ᠪᠠᠭᠰᠢ ᠪᠤᠯᠤᠬᠰᠠᠳ ᠨᠢᠭᠡ ᠴᠠᠭ ᠤᠨ ᠬᠢᠴᠢᠶᠠᠯ ᠵᠢᠭᠠᠬᠤ ᠳᠠᠭᠠᠨ ᠲᠡᠷᠡ ᠨᠢᠭᠡ ᠴᠠᠭ ᠤᠨ ᠤᠷᠤᠬᠤ ᠭᠡᠵᠤ | ᠪᠠᠶᠢᠭ᠎ᠠ ᠬᠢᠴᠢᠶᠠᠯ ᠤᠨ ᠢᠶᠠᠨ ᠠᠭᠤᠯᠭ᠎ᠠ ᠳᠠᠭᠠᠨ ᠨᠡᠪᠳᠡᠷᠡᠬᠦ ᠠᠴᠠ ᠭᠠᠳᠠᠨ᠎ᠠ ᠲᠤᠤᠷᠠᠬᠢ ᠮᠡᠲᠦ ᠭᠤᠷᠪᠠᠨ ᠦᠨᠲᠦᠰᠤᠨ | ᠴᠢᠳᠠᠪᠤᠷᠢ ᠶᠢ ᠪᠦᠷᠢᠯᠲᠦᠬᠦᠯᠦᠭᠰᠡᠨ ᠪᠠᠶᠢᠬᠤ ᠭᠡᠷᠡᠭᠳᠡᠢ᠃ | ᠨᠢᠭᠡ ᠳᠤ᠂ ᠰᠤᠷᠤᠬᠴᠢᠳ ᠢ ᠵᠦᠪ ᠢᠶᠠᠷ ᠵᠢᠯᠤᠭᠤᠳᠤᠨ ᠰᠡᠳᠬᠢᠬᠦᠢ ᠶᠢᠨ ᠴᠢᠳᠠᠪᠤᠷᠢ ᠶᠢ ᠨᠢ | ᠨᠡᠭᠡᠭᠡᠭᠳᠡᠬᠦᠯᠦᠭᠰᠡᠨ ᠪᠠᠶᠢᠬᠤ ᠭᠡᠷᠡᠭᠳᠡᠢ᠃ ᠡᠨᠡ ᠪᠤᠯ ᠭᠡᠪ ᠴᠢᠨᠡᠷ ᠤᠨ ᠰᠤᠷᠭᠠᠨ ᠬᠦᠮᠤᠵᠢᠯ ᠢ ᠪᠤᠳᠠᠳᠠᠶᠢᠵᠢᠭᠤᠯᠬᠤ | ᠶᠠᠪᠤᠴᠠ ᠳᠠᠬᠢ ᠪᠠᠭᠰᠢ ᠬᠦᠮᠤᠨ ᠳᠤ ᠪᠠᠶᠢᠪᠠᠰᠤ ᠵᠤᠬᠢᠬᠤ ᠦᠨᠲᠦᠰᠤᠨ ᠴᠢᠳᠠᠪᠤᠷᠢ ᠪᠤᠯᠤᠨ᠎ᠠ᠃ ᠤᠳᠤ ᠶᠢᠨ | ᠱᠠᠭᠠᠷᠳᠠᠵᠤ ᠪᠠᠶᠢᠬᠤ ᠰᠢᠨ᠎ᠠ ᠬᠢᠴᠢᠶᠠᠯ ᠤᠨ ᠦᠭᠡᠷᠡᠴᠢᠯᠡᠯᠳᠠ ᠶᠢᠨ ᠶᠠᠪᠤᠴᠠ ᠳᠤ᠂ ᠰᠤᠷᠤᠬᠴᠢ ᠪᠠᠷ ᠭᠤᠤᠯ ᠴᠤᠬᠴᠠ | ᠪᠤᠯᠭᠠᠵᠤ᠂ ᠪᠠᠭᠰᠢ ᠵᠢᠯᠤᠭᠤᠳᠬᠤ ᠦᠢᠯᠡᠲᠦᠯ ᠦᠵᠡᠬᠦᠯᠬᠦ ᠶᠢ ᠴᠢᠬᠤᠯᠠᠴᠢᠯᠠᠵᠤ ᠪᠠᠶᠢᠨ᠎ᠠ᠃ ᠲᠠᠷᠤᠢ ᠰᠤᠷᠤᠬᠴᠢ ᠶᠢ | ᠭᠤᠤᠯ ᠴᠤᠬᠴᠠ ᠪᠤᠯᠭᠠᠨ ᠬᠢᠴᠢᠶᠡᠯᠯᠡᠪᠡᠯ ᠰᠠᠶ᠋ᠢ ᠰᠤᠷᠤᠬᠴᠢᠳ ᠲᠤ ᠦᠪᠡᠷ ᠢᠶᠠᠨ ᠰᠤᠷᠤᠯᠴᠠᠬᠤ ᠴᠢᠯᠦᠭᠡᠲᠦ ᠤᠷᠴᠢᠨ | ᠲᠤᠭᠤᠷᠢᠨ ᠢ ᠪᠤᠢ ᠪᠤᠯᠭᠠᠨ ᠦᠭᠴᠦ ᠴᠢᠳᠠᠨ᠎ᠠ᠃ ᠢᠡᠭᠬᠢᠪᠡᠯ ᠰᠠᠶ᠋ᠢ ᠰᠤᠷᠤᠬᠴᠢᠳ ᠬᠢᠴᠢᠶᠡᠯᠯᠡᠭᠡ ᠶᠢᠨ ᠵᠢᠩᠬᠢᠨᠢ | ᠡᠵᠡᠨ ᠪᠤᠯᠵᠤ᠂ ᠴᠠᠭ ᠢ ᠦᠪᠡᠷ ᠢᠶᠠᠨ ᠠᠰᠢᠬᠯᠠᠨ᠂ ᠨᠢᠳᠤ᠂ ᠲᠡᠷᠢᠬᠢ᠂ ᠭᠠᠷ ᠵᠡᠷᠭᠡ ᠰᠡᠷᠡᠯ ᠤᠨ ᠡᠷᠭᠡᠳᠡᠨ ᠢᠶᠠᠨ | ᠦᠢᠯᠡᠲᠦᠯᠭᠡ ᠳᠤ ᠤᠷᠤᠯᠴᠠᠭᠤᠯᠤᠨ᠂ ᠤᠶᠤᠨ ᠤᠬᠠᠭᠠᠨ ᠢ ᠨᠢ ᠨᠡᠭᠡᠭᠡᠭᠳᠡᠬᠦᠯᠤᠨ᠂ ᠠᠰᠠᠭᠤᠳᠠᠯ ᠢ ᠪᠤᠳᠤᠯᠬᠢᠯᠠᠵᠤ | ᠡᠬᠢᠯᠡᠳᠡᠭ᠃ ︽ᠬᠦᠮᠤᠨ ᠤ ᠰᠡᠳᠬᠢᠬᠦᠢ ᠶᠢᠨ ᠠᠵᠢᠯᠯᠠᠭᠠᠨ ᠶᠠᠷᠦᠨᠢ ᠠᠰᠠᠭᠤᠳᠠᠯ ᠠᠴᠠ ᠡᠬᠢᠯᠡᠳᠡᠭ︾ ᠭᠡᠵᠦ | ᠰᠡᠳᠬᠢᠴᠠ ᠶᠢᠨ ᠵᠦᠢ ᠶᠢᠨ ᠤᠬᠠᠭᠠᠨᠳᠠᠳ ᠰᠠᠨᠠᠯ ᠨᠢᠭᠡᠳᠡᠢ ᠦᠵᠡᠵᠤ ᠪᠤᠢ᠃ ᠡᠶᠢᠮᠦ ᠠᠴᠠ ᠪᠠᠭᠰᠢ ᠪᠤᠯᠤᠬᠰᠠᠳ | ᠲᠦᠴᠢᠨ ᠲᠠᠪᠤᠨ ᠮᠢᠨᠦ᠋ᠲ ᠢᠶᠠᠷ ᠲᠡᠮᠵᠢᠨ ᠰᠤᠷᠤᠬᠴᠢᠳ ᠲᠤ ᠵᠢᠩᠬᠢᠨᠢ ᠮᠡᠳᠡᠯᠭᠡ ᠡᠵᠡᠮᠰᠢᠬᠦᠯᠵᠦ᠂ ᠦᠪᠡᠷ ᠢᠶᠠᠨ | ᠰᠤᠷᠤᠯᠴᠠᠬᠤ ᠨᠦᠬᠦᠴᠡᠯ ᠢ ᠰᠤᠷᠤᠬᠴᠢᠳ ᠲᠤ ᠤᠷᠢᠳᠠᠪᠡᠷ ᠪᠦᠷᠢᠯᠲᠦᠬᠦᠯᠤᠨ ᠦᠭᠴᠦ᠂ ᠰᠤᠷᠤᠬᠴᠢᠳ ᠢ | ᠬᠢᠴᠢᠶᠡᠯᠯᠡᠭᠡ ᠶᠢᠨ ᠶᠠᠪᠤᠴᠠ ᠳᠤ ᠠᠰᠠᠭᠤᠳᠠᠯ ᠲᠤᠷᠠᠳᠬᠤ ᠲᠠᠯ᠎ᠠ ᠪᠠᠷ ᠵᠤᠷᠢᠬᠵᠢᠭᠤᠯᠤᠨ ᠪᠠᠶ᠎ᠡ ᠪᠠᠨ ᠲᠠᠭᠠᠭᠠᠵᠤ | ᠰᠡᠳᠬᠢᠬᠦ ᠪᠠ ᠰᠢᠢᠳᠪᠤᠷᠢᠯᠡᠬᠦ ᠴᠢᠳᠠᠪᠤᠷᠢ ᠲᠠᠢ ᠪᠤᠯᠭᠠᠬᠤ ᠲᠡᠯ᠎ᠠ ᠪᠠᠷ ᠬᠦᠳᠡᠯᠦᠩᠬᠦᠢ ᠪᠤᠯᠭᠠᠬᠤ ᠭᠡᠷᠡᠭᠳᠡᠢ᠃ ᠢᠡᠭᠬᠢᠪᠡᠯ | ᠰᠠᠶ᠋ᠢ ᠪᠠᠭᠰᠢ ᠪᠤᠯᠤᠬᠰᠠᠳ ᠰᠤᠷᠤᠬᠴᠢᠳ ᠲᠤ ᠦᠪᠡᠷ ᠢᠶᠠᠨ ᠰᠤᠷᠬᠤ ᠠᠷᠭ᠎ᠠ ᠵᠠᠮ ᠢ ᠵᠢᠭᠠᠵᠤ᠂ ᠲᠡᠳᠡᠨ ᠤ | ᠰᠡᠳᠬᠢᠬᠦᠢ ᠶᠢᠨ ᠴᠢᠳᠠᠪᠤᠷᠢ ᠶᠢ ᠬᠥᠭᠵᠢᠭᠦᠯᠵᠦ᠂ ᠪᠡᠶ᠎ᠡ ᠪᠠᠨ ᠲᠠᠭᠠᠭᠠᠵᠤ ᠰᠤᠷᠤᠯᠴᠠᠬᠤ ᠴᠢᠳᠠᠪᠤᠷᠢ ᠲᠠᠢ ᠪᠤᠯᠭᠠᠵᠤ | ᠴᠢᠳᠠᠨ᠎ᠠ᠃ | ᠬᠤᠶᠠᠷ ᠲᠤ᠂ ᠪᠦᠬᠦ ᠰᠤᠷᠤᠬᠴᠢᠳ ᠲᠤ ᠬᠠᠨᠳᠤᠭᠤᠯᠤᠨ ᠬᠤᠴᠤᠷᠤᠩᠭᠤᠢ ᠰᠤᠷᠤᠬᠴᠢ ᠶᠢ ᠬᠠᠷᠠᠭᠠᠯᠵᠠᠬᠰᠠᠨ | ᠪᠠᠶᠢᠬᠤ ᠭᠡᠷᠡᠭᠳᠡᠢ᠃ ᠡᠩ ᠤᠨ ᠭᠢᠴᠢᠶᠡᠯᠯᠡᠭᠡ ᠶᠢᠨ ᠶᠠᠪᠤᠴᠠ ᠪᠤᠶᠤ ᠨᠢᠭᠡ ᠴᠠᠭ ᠤᠨ ᠬᠢᠴᠢᠶᠠᠯ ᠲᠡᠭᠡᠷ᠎ᠡ | ᠰᠤᠷᠤᠬᠴᠢᠳ ᠢ ᠰᠠᠶᠢᠨ ᠮᠠᠭᠤ᠂ ᠲᠠᠪᠰᠢᠩᠭᠤᠢ ᠬᠤᠴᠤᠷᠤᠩᠭᠤᠢ ᠭᠡᠵᠦ ᠢᠯᠭᠠᠯ ᠦᠭᠡᠢ᠂ ᠪᠦᠬᠦ ᠰᠤᠷᠤᠬᠴᠢᠳ ᠲᠤ | ᠠᠳᠠᠯᠢ ᠲᠡᠭᠰᠢ ᠪᠠᠷ ᠬᠠᠨᠳᠤᠵᠤ᠂ ᠪᠤᠯᠪᠠᠰᠤᠷᠠᠬᠤ ᠴᠠᠭ ᠲᠤᠬᠢᠶᠠᠯ ᠢ ᠬᠦᠮᠤᠨ ᠪᠦᠬᠦᠨ ᠳᠤ ᠡᠷᠭᠡ ᠲᠡᠭᠰᠢ ᠤᠯᠭᠤᠬᠤ | ᠭᠡᠷᠡᠭᠳᠡᠢ︔ ᠵᠠᠷᠢᠮ ᠪᠠᠭᠰᠢ ᠬᠢᠴᠢᠶᠡᠯᠯᠡᠭᠡ ᠶᠢᠨ ᠶᠠᠪᠤᠴᠠ ᠳᠤ ᠰᠠᠶᠢᠨ ᠰᠤᠷᠤᠯᠭ᠎ᠠ ᠲᠠᠢ ᠰᠤᠷᠤᠬᠴᠢ ᠶᠢ ᠤᠶᠢᠯᠠᠭᠠᠬᠤ | ᠪᠤᠶᠤ ᠵᠦᠪ ᠢᠶᠠᠷ ᠬᠠᠷᠢᠭᠤᠯᠳᠠ ᠦᠭᠴᠦ ᠴᠢᠳᠠᠪᠠᠯ ᠤᠯᠠᠩᠬᠢ ᠰᠤᠷᠤᠬᠴᠢ ᠶᠢ ᠬᠠᠮᠢᠶᠠᠷᠬᠤ ᠦᠭᠡᠢ ᠪᠠᠷ ᠬᠢᠴᠢᠶᠠᠯ ᠢᠶᠠᠨ | ᠦᠷᠬᠦᠯᠵᠢᠯᠡᠨ ᠶᠠᠷᠢᠭᠠᠳ ᠯᠠ ᠪᠠᠶᠢᠳᠠᠭ︔ ᠡᠨᠡ ᠪᠤᠯ ᠪᠠᠭᠰᠢ ᠮᠦᠨ ᠯᠠ ᠭᠤᠤᠯ ᠴᠤᠬᠴᠠ ᠪᠤᠯᠵᠤ ᠠᠵᠢᠯᠯᠠᠭᠠᠳ | ᠰᠤᠷᠤᠬᠴᠢ ᠶᠢᠨ ᠠᠵᠢᠯᠯᠠᠭ᠎ᠠ ᠶᠢ ᠤᠮᠳᠤᠭᠠᠶᠢᠯᠠᠬᠰᠠᠨ ᠠᠴᠠ ᠪᠤᠯᠤᠬᠰᠠᠨ ᠶᠤᠮ᠃ ᠡᠶᠢᠮᠦ ᠠᠴᠠ ᠪᠠᠭᠰᠢ ᠪᠤᠯᠤᠬᠰᠠᠳ | ᠬᠢᠴᠢᠶᠡᠯᠯᠡᠭᠡ ᠶᠢᠨ ᠶᠠᠪᠤᠴᠠ ᠳᠤ ᠪᠦᠬᠦ ᠰᠤᠷᠤᠬᠴᠢᠳ ᠲᠤ ᠡᠷᠭᠡ ᠲᠡᠭᠰᠢ ᠪᠠᠷ ᠬᠠᠨᠳᠤᠵᠤ᠂ ᠰᠤᠷᠤᠯᠭ᠎ᠠ ᠠᠨᠠᠢ | ᠰᠤᠷᠤᠬᠴᠢ ᠶᠢ ᠢᠯᠡᠬᠦᠭᠡᠨ ᠬᠠᠷᠠᠭᠠᠯᠵᠠᠨ ᠵᠤᠷᠢᠬᠵᠢᠭᠤᠯᠤᠬᠰᠠᠨ ᠪᠠᠶᠢᠬᠤ ᠭᠡᠷᠡᠭᠳᠡᠢ᠃ ᠲᠡᠳᠡᠨ ᠤ ᠰᠡᠳᠬᠢᠬᠦᠢ ᠶᠢᠨ | ᠴᠢᠳᠠᠪᠤᠷᠢ ᠶᠢ ᠨᠡᠭᠡᠭᠡᠭᠳᠡᠬᠦᠯᠦᠭᠰᠡᠨ ᠪᠠᠶᠢᠬᠤ ᠭᠡᠷᠡᠭᠳᠡᠢ᠃ ᠪᠡᠶ᠎ᠡ ᠪᠠᠨ ᠢᠳᠡᠭᠡᠵᠤ ᠴᠢᠷᠮᠠᠶᠢᠨ ᠰᠤᠷᠤᠯᠴᠠᠬᠤ ᠵᠠᠪ | ᠲᠤᠬᠢᠶᠠᠯ ᠢ ᠤᠯᠭᠤᠬᠰᠠᠨ ᠪᠠᠶᠢᠬᠤ ᠭᠡᠷᠡᠭᠳᠡᠢ᠃ ᠪᠠᠭᠰᠢ ᠪᠤᠯᠤᠬᠰᠠᠳ ᠰᠤᠷᠤᠯᠭ᠎ᠠ ᠠᠨᠠᠢ ᠰᠤᠷᠤᠬᠴᠢ ᠶᠢ ᠲᠠᠪᠰᠢᠩᠭᠤᠢ | ᠪᠤᠯᠭᠠᠬᠤ ᠲᠡᠯ᠎ᠠ ᠪᠠᠷ ᠢᠯᠡᠬᠦᠭᠡᠨ ᠬᠦᠴᠦ ᠭᠠᠷᠭᠠᠪᠠᠯ ᠰᠠᠶ᠋ᠢ ︽ᠰᠤᠷᠬᠤ ᠪᠠ ᠰᠡᠳᠬᠢᠬᠦᠢ︾ ᠶᠢ ᠵᠢᠭᠠᠵᠤ ᠦᠭᠴᠦ | ᠴᠢᠳᠠᠬᠰᠠᠨ ᠳᠤ ᠤᠷᠤᠨ᠎ᠠ᠃ | ᠭᠤᠷᠪᠠ ᠳᠤ᠂ ᠲᠦᠬᠦᠮ ᠤᠶᠢᠯᠠᠭᠠᠮᠵᠢᠳᠡᠢ᠂ ᠨᠠᠷᠢᠨ ᠲᠤᠳᠤᠷᠬᠠᠢ᠂ ᠯᠤᠬᠢᠭ ᠵᠦᠢ ᠲᠠᠢ ᠶᠠᠷᠢᠬᠤ ᠴᠢᠳᠠᠪᠤᠷᠢ ᠶᠢ | ᠪᠦᠷᠢᠯᠲᠦᠬᠦᠯᠦᠭᠰᠡᠨ ᠪᠠᠶᠢᠬᠤ ᠭᠡᠷᠡᠭᠳᠡᠢ᠃ ᠡᠨᠡ ᠪᠤᠯ ᠪᠠᠭᠰᠢ ᠪᠤᠯᠤᠬᠰᠠᠳ ᠲᠤ ᠱᠠᠭᠠᠷᠳᠠᠯᠭ᠎ᠠ ᠪᠤᠯᠤᠨ | ᠲᠠᠯᠪᠢᠭᠳᠠᠭᠰᠠᠭᠠᠷ ᠢᠷᠡᠭᠰᠡᠨ ᠴᠢᠬᠤᠯᠠ ᠨᠦᠬᠦᠴᠡᠯ ᠪᠤᠯᠤᠨ᠎ᠠ᠃ ᠭᠡᠳᠡᠯ᠎ᠡ ᠤᠳᠤ ᠶᠢᠨ ᠰᠢᠨ᠎ᠠ ᠪᠠᠷ ᠦᠭᠡᠷᠡᠴᠢᠯᠡᠯᠳᠠ | ᠬᠢᠵᠤ ᠪᠠᠶᠢᠭ᠎ᠠ ᠰᠤᠷᠭᠠᠨ ᠬᠦᠮᠤᠵᠢᠯ ᠤᠨ ᠵᠢᠭᠠᠨ ᠰᠤᠷᠭᠠᠯᠳᠠ ᠳᠤ ᠨᠡᠩ ᠴᠦ ᠦᠨᠲᠦᠷ ᠱᠠᠭᠠᠷᠳᠠᠯᠭ᠎ᠠ ᠲᠡᠯᠪᠢᠬᠳᠠᠵᠤ᠂ | ᠤᠤᠯ ᠤᠨ 45 ᠮᠢᠨᠦ᠋ᠲ ᠲᠤ ᠪᠡᠶᠡᠯᠡᠬᠦᠯᠬᠦ ᠵᠢᠭᠠᠬᠤ ᠠᠭᠤᠯᠭ᠎ᠠ ᠪᠠᠨ ᠲᠡᠭᠡᠳᠤ ᠭᠡᠮᠵᠢᠶᠠᠨ ᠤ ᠤᠷᠠᠯᠢᠬᠵᠢᠭᠤᠯᠤᠨ | ᠵᠢᠭᠠᠬᠤ ᠠᠷᠭ᠎ᠠ ᠪᠠᠷ ᠲᠡᠮᠵᠢᠵᠤ᠂ 25 ᠮᠢᠨᠦ᠋ᠲ ᠤᠷᠴᠢᠮ ᠳᠤ ᠪᠡᠶᠡᠯᠡᠬᠦᠯᠵᠤ᠂ ᠦᠯᠡᠳᠡᠭᠰᠡᠨ ᠴᠠᠭ ᠢ ᠨᠢ | ᠰᠤᠷᠤᠬᠴᠢᠳ ᠲᠤ ᠦᠯᠡᠳᠡᠭᠡᠨ ᠦᠭᠴᠦ᠂ ᠲᠡᠳᠠᠨᠠᠷ ᠢᠶᠠᠷ ᠰᠡᠳᠬᠢᠨ ᠪᠤᠳᠤᠯᠬᠢᠯᠠᠭᠤᠯᠬᠤ᠂ ᠶᠠᠷᠢᠯᠴᠠᠭᠤᠯᠬᠤ᠂ | ᠠᠰᠠᠭᠤᠯᠳᠠ ᠬᠠᠷᠢᠭᠤᠯᠬᠤ ᠵᠡᠷᠭᠡ ᠠᠷᠭ᠎ᠠ ᠪᠠᠷ ᠬᠢᠴᠢᠶᠠᠯ ᠢᠶᠠᠨ ᠦᠷᠬᠦᠯᠵᠢᠯᠡᠨ ᠶᠠᠪᠤᠬᠳᠠᠭᠤᠯᠬᠤ ᠪᠤᠯᠤᠨ᠎ᠠ᠃ ᠭᠡᠷᠪᠡ | ᠲᠡᠶᠢᠮᠦ ᠪᠢᠰᠢ ᠪᠠᠭᠰᠢ ᠶᠢᠨ ᠶᠠᠷᠢᠶ᠎ᠠ ᠨᠢ ᠰᠤᠨᠵᠢᠷᠠᠬᠤ᠂ ᠤᠶᠢᠯᠠᠭᠠᠮᠵᠢ ᠮᠠᠭᠤ ᠲᠠᠢ ᠪᠤᠶᠤ ᠯᠤᠬᠢᠭ ᠵᠦᠢ ᠦᠭᠡᠢ᠂ | ᠰᠡᠳᠬᠢᠨ ᠪᠤᠳᠤᠭᠤᠯᠬᠤ ᠦᠢᠯᠡᠲᠦᠯ ᠦᠵᠡᠬᠦᠯᠬᠦ ᠦᠭᠡᠢ ᠪᠤᠯ ᠰᠤᠷᠤᠬᠴᠢᠳ ᠲᠤ ᠰᠡᠳᠬᠢᠬᠦᠢ ᠶᠢᠨ ᠤᠷᠤᠨ ᠵᠠᠢ | ᠦᠯᠡᠳᠡᠭᠡᠵᠤ ᠦᠭᠴᠦ ᠴᠢᠳᠠᠬᠤ ᠦᠭᠡᠢ ᠮᠦᠷᠳᠡᠭᠡᠨ ᠮᠦᠨ ᠴᠦ ᠴᠢᠳᠬᠤᠮᠠᠯ ᠵᠢᠭᠠᠬᠤ ᠠᠷᠭ᠎ᠠ ᠳᠠᠭᠠᠨ ᠪᠠᠷᠢᠬᠳᠠᠵᠤ | ᠶᠠᠮᠠᠷᠴᠤ ᠦᠢᠯᠡᠲᠦᠯ ᠦᠵᠡᠬᠦᠯᠵᠤ ᠴᠢᠳᠠᠬᠤ ᠦᠭᠡᠢ ᠪᠤᠯᠤᠨ᠎ᠠ᠃ | ᠡᠶᠢᠮᠦ ᠠᠴᠠ ᠪᠠᠭᠰᠢ ᠪᠤᠯᠤᠬᠰᠠᠳ ᠭᠡᠯᠡ ᠭᠡᠯᠡᠯᠭᠡ ᠴᠡᠪᠡᠷ ᠲᠤᠳᠤ᠂ ᠤᠷᠤᠰᠤᠮ᠎ᠠ ᠤᠶᠢᠯᠠᠭᠠᠮᠵᠢᠳᠡᠢ᠂ ᠢᠯᠭᠤᠮ | ᠲᠤᠳᠤᠷᠬᠠᠢ ᠶᠠᠷᠢᠵᠤ ᠢᠯᠡᠳᠭᠡᠬᠦ ᠴᠢᠳᠠᠪᠤᠷᠢ ᠪᠠᠨ ᠲᠡᠭᠡᠭᠰᠢᠯᠡᠬᠦᠯᠵᠤ᠂ ᠤᠳᠤ ᠴᠠᠭ ᠤᠨ ᠵᠢᠭᠠᠨ ᠰᠤᠷᠭᠠᠬᠤ | ᠨᠦᠬᠦᠴᠡᠯ ᠳᠤ ᠬᠦᠷᠬᠦ ᠪᠠᠷ ᠴᠢᠷᠮᠠᠶᠢᠪᠠᠯ ᠵᠤᠬᠢᠨ᠎ᠠ᠃ | ᠵᠣᠬᠢᠶᠠᠭᠴᠢ᠄ ᠪᠠ᠊ · ᠤᠳᠽᠠᠷ | | | | | | | | | | | ᠁ |