ᠮᠠᠯ ᠭᠠᠷᠭᠠᠬᠤ ᠶᠢ ︿︿ᠮᠢᠬ᠎ᠠ ᠭᠠᠷᠭᠠᠬᠤ﹀﹀ ᠭᠡᠵᠤ ᠬᠡᠯᠡᠬᠦ ᠶᠢ ᠴᠡᠭᠡᠷᠯᠡᠨ᠎ᠡ᠃ ᠤᠯᠠᠭᠠᠨ ᠢᠳᠡᠭᠡᠨ ᠢ | ᠴᠢᠨᠠᠬᠤ ᠳᠤ᠂ ᠶᠠᠰᠤ ᠶᠢ ᠨᠢ ᠬᠤᠭᠤ ᠪᠠᠯᠪᠠ ᠴᠤᠬᠢᠬᠤ ᠶᠢ ᠴᠡᠭᠡᠷᠯᠡᠨ᠎ᠡ᠃ ᠵᠠᠪᠠᠯ ᠦᠶ᠎ᠡ ᠦᠶ᠎ᠡ ᠪᠠᠷ ᠨᠢ ᠲᠤᠶᠠᠴᠢᠨ | ᠨᠤᠭᠤᠴᠠᠬᠤ ᠭᠡᠷᠡᠭᠳᠠᠢ᠃ ᠲᠦᠬᠦᠬᠡᠢ ᠮᠢᠬ᠎ᠠ ᠱᠤᠯᠤᠬᠤ ᠳᠠᠭᠠᠨ ᠵᠠᠪᠠᠯ ᠶᠠᠰᠤᠨ ᠲᠡᠭᠡᠷ᠎ᠡ ᠨᠢ ᠮᠦᠯᠵᠢᠬᠦᠷ ᠮᠢᠬ᠎ᠠ | ᠦᠯᠡᠳᠡᠭᠡᠬᠦ ᠶᠤᠰᠤ ᠲᠠᠢ᠃ ᠬᠦᠯᠡᠶᠢᠳᠡᠯ᠎ᠡ ᠱᠤᠯᠤᠬᠤ ᠶᠢ ᠴᠡᠭᠡᠷᠯᠡᠨ᠎ᠡ᠃ ᠡᠶᠢᠮᠤ ᠠᠴᠠ ︿︿ᠮᠦᠭᠡᠷ ᠲᠠᠢ ᠪᠤᠯ ᠲᠡᠷᠭᠡ | ᠰᠠᠶᠢᠬᠠᠨ᠂ ᠮᠦᠯᠵᠢᠬᠦᠷ ᠲᠠᠢ ᠪᠤᠯ ᠶᠠᠰᠤ ᠰᠠᠶᠢᠬᠠᠨ﹀﹀ ᠭᠡᠵᠤ ᠮᠤᠩᠭᠤᠯᠴᠤᠳ ᠬᠡᠯᠡᠳᠡᠭ᠃ ᠴᠢᠨᠠᠭᠰᠠᠨ ᠶᠠᠰᠤ ᠶᠢ | ᠮᠦᠯᠵᠢᠬᠦ ᠳᠤ ᠠᠳᠡ ᠲᠡᠨᠳᠡ ᠨᠢ ᠠᠷᠠᠮᠠᠭ ᠲᠠᠷᠠᠮᠠᠭ ᠮᠢᠬ᠎ᠠ ᠦᠯᠡᠳᠡᠭᠡᠬᠦ ᠶᠢ ᠴᠡᠭᠡᠷᠯᠡᠨ᠎ᠡ᠃ ᠵᠠᠪᠠᠯ ᠬᠦᠯᠡᠶᠢᠳᠡᠯ᠎ᠡ | ᠰᠠᠶᠢᠬᠠᠨ ᠮᠦᠯᠵᠢᠬᠦ ᠶᠤᠰᠤ ᠲᠠᠢ᠃ ︿︿ᠶᠠᠰᠤ ᠶᠢ ᠨᠢ ᠰᠠᠶᠢᠬᠠᠨ ᠮᠦᠯᠵᠢᠪᠡᠯ ᠮᠠᠯ ᠲᠦᠷᠭᠡᠨ ᠲᠦᠷᠦᠯ ᠤᠯᠳᠠᠭ ᠭᠡᠨ᠎ᠡ | ﹀﹀᠃ ᠰᠢᠬᠦᠰᠤ᠂ ᠡᠪᠴᠢᠬᠦᠦ ᠵᠡᠷᠭᠡ ᠶᠢ ᠴᠢᠨᠠᠬᠤ ᠳᠤ ᠭᠡᠳᠡᠰᠤ ᠲᠤᠳᠤᠷ ᠲᠠᠢ ᠨᠢ ᠨᠡᠶᠢᠯᠡᠬᠦᠯᠦᠨ ᠴᠢᠨᠠᠬᠤ ᠶᠢ | ᠴᠡᠭᠡᠷᠯᠡᠨ᠎ᠡ᠂ ᠰᠢᠬᠦᠰᠦ ᠲᠠᠪᠬᠠᠯᠠᠬᠤ ᠳᠤ ᠭᠡᠳᠡᠰᠤ ᠲᠤᠳᠤᠷ ᠢ ᠬᠠᠮᠳᠤ ᠲᠠᠯᠪᠢᠬᠤ ᠶᠢ ᠴᠡᠭᠡᠷᠯᠡᠨ᠎ᠡ᠃ ᠰᠢᠬᠦᠰᠤ ᠲᠡᠭᠡᠷ᠎ᠡ | ᠲᠤᠯᠤᠭᠠᠢ ᠲᠠᠯᠪᠢᠬᠤ ᠳᠠᠭᠠᠨ ᠪᠦᠳᠤᠨ ᠲᠠᠯᠪᠢᠬᠤ ᠶᠢ ᠴᠡᠭᠡᠷᠯᠡᠨ᠎ᠡ᠃ ᠮᠠᠩᠨᠠᠢ ᠳᠤᠨᠢ ᠬᠡᠷᠴᠢᠯᠡᠭᠡᠰᠤ ᠭᠠᠷᠭᠠᠭᠠᠳ ᠰᠠᠶ᠋ᠢ | ᠲᠠᠯᠪᠢᠬᠤ ᠶᠤᠰᠤᠲᠠᠢ᠃ ᠵᠤᠴᠢᠨ ᠬᠦᠮᠦᠨ ᠳᠤ᠂ ᠪᠦᠬᠦᠯᠢ ᠬᠤᠳᠤᠭᠤᠳᠤ ᠲᠠᠯᠪᠢᠬᠤ ᠶᠢ ᠴᠡᠭᠡᠷᠯᠡᠨ᠎ᠡ᠃ | ᠬᠤᠳᠤᠭᠤᠳᠤ ᠶᠢ ᠠᠮᠠᠨ ᠭᠡᠰᠢᠭ ᠤᠨ ᠪᠡᠯᠭᠡᠳᠡᠯ ᠭᠡᠳᠡᠭ ᠲᠤᠯᠠ᠂ ᠠᠮᠠᠨ ᠬᠡᠰᠢᠭ ᠢᠶᠠᠨ ᠠᠯᠳᠠᠬᠤ ᠠᠴᠠ ᠬᠡᠴᠢᠶᠡᠭᠰᠠᠨ | ᠤᠳᠬ᠎ᠠ ᠲᠠᠢ᠂ ᠬᠡᠷᠪᠡ ᠪᠦᠳᠦᠨ ᠬᠤᠳᠤᠭᠤᠳᠤ ᠲᠠᠪᠠᠭ᠋ᠠᠯᠠᠬᠤ ᠳᠤ ᠬᠦᠷᠪᠡᠯ᠂ ᠵᠤᠴᠢᠨ ᠬᠦᠮᠦᠨ ᠪᠦᠬᠦᠯᠢ ᠪᠠᠷ ᠨᠢ | ᠭᠠᠨᠵᠤᠭᠠᠯᠠᠨ ᠮᠤᠷᠳᠠᠳᠠᠭ ᠶᠤᠰᠤ ᠲᠠᠢ᠃ ᠪᠤᠭᠤᠨᠢ ᠬᠠᠪᠢᠷᠭ᠎ᠠ᠂ ᠪᠤᠭᠳᠤᠰᠤ ᠴᠢᠮᠤᠭᠡ ᠪᠦᠳᠦᠷᠭᠡᠢ᠂ ᠭᠤᠳᠤᠩ ᠰᠡᠬᠦᠯ | ᠂ ᠪᠠᠶᠠᠨ ᠲᠦᠷᠦᠬᠦᠦ ᠶᠢ ᠵᠤᠴᠢᠨ ᠳᠤ ᠲᠠᠪᠠᠭ᠋ᠠᠯᠠᠨ ᠪᠠᠷᠢᠬᠤ ᠶᠢ ᠴᠡᠭᠡᠷᠯᠡᠨ᠎ᠡ᠃ ︿︿ᠪᠤᠯᠤᠮᠵᠢ ᠦᠭᠡᠢ ᠬᠦᠮᠦᠨ ᠳᠤ᠂ | ᠪᠤᠭᠳᠤᠰᠤ ᠴᠢᠮᠦᠭᠡ﹀﹀ ᠭᠡᠳᠡᠭ᠃ ᠱᠠᠭ᠎ᠠ ᠶᠠᠰᠤ ᠶᠢ ᠬᠠᠮᠢᠶ᠎ᠠ ᠦᠭᠡᠢ ᠬᠠᠶᠠᠬᠤ ᠶᠢ ᠴᠡᠭᠡᠷᠯᠡᠨ᠎ᠡ᠃ ᠦᠷ᠎ᠡ ᠲᠦᠯ | ᠤᠯᠠᠨ ᠡᠷᠬᠦᠭᠰᠠᠨ ᠡᠬᠡ ᠮᠠᠯ ᠢ ᠭᠠᠷᠭᠠᠬᠤ ᠶᠢ ᠴᠡᠭᠡᠷᠯᠡᠨ᠎ᠡ᠃ ᠰᠡᠳᠡᠷᠯᠡᠭᠰᠠᠨ ᠮᠠᠯ ᠢᠶᠠᠷ ᠱᠦᠯᠦ ᠭᠠᠷᠭᠠᠬᠤ ᠶᠢ ᠤᠨᠴᠠ | ᠴᠡᠭᠡᠷᠯᠡᠨ᠎ᠡ᠃ |