ᠨᠠᠶᠢᠮᠠ᠂ ᠰᠢᠨ᠎ᠠ ᠡᠨᠧᠷᠬᠢ ᠶᠢᠨ ᠮᠠᠰᠢᠨ ᠲᠡᠷᠭᠡ ᠬᠤᠳᠠᠯᠳᠣᠨ ᠠᠪᠬᠤ ᠭᠠᠶᠢᠯᠢ ᠶᠢ ᠬᠠᠰᠣᠪᠠ | ᠡᠳ᠋ ᠤᠨ ᠵᠠᠰᠠᠭ ᠤᠨ ᠶᠠᠮᠣᠨ᠂ ᠭᠠᠶᠢᠯᠢ ᠶᠢᠨ ᠶᠠᠪᠣᠳᠠᠯ ᠤᠨ ᠶᠡᠷᠣᠩᠬᠡᠢ ᠲᠣᠪᠴᠢᠶ᠎ᠠ᠂ ᠠᠵᠣ ᠣᠶᠢᠢᠯᠡᠳᠪᠦᠷᠢ | ᠪᠠ ᠮᠡᠳᠡᠭᠡ ᠵᠠᠩᠬᠢᠵᠢᠯᠳᠠ ᠶᠢᠨ ᠶᠠᠮᠣᠨ᠂ ᠰᠢᠨᠵᠢᠯᠡᠬᠦ ᠣᠬᠠᠭᠠᠨ ᠮᠡᠷᠭᠡᠵᠢᠯ ᠤᠨ ᠶᠠᠮᠣᠨ ᠬᠠᠮᠳᠣᠷᠠᠨ ᠰᠢᠨ᠎ᠠ | ᠡᠨᠧᠷᠬᠢ ᠶᠢᠨ ᠮᠠᠰᠢᠨ ᠲᠡᠷᠭᠡ ᠬᠤᠳᠠᠯᠳᠣᠨ ᠠᠪᠬᠤ ᠭᠠᠶᠢᠯᠢ ᠶᠢ ᠬᠡᠯᠳᠣᠷᠢᠬᠦᠯᠬᠦ ᠲᠣᠬᠠᠢ ᠮᠡᠳᠡᠭᠳᠡᠯ ᠢ ᠨᠡᠶᠢᠳᠡᠯᠡᠵᠣ᠂ | 2018 ᠣᠨ ᠤ 1 ᠰᠠᠷ᠎ᠠ ᠶᠢᠨ 1 ᠠᠴᠠ 2020 ᠣᠨ ᠤ 12 ᠰᠠᠷ᠎ᠠ ᠶᠢᠨ 31 ᠤ ᠡᠳᠣᠷ ᠬᠦᠷᠳᠡᠯ᠎ᠠ ᠰᠢᠨ᠎ᠠ | ᠡᠨᠧᠷᠬᠢ ᠶᠢᠨ ᠮᠠᠰᠢᠨ ᠲᠡᠷᠭᠡ ᠬᠤᠳᠠᠯᠳᠣᠨ ᠠᠪᠬᠤ ᠭᠠᠶᠢᠯᠢ ᠶᠢ ᠬᠤᠷᠢᠶᠠᠬᠤ ᠦᠭᠡᠢ ᠬᠡᠵᠣ ᠨᠡᠶᠢᠳᠡᠯᠡᠭᠰᠡᠨ ᠪᠠᠶᠢᠨ᠎ᠠ᠃ | | ᠶᠢᠰᠣ᠂ ᠨᠢᠬᠡ ᠪᠦᠯᠦᠭ ᠪᠠᠭ᠎ᠠ ᠵᠢᠵᠢᠭ ᠠᠵᠣ ᠠᠬᠤᠶᠢᠢᠯᠠᠯ ᠠᠴᠠ ᠨᠡᠮᠡᠭᠳᠡᠯ ᠦᠷᠳᠡᠭ ᠤᠨ ᠭᠠᠶᠢᠯᠢ | ᠬᠤᠷᠢᠶᠠᠬᠤ ᠦᠭᠡᠢ | ᠡᠳ᠋ ᠤᠨ ᠵᠠᠰᠠᠭ ᠤᠨ ᠶᠠᠮᠣᠨ ᠪᠠ ᠭᠠᠶᠢᠯᠢ ᠶᠢᠨ ᠶᠠᠪᠣᠳᠠᠯ ᠤᠨ ᠶᠡᠷᠣᠩᠬᠡᠢ ᠲᠣᠪᠴᠢᠶ᠎ᠠ ᠪᠠᠭ᠎ᠠ ᠵᠢᠵᠢᠭ ᠠᠵᠣ | ᠠᠬᠤᠶᠢᠢᠯᠠᠯ ᠠᠴᠠ ᠨᠡᠮᠡᠭᠳᠡᠯ ᠦᠷᠳᠡᠭ ᠤᠨ ᠭᠠᠶᠢᠯᠢ ᠦᠯᠦ ᠬᠤᠷᠢᠶᠠᠬᠤ ᠲᠦᠷᠦ ᠶᠢᠨ ᠪᠣᠳᠣᠯᠭ᠎ᠠ ᠶᠢ ᠦᠷᠬᠦᠯᠵᠢᠯᠡᠬᠦᠯᠬᠦ | ᠲᠣᠬᠠᠢ ᠮᠡᠳᠡᠭᠳᠡᠯ ᠤᠨ ᠲᠣᠭᠳᠠᠭᠠᠯ ᠢ ᠨᠡᠶᠢᠳᠡᠯᠡᠵᠣ᠂ ᠪᠠᠭ᠎ᠠ ᠵᠢᠵᠢᠭ ᠠᠵᠣ ᠠᠬᠤᠶᠢᠢᠯᠠᠯ ᠤᠨ ᠬᠦᠭᠵᠢᠯᠳᠡ ᠶᠢ | ᠲᠡᠮᠵᠢᠬᠦ ᠶᠢᠨ ᠲᠦᠯᠦᠬᠡ᠂ 2018 ᠣᠨ ᠤ 1 ᠰᠠᠷ᠎ᠠ ᠶᠢᠨ 1 ᠠᠴᠠ 2020 ᠣᠨ ᠤ 12 ᠰᠠᠷ᠎ᠠ ᠶᠢᠨ 31 ᠤ | ᠡᠳᠣᠷ ᠬᠦᠷᠳᠡᠯ᠎ᠠ ᠰᠠᠷ᠎ᠠ ᠶᠢᠨ ᠪᠣᠷᠣᠯᠠᠭᠤᠯᠣᠯᠳᠠ ᠶᠢᠨ ᠨᠣᠷᠮ᠎ᠠ ᠨᠢ 2 ᠲᠦᠮᠡᠨ ᠲᠦᠭᠦᠷᠢᠭ ᠠᠴᠠ 3 ᠲᠦᠮᠡᠨ | ᠲᠦᠭᠦᠷᠢᠭ ᠤᠨ ᠪᠠᠭ᠎ᠠ ᠵᠢᠵᠢᠭ ᠠᠵᠣ ᠠᠬᠤᠶᠢᠢᠯᠠᠯ ᠠᠴᠠ ᠭᠠᠶᠢᠯᠢ ᠬᠤᠷᠢᠶᠠᠬᠤ ᠦᠭᠡᠢ ᠭᠡᠵᠦ ᠲᠣᠭᠳᠠᠭᠠᠬᠰᠠᠨ ᠪᠠᠶᠢᠨ᠎ᠠ | ᠃ | ᠡᠬᠦᠨ ᠠᠴᠠ ᠭᠠᠳᠠᠨ᠎ᠠ 2018 ᠣᠨ ᠤ 1 ᠰᠠᠷ᠎ᠠ ᠶᠢᠨ 1 ᠠᠴᠠ 2020 ᠣᠨ ᠤ 12 ᠰᠠᠷ᠎ᠠ ᠶᠢᠨ | 31 ᠤ ᠡᠳᠣᠷ ᠬᠦᠷᠳᠡᠯ᠎ᠠ᠂ ᠮᠦᠩᠬᠦᠨ ᠬᠦᠢᠯᠬᠡᠬᠡᠨ ᠤ ᠪᠠᠶᠢᠭᠤᠯᠣᠯᠭ᠎ᠠ ᠪᠣᠯᠥᠨ ᠪᠠᠭ᠎ᠠ ᠬᠡᠯᠪᠡᠷᠢ ᠶᠢᠨ ᠠᠵᠣ | ᠠᠬᠤᠶᠢᠢᠯᠠᠯ᠂ ᠵᠢᠵᠢᠭ ᠬᠡᠯᠪᠡᠷᠢ ᠶᠢᠨ ᠠᠵᠣ ᠠᠬᠤᠶᠢᠢᠯᠠᠯ ᠤᠨ ᠬᠡᠷ᠎ᠠ ᠲᠣᠭᠳᠠᠬᠰᠠᠨ ᠵᠢᠬᠡᠯᠡᠯᠭᠡ ᠶᠢᠨ ᠬᠡᠷ᠎ᠠ ᠶᠢᠨ | ᠲᠡᠮᠳᠡᠭᠳᠣ ᠶᠢᠨ ᠭᠠᠶᠢᠯᠢ ᠶᠢ ᠬᠤᠷᠢᠶᠠᠬᠤ ᠦᠭᠡᠢ ᠬᠡᠵᠣ ᠲᠣᠭᠳᠠᠬᠰᠠᠨ ᠪᠠᠶᠢᠨ᠎ᠠ᠃ | ᠠᠷᠪᠠ᠂ ᠰᠢᠨ᠎ᠠ ᠬᠡᠪᠯᠡᠯ ᠤᠨ ᠣᠰᠣᠨ ᠤ ᠪᠣᠬᠢᠷᠳᠣᠯ ᠢ ᠰᠡᠷᠭᠡᠶᠢᠯᠡᠬᠦ ᠬᠠᠣᠯᠢ ᠶᠢ ᠬᠡᠷᠡᠭᠵᠢᠬᠦᠯᠪᠡ | ᠠᠷᠪᠠᠨ ᠬᠤᠶᠠᠳᠣᠭᠠᠷ ᠬᠤᠭᠤᠴᠠᠭᠠᠨ ᠤ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠬᠤᠷᠢᠨ ᠨᠠᠶᠢᠮᠠᠳᠣᠭᠠᠷ ᠬᠤᠷᠠᠯ ᠠᠴᠠ 2017 ᠣᠨ ᠤ 6 ᠰᠠᠷ᠎ᠠ ᠶᠢᠨ 27 ᠤ ᠡᠳᠣᠷ | ᠣᠰᠣᠨ ᠤ ᠪᠣᠬᠢᠷᠳᠣᠯ ᠢ ᠰᠡᠷᠭᠡᠶᠢᠯᠡᠬᠦ ᠬᠠᠣᠯᠢ ᠳᠤ ᠵᠠᠰᠠᠪᠦᠷᠢ ᠣᠷᠣᠭᠤᠯᠬᠤ ᠲᠣᠬᠠᠢ ᠰᠢᠢᠳᠪᠦᠷᠢ ᠶᠢ ᠪᠠᠳᠣᠯᠠᠵᠣ᠂ | 2018 ᠣᠨ ᠤ 1 ᠰᠠᠷ᠎ᠠ ᠶᠢᠨ 1 ᠤ ᠡᠳᠣᠷ ᠠᠴᠠ ᠡᠬᠢᠯᠡᠨ ᠬᠡᠷᠡᠭᠵᠢᠬᠦᠯᠪᠡ᠃ ᠵᠠᠰᠠᠪᠦᠷᠢ ᠣᠷᠣᠭᠤᠯᠣᠬᠰᠠᠨ ᠤ | ᠲᠠᠷᠠᠭᠠᠬᠢ ᠬᠠᠣᠯᠢ ᠳᠤ ᠭᠤᠣᠯ ᠤᠨ ᠲᠠᠷᠤᠭ᠎ᠠ ᠶᠢᠨ ᠬᠤᠯᠪᠣᠬᠳᠠᠯ ᠪᠦᠬᠦᠢ ᠠᠭᠤᠯᠭ᠎ᠠ ᠶᠢ ᠨᠡᠮᠡᠵᠣ ᠣᠷᠣᠭᠤᠯᠪᠠ᠃ | ᠡᠬᠦᠨ ᠠᠴᠠ ᠭᠠᠳᠠᠨ᠎ᠠ ᠰᠢᠨ᠎ᠠ ᠵᠠᠰᠠᠪᠦᠷᠢ ᠣᠷᠣᠭᠤᠯᠣᠬᠰᠠᠨ ᠬᠠᠣᠯᠢ ᠳᠤ᠂ ᠣᠯᠣᠰ ᠠᠴᠠ ᠭᠤᠣᠯᠳᠠᠯᠭ᠎ᠠ ᠲᠠᠢ | ᠣᠰᠣ ᠶᠢ ᠪᠣᠬᠢᠷᠳᠣᠭᠤᠯᠬᠤ ᠭᠠᠳᠠᠭᠰᠢᠯᠠᠭᠤᠯᠣᠯᠳᠠ ᠶᠢᠨ ᠶᠡᠷᠣᠩᠬᠡᠢ ᠬᠡᠮᠵᠢᠶ᠎ᠠ ᠶᠢ ᠡᠵᠡᠮᠳᠡᠬᠦ ᠲᠦᠷᠢᠮ ᠢ ᠬᠡᠷᠡᠭᠵᠢᠬᠦᠯᠪᠡ | ᠃ | ᠠᠷᠪᠠᠨ ᠨᠢᠬᠡ᠂ ᠪᠠᠷᠢᠮᠳᠠ ᠶᠢᠨ ᠰᠢᠨ᠎ᠠ ᠲᠦᠷᠢᠮ ᠢ ᠡᠬᠢᠯᠡᠨ ᠬᠡᠷᠡᠭᠵᠢᠬᠦᠯᠵᠣ ᠣᠷᠣᠯᠠᠭᠤᠯᠬᠤ ᠺᠣᠳ᠋ ᠢ 12 | ᠣᠷᠣᠨᠳᠣ ᠲᠤᠭ᠎ᠠ ᠪᠣᠯᠭᠠᠪᠠ | ᠨᠡᠮᠡᠭᠳᠡᠯ ᠦᠷᠳᠡᠭ ᠤᠨ ᠭᠠᠶᠢᠯᠢ ᠶᠢᠨ ᠪᠠᠷᠢᠮᠳᠠ ᠶᠢᠨ ᠬᠠᠮᠢᠶᠠᠷᠣᠯᠳᠠ ᠶᠢ ᠣᠯᠠᠮ ᠨᠢᠬᠡ ᠠᠯᠬᠤᠮ | ᠲᠦᠷᠢᠮᠵᠢᠬᠦᠯᠵᠣ᠂ ᠭᠠᠶᠢᠯᠢ ᠲᠣᠰᠢᠶᠠᠬᠤ ᠣᠶᠢᠢᠯᠡᠴᠢᠯᠡᠭᠡ ᠶᠢ ᠰᠠᠶᠢᠵᠢᠷᠠᠭᠤᠯᠣᠨ᠂ ᠭᠠᠶᠢᠯᠢ ᠲᠣᠰᠢᠶᠠᠬᠴᠢ ᠶᠢᠨ | ᠬᠡᠷᠡᠭᠯᠡᠭᠡᠨ ᠤ ᠱᠠᠭᠠᠷᠳᠠᠯᠭ᠎ᠠ ᠶᠢ ᠬᠠᠩᠭᠠᠬᠤ ᠶᠢᠨ ᠲᠦᠯᠦᠬᠡ ᠣᠯᠣᠰ ᠤᠨ ᠭᠠᠶᠢᠯᠢ ᠶᠢᠨ ᠶᠠᠪᠣᠳᠠᠯ ᠤᠨ ᠶᠡᠷᠣᠩᠬᠡᠢ | ᠲᠣᠪᠴᠢᠶ᠎ᠠ 2018 ᠣᠨ ᠤ 1 ᠰᠠᠷ᠎ᠠ ᠶᠢᠨ 1 ᠠᠴᠠ ᠡᠬᠢᠯᠡᠨ ᠨᠡᠮᠡᠭᠳᠡᠯ ᠦᠷᠳᠡᠭ ᠤᠨ ᠭᠠᠶᠢᠯᠢ ᠶᠢᠨ ᠡᠩ ᠤᠨ | ᠪᠠᠷᠢᠮᠳᠠ ︵ᠨᠣᠭᠤᠯᠠᠭᠠᠰᠣᠳᠠᠢ ᠪᠢᠯᠧᠲ︶ ᠶᠢᠨ ᠪᠠᠷᠢᠮᠳᠠ ᠶᠢᠨ ᠣᠷᠣᠯᠠᠭᠤᠯᠬᠤ ᠺᠣᠳ᠋ ᠢ 10 ᠣᠷᠣᠨᠳᠣ ᠲᠤᠭ᠎ᠠ | ᠪᠠᠶᠢᠬᠰᠠᠨ ᠢ 12 ᠣᠷᠣᠨᠳᠣ ᠲᠤᠭ᠎ᠠ ᠪᠣᠯᠭᠠᠨ ᠲᠣᠬᠢᠷᠠᠭᠤᠯᠪᠠ᠃ | ᠠᠷᠪᠠᠨ ᠬᠤᠶᠠᠷ᠂ ᠠᠩᠬᠠᠳᠠᠬᠴᠢ ᠪᠦᠯᠦᠭ ᠴᠦᠮ᠎ᠠ ᠶᠢᠨ ᠠᠶᠣᠯᠬᠦᠢ ᠶᠢᠨ ᠬᠠᠣᠯᠢ ᠪᠠᠬᠢ ᠦᠨᠳᠣᠷ ᠴᠢᠩᠭ᠎ᠠ | ᠬᠠᠳᠠᠭᠤ ᠴᠦᠮ᠎ᠠ ᠶᠢᠨ ᠠᠶᠤᠯᠭᠦᠢ ᠶᠢᠨ ᠪᠠᠷᠢᠮᠵᠢᠶ᠎ᠠ ᠶᠢᠨ ᠰᠢᠰ᠊ᠳ᠋᠊ᠤᠮ ᠢ ᠪᠠᠶᠢᠭᠤᠯᠪᠠ | 2017 ᠣᠨ ᠤ 9 ᠰᠠᠷ᠎ᠠ ᠵᠨ 1 ᠤ ᠡᠳᠣᠷ᠂ ︽ᠪᠦᠬᠦᠳᠡ ᠨᠠᠶᠢᠷᠠᠮᠳᠠᠬᠤ ᠲᠣᠮᠳᠠᠳᠣ ᠠᠷᠠᠳ ᠣᠯᠣᠰ ᠤᠨ | ᠴᠦᠮ᠎ᠠ ᠶᠢᠨ ᠠᠶᠣᠯᠬᠦᠢ ᠶᠢᠨ ᠬᠠᠣᠯᠢ︾ ᠪᠠᠳᠣᠯᠠᠬᠳᠠᠵᠣ᠂ 2018 ᠣᠨ ᠤ 1 ᠰᠠᠷ᠎ᠠ ᠶᠢᠨ 1 ᠠᠴᠠ ᠡᠬᠢᠯᠡᠨ | ᠬᠡᠷᠡᠭᠵᠢᠬᠦᠯᠦᠭᠳᠡᠪᠡ᠃ ᠮᠠᠨ ᠤ ᠣᠯᠣᠰ ᠤᠨ ᠠᠩᠬᠠᠳᠠᠬᠴᠢ ᠴᠦᠮ᠎ᠠ ᠶᠢᠨ ᠬᠠᠣᠯᠢ ᠪᠣᠯᠣᠬᠰᠠᠨ ᠤ ᠬᠤᠪᠢ ᠳᠤ᠂ ᠲᠣᠰ | ᠣᠳᠠᠭ᠎ᠠ ᠰᠢᠨ᠎ᠠ ᠪᠠᠷ ᠲᠣᠬᠳᠠᠭᠠᠬᠰᠠᠨ ᠴᠦᠮ᠎ᠠ ᠶᠢᠨ ᠠᠶᠣᠯᠬᠦᠢ ᠶᠢᠨ ᠬᠠᠣᠯᠢ ᠣᠯᠣᠰ ᠤᠨ ᠶᠡᠷᠣᠩᠬᠡᠢ ᠴᠣᠬᠴᠠ ᠶᠢᠨ | ᠠᠮᠣᠷ ᠲᠦᠪᠰᠢᠨ ᠤ ᠦᠵᠡᠯᠳᠡ ᠶᠢ ᠨᠠᠶᠢᠳᠠᠪᠦᠷᠢᠵᠢᠭᠤᠯᠣᠨ ᠲᠣᠣᠱᠯᠠᠭᠤᠯᠵᠣ᠂ ᠪᠠᠬᠢ ᠦᠨᠳᠣᠷ ᠴᠢᠩᠭ᠎ᠠ ᠬᠠᠳᠠᠭᠤ | ᠴᠦᠮ᠎ᠠ ᠶᠢᠨ ᠠᠶᠣᠯᠬᠦᠢ ᠶᠢᠨ ᠪᠠᠷᠢᠮᠵᠢᠶ᠎ᠠ ᠶᠢᠨ ᠰᠢᠰ᠊ᠳ᠋᠊ᠤᠮ ᠢ ᠪᠠᠶᠢᠭᠤᠯᠵᠣ᠂ ᠴᠦᠮ᠎ᠠ ᠶᠢᠨ ᠡᠨᠧᠷᠬᠢ ᠵᠨ ᠦᠨᠢ | ᠣᠳᠠᠭᠠᠨ ᠠᠮᠣᠷ ᠲᠦᠪᠰᠢᠨ ᠪᠠ ᠡᠷᠡᠬᠦᠯ ᠬᠦᠭᠵᠢᠯᠳᠡ ᠶᠢ ᠪᠡᠶᠡᠯᠡᠬᠦᠯᠬᠦ ᠳᠤ ᠡᠷᠡᠰ ᠬᠠᠳᠠᠭᠤ ᠬᠠᠣᠯᠢ ᠵᠨ ᠪᠠᠳᠣᠯᠠᠭ᠎ᠠ | ᠬᠠᠩᠭᠠᠪᠠ᠃ | ᠠᠷᠪᠠᠨ ᠭᠤᠷᠪᠠ᠂ ᠲᠣᠮᠳᠠ ᠪᠠᠭ᠎ᠠ ᠠᠵᠣ ᠠᠬᠤᠶᠢᠢᠯᠠᠯ ᠢ ᠠᠬᠢᠭᠤᠯᠬᠤ ᠬᠠᠣᠯᠢ ᠳᠤ ᠵᠠᠰᠠᠪᠦᠷᠢ ᠣᠷᠣᠭᠤᠯᠪᠠ | 2017 ᠣᠨ ᠤ 9 ᠰᠠᠷ᠎ᠠ ᠶᠢᠨ 1 ᠤ ᠡᠳᠣᠷ᠂ ᠰᠢᠨ᠎ᠠ ᠪᠠᠷ ᠵᠠᠰᠠᠪᠦᠷᠢ ᠣᠷᠣᠭᠤᠯᠣᠬᠰᠠᠨ ︽ᠪᠦᠬᠦᠳᠡ | ᠨᠠᠶᠢᠷᠠᠮᠳᠠᠬᠤ ᠲᠣᠮᠳᠠᠳᠣ ᠠᠷᠠᠳ ᠣᠯᠣᠰ ᠤᠨ ᠲᠣᠮᠳᠠ ᠪᠠᠭ᠎ᠠ ᠠᠵᠣ ᠠᠬᠤᠶᠢᠢᠯᠠᠯ ᠢ ᠠᠬᠢᠭᠤᠯᠬᠤ ᠬᠠᠣᠯᠢ︾ ᠶᠢ | ᠵᠢᠩᠬᠢᠨᠢ ᠨᠡᠶᠢᠳᠡᠯᠡᠵᠣ᠂ 2018 ᠣᠨ ᠤ 1 ᠰᠠᠷ᠎ᠠ ᠶᠢᠨ 1 ᠠᠴᠠ ᠡᠬᠢᠯᠡᠨ ᠬᠡᠷᠡᠭᠵᠢᠬᠦᠯᠪᠡ᠃ ᠲᠣᠮᠳᠠ ᠪᠠᠭ᠎ᠠ ᠠᠵᠣ | ᠠᠬᠤᠶᠢᠢᠯᠠᠯ ᠢ ᠠᠬᠢᠭᠤᠯᠬᠤ ᠰᠢᠨ᠎ᠠ ᠬᠠᠣᠯᠢ ᠪᠣᠯ 2003 ᠣᠨ ᠤ ︽ᠪᠦᠬᠦᠳᠡ ᠨᠠᠶᠢᠷᠠᠮᠳᠠᠬᠤ ᠲᠣᠮᠳᠠᠳᠣ ᠠᠷᠠᠳ | ᠣᠯᠣᠰ ᠤᠨ ᠲᠣᠮᠳᠠ ᠪᠠᠭ᠎ᠠ ᠠᠵᠣ ᠠᠬᠤᠶᠢᠢᠯᠠᠯ ᠢ ᠠᠬᠢᠭᠤᠯᠬᠤ ᠬᠠᠣᠯᠢ︾ ᠶᠢᠨ ᠰᠠᠭᠤᠷᠢ ᠲᠡᠭᠡᠷ᠎ᠠ ᠵᠠᠰᠠᠪᠦᠷᠢ | ᠣᠷᠣᠭᠤᠯᠣᠬᠰᠠᠨ ᠨᠢ ᠲᠣᠮᠳᠠ ᠪᠠᠭ᠎ᠠ ᠠᠵᠣ ᠠᠬᠤᠶᠢᠢᠯᠠᠯ ᠤᠨ ᠬᠦᠭᠵᠢᠯᠳᠡ ᠳᠤ ᠪᠠᠳᠣ ᠰᠠᠭᠤᠷᠢ ᠶᠢ ᠲᠠᠯᠪᠢᠪᠠ᠃ | ᠠᠷᠪᠠᠨ ᠲᠦᠷᠪᠡ᠂ ᠰᠢᠨ᠎ᠠ ︽ᠲᠦᠪ ᠪᠣᠰᠣ ᠦᠷᠢᠰᠣᠯᠳᠣᠬᠡᠨ ᠢ ᠡᠰᠡᠷᠬᠦᠴᠡᠬᠦ ᠬᠠᠣᠯᠢ︾ ᠪᠣᠢ ᠪᠣᠯᠪᠠ | ᠵᠠᠰᠠᠪᠦᠷᠢ ᠣᠷᠣᠭᠤᠯᠣᠬᠰᠠᠨ ︽ᠲᠦᠪ ᠪᠣᠰᠣ ᠦᠷᠢᠰᠣᠯᠳᠣᠬᠡᠨ ᠢ ᠡᠰᠡᠷᠬᠦᠴᠡᠬᠦ ᠬᠠᠣᠯᠢ︾ ᠶᠢ 2018 | ᠣᠨ ᠤ 1 ᠰᠠᠷ᠎ᠠ ᠶᠢᠨ 1 ᠠᠴᠠ ᠡᠬᠢᠯᠡᠨ ᠬᠡᠷᠡᠭᠵᠢᠬᠦᠯᠪᠡ᠃ ᠡᠵᠡᠩᠨᠡᠭᠴᠢ ᠬᠤᠳᠠᠯ ᠬᠠᠭᠤᠷᠮᠠᠭ ᠠᠷᠠᠯᠵᠢᠶ᠎ᠠ ᠶᠢ | ᠵᠣᠬᠢᠶᠠᠨ ᠪᠠᠶᠢᠭᠤᠯᠬᠤ ᠵᠡᠷᠭᠡ ᠬᠡᠯᠪᠡᠷᠢ ᠪᠠᠷ ᠪᠣᠰᠣᠳ ᠡᠵᠡᠩᠨᠡᠭᠴᠢ ᠶᠢ ᠬᠠᠪᠰᠣᠷᠣᠨ ᠬᠤᠳᠠᠯ ᠬᠠᠭᠠᠣᠷᠮᠠᠭ ᠪᠣᠶᠣ | ᠬᠦᠮᠦᠰ ᠲᠤ ᠪᠣᠷᠣᠭᠤ ᠣᠶᠢᠢᠯᠠᠭᠠᠬᠳᠠᠬᠤ ᠬᠤᠳᠠᠯᠳᠣᠭᠠᠨ ᠤ ᠣᠬᠠᠭᠤᠯᠭ᠎ᠠ ᠬᠢᠵᠣ ᠪᠣᠯᠬᠤ ᠦᠭᠡᠢ ᠬᠡᠵᠣ ᠲᠣᠳᠣᠷᠬᠠᠢ | ᠲᠣᠬᠳᠠᠭᠠᠪᠠ᠃ ᠡᠬᠦᠨ ᠤ ᠬᠠᠮᠳᠣ ᠰᠦᠯᠵᠢᠶᠡᠨ ᠤ ᠲᠠᠪᠴᠠᠩ ᠬᠤᠳᠠᠯ ᠬᠠᠭᠤᠷᠮᠠᠭ ᠢᠶᠠᠷ ᠣᠬᠠᠭᠤᠯᠣᠨ ᠢᠳᠡᠭᠡᠯ ᠢᠶᠠᠷ | ᠦᠨᠳᠣᠷᠵᠢᠬᠦᠯᠬᠦ ᠪᠣᠶᠣ ᠪᠣᠰᠣᠳ ᠢ ᠬᠠᠪᠰᠣᠷᠣᠨ ᠬᠤᠳᠠᠯ ᠬᠠᠭᠤᠷᠮᠠᠭ ᠢᠶᠠᠷ ᠣᠬᠠᠭᠤᠯᠣᠨ ᠢᠳᠡᠭᠡᠯ ᠢ ᠨᠢ | ᠨᠡᠮᠡᠭᠳᠡᠬᠦᠯᠪᠠᠯ 