ᠲᠠᠷᠢᠳᠠᠢ ᠤᠳᠴᠢᠬᠢᠨ
ᠨᠡᠶᠢᠲᠡᠯᠡᠭᠰᠡᠨ ᠴᠠᠭ᠄
2018/12/29
     ᠲᠠᠷᠢᠳᠠᠢ ᠤᠳᠴᠢᠬᠢᠨ ᠪᠤᠯ ᠬᠠᠪᠤᠯ ᠬᠠᠭᠠᠨ ᠤ ᠬᠤᠶᠠᠳᠤᠭᠠᠷ ᠬᠦᠪᠡᠭᠦᠨ ᠪᠠᠷᠳᠡᠨ ᠪᠠᠭᠠᠳᠤᠷ ᠤᠨ ᠲᠦᠷᠪᠡᠨ ᠬᠦᠪᠡᠭᠦᠨ ᠤ ᠤᠳᠬᠤᠨ ᠨᠢ ᠪᠤᠯᠤᠨ᠎ᠠ᠃ ᠴᠢᠩᠬᠢᠰ ᠬᠠᠭᠠᠨ ᠤ ᠡᠴᠢᠭᠡ ᠶᠢᠰᠦᠭᠡᠢ ᠪᠠᠭᠠᠳᠤᠷ ᠲᠠᠷᠢᠳᠠᠢ ᠤᠳᠴᠢᠬᠢᠨ ᠤ ᠲᠦᠷᠦᠭᠰᠡᠨ ᠠᠬ᠎ᠠ ᠨᠢ ᠪᠢᠯᠨ᠃ ᠲᠡᠮᠤᠵᠢᠨ ᠢ ᠬᠢᠮᠤᠷᠭ᠎ᠠ ᠭᠤᠷᠤᠬ᠎ᠠ ᠶᠢᠨ ᠠᠶᠢᠯ ᠬᠠᠷᠠᠭᠠᠨ᠎ᠠ ᠭᠡᠳᠡᠭ ᠭᠠᠵᠠᠷ ᠪᠠᠭᠤᠵᠤ ᠪᠠᠶᠢᠬᠤ ᠳᠤ ᠲᠠᠷᠢᠳᠠᠢ ᠤᠳᠴᠢᠬᠢᠨ ᠨᠢᠭᠡᠨ ᠬᠦᠷᠢᠶ᠎ᠡ ᠪᠤᠯᠵᠤ ᠨᠠᠶᠢᠯᠡᠨ ᠢᠷᠡᠵᠠᠢ᠃ ᠲᠡᠮᠤᠵᠢᠨ ᠢ ᠬᠠᠮᠤᠭ ᠮᠤᠩᠭᠤᠯ ᠤᠨ ᠬᠠᠭᠠᠨ ᠳᠤ ᠡᠷᠭᠦᠮᠵᠢᠯᠡᠬᠦ ᠳᠤ ᠲᠡᠷᠨ ᠦᠪᠡᠷ ᠤᠨ ᠪᠠᠭ᠎ᠠ ᠠᠪᠠᠭ᠎ᠠ ᠲᠠᠷᠢᠳᠠᠢ ᠤᠳᠴᠢᠬᠢᠨ ᠳᠤ ᠨᠠᠶᠢᠷ ᠲᠠᠯᠪᠢᠬᠰᠡᠨ ᠪᠤᠯᠪᠠᠴᠤ ᠲᠡᠷᠨ ᠬᠦᠯᠢᠶᠠᠨ ᠠᠪᠤᠭ᠎ᠠ ᠦᠭᠡᠢ ᠪᠢᠯᠨ᠃ ᠵᠠᠮᠤᠬ᠎ᠠ ᠪᠤᠯᠤᠨ ᠴᠢᠩᠬᠢᠰ ᠬᠠᠭᠠᠨ ᠤ ᠬᠤᠭᠤᠷᠤᠨᠳᠤ ᠪᠤᠯᠤᠬᠰᠡᠨ ︽ᠠᠷᠪᠡᠨ ᠭᠤᠷᠪᠡᠨ ᠬᠦᠷᠢᠶᠡᠨ ᠤ ᠪᠠᠶᠢᠯᠳᠤᠭᠠᠨ︾ ᠳᠤ ᠲᠠᠷᠢᠳᠠᠢ ᠤᠳᠴᠢᠬᠢᠨ ᠴᠢᠩᠬᠢᠰ ᠤᠨ ᠨᠢᠭᠡᠨ ᠬᠦᠷᠢᠶ᠎ᠡ ᠶᠢ ᠤᠳᠤᠷᠢᠳᠤᠨ ᠪᠠᠶᠢᠯᠳᠤᠵᠤ ᠶᠠᠪᠤᠭᠰᠡᠨ ᠪᠢᠯᠨ᠃     ᠬᠠᠷ᠎ᠠ ᠨᠤᠬᠠᠢ ᠵᠢᠯ ᠪᠤᠶᠤ 1202 ᠤᠨ ᠤ ᠨᠠᠮᠤᠷ ᠴᠢᠩᠬᠢᠰ ᠬᠠᠭᠠᠨ ᠭᠤᠷᠪᠠᠳᠠᠬᠢ ᠤᠳᠠᠭ᠎ᠠ ᠲᠠᠲ᠋ᠠᠷ ᠢ ᠲᠠᠶᠢᠯᠠᠬᠤ ᠪᠠᠷ ᠰᠢᠢᠳᠴᠠᠢ᠃ ᠲᠡᠭᠡᠭᠡᠳ ᠲᠠᠯᠠᠨ ᠮᠦᠮᠦᠷᠭᠡᠰ ᠭᠡᠳᠡᠭ ᠭᠠᠵᠠᠷ ᠪᠠᠶᠢᠯᠳᠤᠬᠤ ᠳᠤ ᠠᠯᠳᠡᠨ᠂ ᠬᠤᠴᠠᠷ᠂ ᠲᠠᠷᠢᠳᠠᠢ ᠤᠳᠴᠢᠬᠢᠨ ᠨᠠᠷ ᠪᠠᠶᠢᠯᠳᠤᠭᠠᠨ ᠤ ᠡᠮᠤᠨ᠎ᠡ ᠲᠤᠭᠳᠠᠭᠠᠭᠰᠡᠨ ᠴᠠᠭᠠᠵᠠ ᠶᠢ ᠵᠦᠷᠢᠴᠡᠨ᠂ ᠤᠯᠵᠠᠨ ᠳᠤ ᠰᠢᠨᠤᠨ ᠰᠠᠭᠠᠳᠤᠭᠰᠡᠨ ᠤᠴᠢᠷ ᠲᠡᠳᠡᠨ ᠤ ᠤᠯᠵᠠᠯᠠᠬᠰᠡᠨ ᠵᠦᠢᠯ ᠢ ᠨᠢ ᠬᠤᠷᠢᠶᠠᠨ ᠠᠪᠴᠤ ᠤᠯᠠᠨ ᠳᠤ ᠬᠤᠪᠢᠶᠠᠨ ᠦᠭᠴᠠᠢ᠃ ᠲᠡᠶᠢᠮᠤ ᠠᠴᠠ ᠴᠤ ᠲᠡᠷᠨ ᠭᠤᠷᠪᠡ ᠤᠷᠪᠡᠨ ᠲᠡᠷᠰᠯᠡᠬᠦ ᠰᠡᠳᠬᠢᠯ ᠡᠪᠤᠷᠯᠡᠭᠰᠡᠨ ᠪᠢᠯᠨ᠃     ︽ᠬᠦᠢᠳᠡᠨ ᠤ ᠪᠠᠶᠢᠯᠳᠤᠭᠠᠨ︾ ᠳᠤ ᠠᠯᠳᠡᠨ᠂ ᠬᠤᠴᠠᠷ᠂ ᠲᠠᠷᠢᠳᠠᠢ ᠭᠤᠷᠪᠡᠨ ᠴᠢᠩᠬᠢᠰ ᠤᠨ ᠮᠠᠩᠯᠠᠢ ᠴᠡᠷᠢᠭ ᠪᠤᠯᠤᠨ ᠵᠠᠮᠤᠬ᠎ᠠ ᠲᠠᠢ ᠪᠠᠶᠢᠯᠳᠤᠬᠰᠡᠨ ᠪᠠᠶᠢᠨ᠎ᠠ᠃ ᠠᠯᠳᠡᠨ᠂ ᠬᠤᠴᠠᠷ ᠬᠤᠶᠠᠷ ᠵᠠᠮᠤᠬ᠎ᠠ᠂ ᠸᠠᠩ ᠬᠠᠨ ᠨᠠᠷ ᠲᠠᠢ ᠨᠢᠭᠡᠰᠴᠤ ᠲᠡᠮᠤᠵᠢᠨ ᠤ ᠡᠰᠡᠷᠬᠦ ᠬᠤᠤᠪᠢᠯᠳᠤᠭᠠᠨ ᠨᠢᠭᠡ ᠪᠢᠰᠢ ᠤᠳᠠᠭ᠎ᠠ ᠵᠤᠬᠢᠶᠠᠵᠠᠢ᠃ ᠡᠨᠡ ᠬᠤᠤᠪᠢᠯᠳᠤᠭᠠᠨ ᠳᠤ ᠲᠠᠷᠢᠳᠠᠢ ᠤᠳᠴᠢᠬᠢᠨ ᠢ ︽ᠭᠡᠷᠡᠶᠢᠳ ᠲᠠᠢ ᠨᠡᠶᠢᠯᠡᠵᠤ ᠶᠠᠪᠤᠬᠰᠡᠨ ᠭᠡᠮᠡᠨ ᠨᠢᠳᠤᠨ ᠠᠴᠠ ᠲᠠᠯᠳᠡ ᠪᠤᠯᠭᠠᠶ᠎ᠠ︾ ᠭᠡᠵᠤ ᠴᠢᠩᠬᠢᠰ ᠬᠠᠭᠠᠨ ᠬᠡᠯᠡᠵᠠᠢ᠃ ᠭᠡᠪᠡᠴᠤ ᠪᠤᠭᠤᠷᠴᠢ᠂ ᠮᠤᠬᠤᠯᠠᠢ᠂ ᠰᠢᠬᠢᠬᠤᠳᠤᠭ ᠭᠤᠷᠪᠡ ︽ᠦᠪᠡᠷ ᠤᠨ ᠭᠤᠯᠤᠮᠳᠡ ᠶᠢ ᠰᠦᠨᠦᠭᠡᠬᠦ ᠮᠡᠳᠤ᠂ ᠦᠪᠡᠷ ᠤᠨ ᠭᠡᠷ ᠢ ᠡᠪᠳᠡᠬᠦ ᠮᠡᠳᠤ ᠪᠤᠯᠬᠤ ᠪᠢᠰᠢ ᠤᠤ᠂ ᠰᠠᠶᠢᠨ ᠡᠴᠢᠭᠡ ᠶᠢᠨ ᠴᠢᠨᠢ ᠭᠡᠷᠢᠶᠡᠰ ᠪᠤᠯᠵᠤ ᠦᠯᠡᠳᠡᠭᠰᠡᠨ ᠭᠠᠭᠴᠨ ᠠᠪᠠᠭ᠎ᠠ ᠴᠢᠨᠢ ᠪᠢᠰᠢᠤ ᠤᠤ᠂ ᠲᠡᠭᠦᠨ ᠢ ᠦᠭᠡᠢ ᠭᠡᠵᠤ ᠶᠠᠭᠠᠬᠢᠵᠤ ᠪᠤᠯᠤᠨ᠎ᠡ︖ ᠲᠡᠭᠦᠨ ᠤ ᠤᠬᠠᠵᠤ ᠮᠡᠳᠡᠭᠰᠡᠨ ᠦᠭᠡᠢ ᠶᠢ ᠠᠭᠤᠴᠢᠯᠠᠳᠤᠭᠠᠢ︾ ᠭᠡᠵᠤ ᠢᠳᠬᠠᠵᠤ ᠬᠡᠯᠡᠭᠰᠡᠨ ᠤᠴᠢᠷ ᠡᠴᠢᠭᠡ ᠪᠠᠨ ᠰᠠᠨᠠᠵᠤ ᠲᠠᠷᠢᠳᠠᠢ ᠤᠳᠴᠢᠬᠢᠨ ᠢ ᠰᠢᠳᠭᠡᠬᠦ ᠪᠠᠨ ᠪᠤᠯᠢᠵᠤ ᠪᠠᠶᠢᠬᠰᠡᠨ ᠭᠡᠳᠡᠭ᠃                 ︽ᠴᠢᠩᠬᠢᠰ ᠬᠠᠭᠠᠨ ᠤ ᠲᠤᠬᠠᠢ ᠲᠤᠪᠴᠢ ᠲᠠᠶᠢᠯᠪᠤᠷᠢ ᠲᠤᠯᠢ︾ ᠠᠴᠠ ᠠᠪᠣᠪᠠ᠃                              ᠤᠷᠳᠤᠰ ᠮᠤᠩᠭᠤᠯ ᠰᠦᠯᠵᠢᠶ᠎ᠡ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号