠᠴᠠ | ᠬᠡᠳᠦᠷᠡᠵᠤ ᠪᠤᠯᠬᠤ ᠦᠭᠡᠢ᠂ ᠬᠡᠪᠡᠴᠦ ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ ᠤᠨ ᠰᠤᠷᠤᠯᠭ᠎ᠠ ᠶᠢᠨ | ᠰᠦᠢᠳᠭᠡᠯ ᠨᠢ ᠶᠡᠷᠦᠳᠡᠭᠡᠨ ᠡᠭᠦᠨ ᠠᠴᠠ ᠦᠨᠳᠦᠷ ᠪᠠᠶᠢᠳᠠᠭ᠃ | ᠢᠯᠭᠠᠭ᠎ᠠ 4᠄ ᠱᠠᠩᠨᠠᠯ ᠤᠨ ᠮᠦᠡᠭᠬᠦ ᠪᠠ ᠪᠠᠶᠢᠷᠢ ᠶᠢᠨ ᠨᠦᠬᠦᠴᠡᠯ ᠠᠳᠠᠯᠢ ᠪᠤᠰᠤ ᠪᠠᠶᠢᠳᠠᠭ᠃ ᠪᠦᠬᠦᠯᠢ | ᠡᠳᠦᠷ ᠤᠨ ᠲᠦᠷᠢᠮᠳᠦ ᠠᠰᠫᠢᠷᠠᠨᠲ ᠲᠤ ᠦᠨᠳᠦᠰᠦᠨ ᠳᠡᠭᠡᠨ ᠵᠢᠯ ᠪᠤᠯᠭᠠᠨ ᠤᠯᠤᠰ ᠤᠨ ᠨᠦᠬᠦᠪᠦᠷᠢ 6000 — | 8000 ᠲᠦᠭᠦᠷᠢᠭ ᠂ ᠬᠠᠮᠤᠭ ᠤᠨ ᠦᠨᠳᠦᠷ ᠰᠤᠷᠭᠠᠭᠤᠯᠢ ᠶᠢᠨ ᠱᠠᠩᠨᠠᠯ ᠤᠨ ᠮᠦᠡᠭᠭᠦ 8000 ᠲᠦᠭᠦᠷᠢᠭ᠂ | ᠤᠯᠤᠰ ᠤᠨ ᠳᠡᠰ ᠤᠨ ᠱᠠᠩᠨᠠᠯ ᠤᠨ ᠮᠦᠡᠭᠭᠦ 20000 ᠲᠦᠭᠦᠷᠢᠭ ᠢ ᠤᠯᠭᠤᠳᠠᠭ ᠮᠦᠷᠳᠡᠭᠡᠨ ᠪᠠᠶᠢᠷᠢ ᠬᠠᠨᠭ᠍ᠭᠠᠵᠤ | ᠦᠭᠳᠡᠭ᠃ ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ ᠲᠤ ᠱᠠᠩᠨᠠᠯ ᠤᠨ ᠮᠦᠡᠭᠭᠦ ᠪᠠᠶᠢᠳᠠᠭ ᠦᠭᠡᠢ᠃ | ᠬᠡᠷᠪᠡ ᠪᠠᠶᠢᠭᠤᠯᠭ᠎ᠠ ᠠᠴᠠ ᠲᠤᠮᠢᠯᠠᠨ ᠰᠤᠷᠤᠯᠴᠠᠭᠤᠯᠤᠭᠰᠠᠨ ᠰᠤᠷᠤᠭᠴᠢ ᠪᠤᠯ᠂ ᠰᠤᠷᠤᠯᠭ᠎ᠠ ᠶᠢᠨ ᠰᠦᠢᠳᠭᠡᠯ ᠢ | ᠭᠠᠷᠭᠠᠵᠤ ᠦᠭᠬᠦ ᠪᠤᠶᠤ ᠵᠤᠬᠢᠬᠤ ᠬᠡᠮᠵᠢᠶᠡᠨ ᠤ ᠱᠠᠩᠨᠠᠯ ᠤᠨ ᠮᠦᠡᠭᠭᠦ ᠤᠯᠳᠠᠭ᠃ ᠤᠯᠤᠰ ᠤᠨ ᠨᠦᠬᠦᠪᠦᠷᠢ ᠭᠡᠵᠦ | ᠪᠠᠶᠢᠬᠤ ᠦᠭᠡᠢ ᠮᠦᠷᠳᠡᠭᠡᠨ ᠪᠠᠶᠢᠷᠢ ᠬᠠᠨᠭ᠍ᠭᠠᠵᠤ ᠦᠭᠳᠡᠭ ᠦᠭᠡᠢ᠃ | ᠢᠯᠭᠠᠭ᠎ᠠ 5᠄ ᠲᠡᠭᠦᠰᠬᠦ ᠦᠨᠡᠮᠯᠡᠯ ᠨᠢ ᠠᠳᠠᠯᠢ ᠪᠤᠰᠤ᠃ ᠪᠦᠬᠦᠯᠢ ᠡᠳᠦᠷ ᠤᠨ ᠲᠦᠷᠢᠮᠳᠦ ᠪᠠ ᠪᠦᠬᠦᠯᠢ | ᠡᠳᠦᠷ ᠤᠨ ᠲᠦᠷᠢᠮᠳᠦ ᠪᠤᠰᠤ ᠠᠰᠫᠢᠷᠠᠨᠲ ᠲᠡᠭᠦᠰᠬᠦ ᠦᠶ᠎ᠠ ᠳᠤ ᠪᠦᠷ ᠲᠡᠭᠦᠰᠬᠦ ᠦᠨᠡᠮᠯᠡᠯ ᠪᠠ ᠡᠷᠳᠡᠮ ᠤᠨ | ᠴᠤᠯᠠ ᠶᠢᠨ ᠦᠨᠡᠮᠯᠡᠯ ᠲᠠᠢ ᠪᠤᠯᠪᠠᠴᠤ ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ ᠤᠨ ᠲᠡᠭᠦᠰᠬᠦ ᠦᠨᠡᠮᠯᠡᠯ | ᠳᠡᠭᠡᠷ᠎ᠠ ︽ᠪᠦᠬᠦᠯᠢ ᠡᠳᠦᠷ ᠤᠨ ᠲᠦᠷᠢᠮᠳᠦ ᠪᠤᠰᠤ︾ ᠬᠡᠵᠤ ᠲᠤᠳᠤᠷᠬᠠᠶᠢᠢᠯᠠᠵᠤ᠂ ᠡᠷᠳᠡᠮ ᠤᠨ ᠴᠤᠯᠠ ᠶᠢᠨ | ᠦᠨᠡᠮᠯᠡᠯ ᠨᠢ ᠬᠠᠷᠢᠨ ᠪᠦᠬᠦᠯᠢ ᠡᠳᠦᠷ ᠤᠨ ᠲᠦᠷᠢᠮᠳᠦ ᠠᠰᠫᠢᠷᠠᠨᠲ ᠲᠠᠢ ᠠᠳᠠᠯᠢ ᠪᠠᠶᠢᠳᠠᠭ᠃ | ᠢᠯᠭᠠᠭ᠎ᠠ 6᠄ ᠪᠦᠬᠦᠯᠢ ᠡᠳᠦᠷ ᠤᠨ ᠲᠦᠷᠢᠮᠳᠤ ᠪᠠ ᠪᠦᠬᠦᠯᠢ ᠡᠳᠦᠷ ᠤᠨ ᠲᠦᠷᠢᠮᠳᠦ ᠪᠤᠰᠤ ᠠᠰᠫᠢᠷᠠᠨᠲ ᠤᠨ | ᠬᠢᠴᠢᠶᠡᠯ ᠤᠷᠤᠬᠤ ᠴᠠᠭ ᠨᠢ ᠠᠳᠠᠯᠢ ᠪᠤᠰᠤ ᠪᠠᠶᠢᠳᠠᠭ᠃ ᠪᠦᠬᠦᠯᠢ ᠡᠳᠦᠷ ᠤᠨ ᠲᠦᠷᠢᠮᠳᠤ ᠠᠰᠫᠢᠷᠠᠨᠲ ᠤᠨ ᠭᠤᠤᠯ | ᠡᠭᠦᠷᠭᠡ ᠨᠢ ᠬᠢᠴᠢᠶᠡᠯ ᠤᠷᠤᠬᠤ ᠤᠴᠢᠷ ᠠᠴᠠ ᠰᠤᠷᠭᠠᠭᠤᠯᠢ ᠳᠤ ᠪᠠᠶᠢᠬᠤ ᠬᠤᠭᠤᠴᠠᠭᠠᠨ ᠳᠤ ᠭᠤᠤᠯᠳᠠᠭᠤ ᠪᠦᠬᠦᠯᠢ | ᠡᠳᠦᠷ ᠢᠶᠠᠷ ᠬᠢᠴᠢᠶᠡᠯᠯᠡᠨᠠ᠃ ᠬᠠᠷᠢᠨ ᠪᠦᠬᠦᠯᠢ ᠡᠳᠦᠷ ᠤᠨ ᠲᠦᠷᠢᠮᠳᠤ ᠪᠤᠰᠤ ᠠᠰᠫᠢᠷᠠᠨᠲ ᠡᠩ ᠤᠨ ᠴᠠᠭ ᠲᠤ | ᠠᠵᠢᠯᠯᠠᠬᠤ ᠴᠢᠬᠤᠯᠠ ᠲᠠᠢ ᠤᠴᠢᠷ ᠠᠴᠠ ᠵᠦᠪᠬᠡᠨ ᠤᠷᠤᠢ ᠪᠤᠶᠤ ᠭᠠᠷᠠᠭ ᠤᠨ ᠵᠢᠷᠭᠤᠭᠠᠨ᠂ ᠭᠠᠷᠠᠭ ᠤᠨ ᠡᠳᠦᠷ | ᠵᠡᠷᠭᠡ ᠠᠮᠠᠷᠠᠯᠳᠠ ᠶᠢᠨ ᠴᠠᠭ ᠲᠤ ᠬᠢᠴᠢᠶᠡᠯ ᠤᠷᠤᠨ᠎ᠠ᠃ | ︽ᠪᠦᠬᠦᠯᠢ ᠡᠳᠦᠷ ᠤᠨ ᠲᠦᠷᠢᠮᠳᠤ︾ ᠪᠠ ︽ᠪᠦᠬᠦᠯᠢ ᠡᠳᠦᠷ ᠤᠨ ᠲᠦᠷᠢᠮᠳᠦ ᠪᠤᠰᠤ︾ ᠠᠰᠫᠢᠷᠠᠨᠲ ᠨᠢ | ᠲᠡᠭᠡᠷ᠎ᠡ ᠲᠤᠷᠠᠳᠤᠭᠰᠠᠨ ᠬᠡᠳᠦᠨ ᠢᠯᠭᠠᠭ᠎ᠠ ᠲᠠᠢ ᠪᠤᠯᠪᠠᠴᠤ ᠰᠤᠷᠭᠠᠭᠤᠯᠢ ᠳᠤ ᠤᠷᠤᠬᠤ ᠦᠶ᠎ᠠ ᠶᠢᠨ ᠰᠢᠯᠭᠠᠨ | ᠪᠠᠶᠢᠴᠠᠭᠠᠬᠤ ᠬᠡᠯᠪᠡᠷᠢ᠂ ᠰᠢᠯᠭᠠᠬᠤ ᠠᠷᠭ᠎ᠠ᠂ ᠰᠢᠯᠭᠠᠯᠳᠠ ᠶᠢᠨ ᠲᠦᠷᠦᠯ ᠵᠦᠢᠯ᠂ ᠰᠢᠯᠭᠠᠯᠳᠠ ᠶᠢᠨ ᠬᠦᠴᠢᠷ ᠤᠨ | ᠬᠡᠮᠵᠢᠶ᠎ᠠ ᠨᠢ ᠪᠦᠷ ᠠᠳᠠᠯᠢ ᠮᠦᠷᠳᠡᠭᠡᠨ ᠡᠯᠰᠡᠬᠦ ᠬᠤᠪᠢ ᠪᠠ ᠬᠤᠶᠠᠳᠡᠬᠢ ᠰᠢᠯᠭᠠᠯᠳᠠ ᠶᠢᠨ ᠬᠤᠪᠢ ᠶᠢᠨ ᠪᠠᠷᠢᠮᠵᠢᠶ᠎ᠠ | ᠴᠦ ᠠᠳᠠᠯᠢ ᠪᠠᠶᠢᠳᠠᠭ᠃ | ᠵᠣᠬᠢᠶᠠᠭᠴᠢ᠄ ᠦᠢᠯᠡᠰ | | | | | | | | | | | ᠁ |