100 ᠲᠦᠮᠡᠨ ᠲᠦᠭᠦᠷᠢᠭ ᠠᠴᠠ ᠲᠡᠭᠡᠭᠰᠢ 200 ᠲᠦᠮᠡᠨ ᠲᠦᠭᠦᠷᠢᠭ ᠠᠴᠠ ᠲᠣᠷᠣᠭᠰᠢ | ᠵᠣᠭᠤᠰ ᠢᠶᠠᠷ ᠲᠣᠷᠭᠠᠬᠤ ᠪᠣᠶᠣ ᠡᠵᠡᠩᠨᠡᠯᠳᠡ ᠶᠢᠨ ᠦᠨᠡᠮᠯᠡᠯ ᠢ ᠨᠢ ᠬᠦᠴᠣᠨ ᠦᠭᠡᠢ ᠪᠣᠯᠭᠠᠨ᠎ᠠ ᠬᠡᠵᠣ ᠲᠣᠬᠳᠠᠭᠠᠬᠰᠠᠨ | ᠪᠠᠶᠢᠨ᠎ᠠ᠃ | ᠠᠷᠪᠠᠨ ᠲᠠᠪᠤ᠂ ᠵᠠᠮᠴᠢᠯᠠᠬᠴᠢ ᠦᠪᠡᠷ ᠤᠨ ᠲᠣᠷ᠎ᠠ ᠪᠠᠷ ᠢᠶᠠᠨ ᠠᠶᠠᠯᠠᠯ ᠢᠶᠠᠨ ᠦᠭᠡᠷᠡᠴᠢᠯᠡᠵᠣ ᠵᠣᠭᠠᠴᠠᠬᠴᠢ ᠶᠢ | ᠠᠯᠪᠠᠳᠠᠨ ᠪᠠᠷᠠᠭ᠎ᠠ ᠠᠪᠣᠭᠤᠯᠵᠣ ᠪᠣᠯᠬᠤ ᠦᠭᠡᠢ | 2017 ᠣᠨ ᠤ 11 ᠰᠠᠷ᠎ᠠ ᠶᠢᠨ 1 ᠤ ᠡᠳᠣᠷ᠂ ᠣᠯᠣᠰ ᠤᠨ ᠰᠣᠶᠣᠯ ᠪᠠ ᠵᠣᠭᠠᠴᠠᠯ ᠤᠨ ᠶᠠᠮᠣᠨ ︽ | ᠵᠠᠮᠴᠢᠯᠠᠬᠴᠢ ᠶᠢ ᠬᠠᠮᠢᠶᠠᠷᠬᠤ ᠠᠷᠭ᠎ᠠ︾ ᠶᠢ ᠨᠡᠶᠢᠳᠡᠯᠡᠵᠣ᠂ ᠵᠠᠮᠴᠢᠯᠠᠬᠴᠢ ᠶᠢᠨ ᠠᠵᠢᠯ ᠮᠡᠷᠭᠡᠵᠢᠯ ᠤᠨ ᠵᠦᠪᠰᠢᠶᠡᠷᠡᠯ᠂ | ᠬᠠᠮᠢᠶᠠᠷᠣᠯᠳᠠ᠂ ᠪᠠᠳᠣᠯᠠᠪᠦᠷᠢ ᠪᠣᠯᠣᠨ ᠵᠣᠷᠢᠬᠵᠢᠭᠤᠯᠣᠯ ᠲᠣᠷᠭᠠᠭᠤᠯᠢ ᠵᠡᠷᠭᠡ ᠳᠤ ᠨᠠᠷᠢᠨ ᠲᠣᠭᠳᠠᠭᠠᠯ ᠭᠠᠷᠭᠠᠵᠣ᠂ | 2018 ᠣᠨ ᠤ 1 ᠰᠠᠷ᠎ᠠ ᠶᠢᠨ 1 ᠠᠴᠠ ᠡᠬᠢᠯᠡᠨ ᠬᠡᠷᠡᠭᠵᠢᠬᠦᠯᠪᠡ᠃ ᠠᠷᠭ᠎ᠠ ᠳᠤ ᠵᠠᠮᠴᠢᠯᠠᠬᠴᠢ ᠠᠵᠢᠯ | ᠮᠡᠷᠭᠡᠵᠢᠯ ᠤᠨ ᠬᠤᠭᠤᠴᠠᠭᠠᠨ ᠳᠠᠭᠠᠨ ᠦᠪᠡᠷ ᠤᠨ ᠲᠣᠷ᠎ᠠ ᠪᠠᠷ ᠢᠶᠠᠨ ᠠᠶᠠᠯᠠᠯ ᠢᠶᠠᠨ ᠦᠬᠡᠷᠡᠴᠢᠯᠡᠬᠦ᠂ ᠦᠳᠣᠬᠡᠨ | ᠮᠡᠬᠡᠯᠡᠬᠦ ᠪᠣᠶᠣ ᠠᠯᠪᠠᠳᠠᠨ ᠬᠡᠷᠡᠭᠯᠡᠭᠡ ᠬᠢᠯᠬᠡᠬᠦ᠂ ᠵᠣᠭᠠᠴᠠᠬᠴᠢ ᠠᠴᠠ ᠭᠠᠷ ᠴᠠᠶᠢᠯᠭᠠᠬᠤ ᠮᠦᠩᠬᠦ ᠠᠪᠬᠤ ᠵᠡᠷᠭᠡ ᠠᠷᠪᠠᠨ | ᠨᠢᠬᠡᠨ ᠵᠦᠢᠯ ᠤᠨ ᠬᠠᠣᠯᠢ ᠴᠠᠭᠠᠵᠠ ᠠᠴᠠ ᠵᠦᠷᠢᠴᠡᠭᠰᠡᠨ ᠠᠵᠢᠯᠯᠠᠭ᠎ᠠ ᠶᠢ ᠲᠣᠳᠣᠷᠬᠠᠶᠢᠢᠯᠠᠪᠠ᠃ | ᠠᠷᠪᠠᠨ ᠵᠢᠷᠭᠤᠭ᠎ᠠ᠂ ᠰᠦᠯᠵᠢᠶᠡᠨ ᠤ ᠬᠤᠭᠤᠯᠠ ᠣᠮᠳᠠ ᠶᠢᠨ ᠰᠢᠨ᠎ᠠ ᠲᠦᠷᠢᠮ | ᠣᠯᠣᠰ ᠤᠨ ᠬᠤᠯᠪᠣᠬᠳᠠᠯ ᠪᠦᠬᠦᠢ ᠰᠠᠯᠠᠭ᠎ᠠ ᠮᠦᠴᠢᠷ ᠠᠴᠠ ︽ᠰᠦᠯᠵᠢᠶᠡᠨ ᠤ ᠬᠤᠭᠤᠯᠠ ᠣᠮᠳᠠ ᠶᠢᠨ | ᠣᠶᠢᠢᠯᠡᠴᠢᠯᠡᠬᠡᠨ ᠤ ᠢᠳᠡᠭᠡᠨ ᠤ ᠠᠶᠣᠯᠬᠦᠢ ᠶᠢᠨ ᠬᠢᠨᠠᠯᠳᠠ ᠬᠠᠮᠢᠶᠠᠷᠣᠯᠳᠠ ᠶᠢᠨ ᠠᠷᠭ᠎ᠠ︾ ᠶᠢ ᠨᠡᠶᠢᠳᠡᠯᠡᠵᠣ᠂ 2018 | ᠣᠨ ᠤ 1 ᠰᠠᠷ᠎ᠠ ᠶᠢᠨ 1 ᠠᠴᠠ ᠡᠬᠢᠯᠡᠨ ᠬᠡᠷᠭᠵᠢᠬᠦᠯᠪᠡ᠂ ᠨᠡᠶᠢᠳᠡ 46 ᠵᠦᠢᠯ ᠪᠣᠢ᠃ ᠰᠦᠯᠵᠢᠶᠡᠨ ᠳᠤ ᠭᠠᠷᠴᠣ | ᠬᠤᠭᠤᠯᠠ ᠣᠮᠳᠠ ᠶᠢᠨ ᠣᠶᠢᠢᠯᠡᠴᠢᠯᠡᠭᠡ ᠬᠠᠩᠭᠠᠬᠴᠢ ᠡᠷᠬᠡᠪᠰᠢ ᠪᠣᠳᠠᠳᠣ ᠡᠵᠡᠩᠨᠡᠯᠳᠡ ᠶᠢᠨ ᠦᠷᠳᠡᠭᠡ ᠪᠠ ᠬᠠᠣᠯᠢ | ᠶᠣᠰᠣᠭᠠᠷ ᠢᠳᠡᠭᠡᠨ ᠤ ᠡᠵᠡᠩᠨᠡᠯᠳᠡ ᠶᠢᠨ ᠵᠦᠪᠰᠢᠶᠡᠷᠡᠯ ᠣᠯᠣᠬᠰᠠᠨ ᠪᠠᠶᠢᠬᠤ ᠬᠡᠷᠡᠭᠳᠡᠢ᠂ ᠬᠡᠪᠴᠢᠶ᠎ᠠ ᠠᠴᠠ ᠪᠠᠨ | ᠬᠡᠳᠣᠷᠡᠬᠦᠯᠣᠨ ᠡᠵᠡᠩᠨᠡᠵᠣ ᠪᠣᠯᠬᠤ ᠦᠭᠡᠢ ᠬᠡᠵᠣ ᠲᠤᠭᠳᠠᠭᠠᠭᠰᠠᠨ ᠪᠠᠶᠢᠨ᠎ᠠ᠃ | ︵ᠠᠷᠠᠳ ᠤᠨ ᠰᠦᠯᠵᠢᠶ᠎ᠠ ᠠᠴᠠ ᠣᠷᠴᠢᠭᠤᠯᠣᠨ ᠨᠠᠶᠢᠷᠠᠭᠤᠯᠵᠣ ᠠᠪᠣᠪᠠ᠂ ᠲᠡᠭᠡᠷ᠎ᠠ ᠬᠤᠭᠤᠴᠠᠭᠠᠨ ᠤ | ᠦᠷᠬᠦᠯᠵᠢᠯᠡᠯ︶ | | |