ᠲᠣᠭᠠᠨ ᠤ ᠤᠬᠠᠭᠠᠨ ᠤ ᠬᠢᠴᠢᠶᠡᠯ ᠤᠨ ᠬᠡᠯᠡ ᠬᠡᠯᠡᠯᠭᠡ ᠪᠣᠯ ᠨᠢᠭᠡ ᠵᠦᠢᠯ ᠤᠨ ᠰᠢᠨᠵᠢᠯᠡᠬᠦ ᠤᠬᠠᠭᠠᠨᠴᠢ ᠪᠠᠷ | ᠪᠦᠷᠢᠯᠳᠦᠭᠰᠡᠨ ᠬᠡᠯᠡ ᠬᠡᠯᠡᠯᠭᠡ ᠪᠣᠯᠬᠤᠷ ᠮᠠᠰᠢ ᠴᠢᠬᠤᠯᠠ ᠶᠤᠮ᠃ ᠭᠡᠲᠡᠯ᠎ᠡ ᠵᠠᠷᠢᠮ ᠪᠠᠭᠰᠢ ᠲᠣᠭᠠᠨ ᠤ ᠤᠬᠠᠭᠠᠨ ᠤ | ᠬᠢᠴᠢᠶᠡᠯ ᠤᠨ ᠬᠡᠯᠡ ᠬᠡᠯᠡᠯᠭᠡ ᠶᠢ ᠶᠡᠷᠦᠨᠢ ᠣᠮᠳᠤᠭᠠᠶᠢᠯᠠᠵᠤ ᠪᠠᠶᠢᠳᠠᠭ᠃ ᠡᠨᠡ ᠨᠢ ᠴᠢᠪ ᠬᠡᠮᠡᠨ ᠲᠣᠭᠠᠨ ᠤ | ᠤᠬᠠᠭᠠᠨ ᠤ ᠬᠢᠴᠢᠶᠡᠯᠯᠡᠭᠡ ᠶᠢᠨ ᠦᠷ᠎ᠡ ᠪᠦᠳᠦᠮᠵᠢ ᠶᠢ ᠨᠥᠯᠦᠭᠡᠯᠡᠵᠦ᠂ ᠰᠤᠷᠤᠬᠴᠢᠤᠨ ᠤᠨ ᠮᠡᠳᠡᠯᠭᠡ ᠶᠢᠨ | ᠨᠡᠮᠡᠭᠳᠡᠯᠲᠡ ᠴᠢᠳᠠᠪᠤᠷᠢ ᠶᠢᠨ ᠪᠤᠶᠢᠵᠢᠯᠲᠠ ᠳᠤ ᠨᠥᠯᠦᠭᠡ ᠪᠣᠯᠵᠤ ᠪᠠᠶᠢᠳᠠᠭ᠃ ᠵᠠᠷᠢᠮ ᠲᠣᠭᠠᠨ ᠤ ᠪᠠᠭᠰᠢ ᠶᠢᠨ | ᠵᠢᠭᠠᠬᠤ ᠨᠢ ᠤᠶᠢᠯᠠᠭᠠᠮᠵᠢ ᠮᠠᠭᠤᠲᠠᠢ ᠪᠠᠶᠢᠳᠠᠭ ᠤᠨ ᠦᠨᠳᠦᠰᠦᠨ ᠰᠢᠯᠲᠠᠭᠠᠨ ᠨᠢ ᠳᠠᠷᠤᠢ ᠬᠡᠯᠡ ᠬᠡᠯᠡᠯᠭᠡ ᠶᠢ | ᠣᠨᠤᠪᠴᠢᠲᠠᠢ ᠰᠠᠶᠢᠬᠠᠨ ᠬᠡᠷᠡᠭᠯᠡᠵᠦ ᠴᠢᠳᠠᠭᠰᠡᠨ ᠦᠭᠡᠢ ᠠᠴᠠ ᠪᠣᠯᠤᠬᠰᠠᠨ ᠶᠤᠮ᠃ | ᠪᠠᠭᠰᠢ ᠨᠠᠷ ᠲᠣᠭᠠᠨ ᠤ ᠤᠬᠠᠭᠠᠨ ᠤ ᠬᠢᠴᠢᠶᠡᠯᠯᠡᠭᠡ ᠳᠤ ᠬᠡᠯᠡ ᠬᠡᠯᠡᠯᠭᠡ ᠪᠠᠨ ᠵᠥᠪ ᠣᠨᠤᠪᠴᠢᠲᠠᠢ᠂ ᠳᠥᠭᠦᠮ | ᠲᠣᠳᠣ᠂ ᠠᠮᠢᠳᠤ ᠳᠥᠷᠰᠦᠯᠢᠭ ᠪᠠᠶᠢᠬᠤ ᠶᠢ ᠠᠩᠬᠠᠷᠬᠤ ᠬᠡᠷᠡᠭᠲᠡᠢ᠃ ᠲᠣᠭᠠᠨ ᠤ ᠤᠬᠠᠭᠠᠨ ᠤ ᠬᠢᠴᠢᠶᠡᠯᠯᠡᠭᠡ ᠶᠢᠨ | ᠬᠡᠯᠡ ᠬᠡᠯᠡᠯᠭᠡ ᠨᠢ ᠣᠨᠤᠪᠴᠢᠲᠠᠢ ᠪᠠᠶᠢᠪᠠᠯ ᠤᠬᠠᠬᠳᠠᠬᠤᠨ ᠤ ᠳᠣᠳᠤᠭᠠᠳᠤ ᠠᠭᠤᠯᠤᠬᠳᠠᠴᠠ ᠶᠢ ᠢᠯᠡᠦᠨᠬᠡᠬᠦ ᠪᠠ | ᠰᠤᠷᠤᠬᠴᠢᠤᠨ ᠤᠨ ᠵᠥᠪ ᠡᠵᠡᠮᠰᠢᠬᠦ ᠳᠤ ᠠᠰᠢᠬᠲᠠᠢ ᠪᠠᠶᠢᠳᠠᠭ᠃ ᠵᠢᠭᠠᠨ ᠰᠤᠷᠭᠠᠬᠤ ᠳᠠᠭᠠᠨ ᠲᠣᠭᠠᠨ ᠤ ᠤᠬᠠᠭᠠᠨ ᠤ | ᠠᠯᠢᠪᠠ ᠨᠡᠷᠡᠶᠢᠳᠦᠯ ᠤᠨ ᠣᠤᠠᠬ᠎ᠠ ᠰᠠᠨᠠᠭ᠎ᠠ ᠶᠢ ᠡᠷᠬᠡᠪᠰᠢ ᠣᠨᠤᠪᠴᠢᠲᠠᠢ ᠰᠠᠶᠢᠳᠤᠷ ᠲᠠᠶᠢᠯᠪᠤᠷᠢᠯᠠᠵᠤ᠂ ᠠᠳᠡᠭᠦᠷᠡᠨ | ᠬᠤᠤᠨᠬᠤᠯᠳᠤᠬᠤ ᠦᠭᠡᠰ ᠢ ᠴᠢᠩᠭ᠎ᠠ ᠢᠯᠭᠠᠬᠤ ᠬᠡᠷᠡᠭᠲᠡᠢ᠃ ᠶᠠᠭᠠᠬᠢᠬᠰᠠᠨ ᠴᠤ ᠪᠣᠷᠤᠭᠤ ᠵᠢᠭᠠᠵᠤ ᠪᠣᠯᠬᠤ ᠦᠭᠡᠢ᠃ | ᠨᠡᠩ ᠢᠯᠠᠩᠭᠤᠶ᠎ᠠ ᠲᠣᠭᠠᠨ ᠤ ᠤᠬᠠᠭᠠᠨ ᠤ ᠰᠡᠳᠦᠪ ᠢ ᠵᠠᠳᠠᠯᠬᠤ ᠳᠤ ᠬᠡᠯᠡ ᠬᠡᠯᠡᠯᠭᠡ ᠴᠡᠪᠡᠷ ᠲᠣᠳᠣ᠂ ᠣᠨᠤᠪᠴᠢᠲᠠᠢ | ᠪᠠᠶᠢᠬᠤ ᠶᠢ ᠱᠠᠭᠠᠷᠳᠠᠨ᠎ᠠ᠃ ᠲᠣᠭᠠᠨ ᠤ ᠤᠬᠠᠭᠠᠨ ᠤ ᠬᠡᠯᠡ ᠬᠡᠯᠡᠯᠭᠡ ᠳᠤ ᠢᠯᠡᠭᠦᠳᠡᠵᠦ ᠲᠤᠲᠠᠭᠤᠳᠠᠬᠤ᠂ ᠨᠣᠷᠱᠣᠵᠤ | ᠳᠠᠪᠬᠤᠴᠠᠬᠤ ᠶᠢ ᠵᠥᠪᠰᠢᠶᠡᠷᠡᠳᠡᠭ ᠦᠭᠡᠢ ᠶᠤᠮ᠃ ᠲᠣᠭᠠᠨ ᠤ ᠤᠬᠠᠭᠠᠨ ᠤ ᠲᠡᠮᠳᠡᠭ ᠪᠣᠯ ᠨᠢᠭᠡ ᠵᠦᠢᠯ ᠤᠨ | ᠬᠠᠮᠤᠭ ᠤᠨ ᠳᠥᠭᠦᠮ ᠲᠣᠳᠣ ᠨᠠᠷᠢᠨ ᠪᠣᠯᠪᠠᠰᠤᠷᠠᠩᠭᠤᠢ ᠲᠣᠭᠠᠨ ᠤ ᠤᠬᠠᠭᠠᠨ ᠤ ᠬᠡᠯᠡ ᠬᠡᠯᠡᠯᠭᠡ ᠪᠣᠯᠤᠨ᠎ᠠ᠃ ᠡᠨᠡᠬᠦ | ᠲᠡᠮᠳᠡᠭ ᠤᠨ ᠬᠡᠯᠡ ᠬᠡᠯᠡᠯᠭᠡ ᠪᠠᠷ ᠲᠣᠭᠠᠨ ᠤ ᠤᠬᠠᠭᠠᠨ ᠤ ᠠᠰᠠᠭᠤᠳᠠᠯ ᠢ ᠰᠢᠢᠦᠨᠪᠦᠷᠢᠯᠡᠵᠦ ᠪᠠᠶᠢᠳᠠᠭ᠃ ᠡᠶᠢᠮᠦ ᠠᠴᠠ | ᠲᠣᠭᠠᠨ ᠤ ᠤᠬᠠᠭᠠᠨ ᠤ ᠵᠢᠭᠠᠨ ᠰᠤᠷᠭᠠᠯᠲᠠ ᠳᠤ ᠪᠠᠭᠰᠢ ᠠᠴᠠ ᠶᠠᠭᠤᠨ ᠤ ᠡᠮᠦᠨ᠎ᠡ ᠴᠡᠪᠡᠷ ᠲᠣᠳᠣ ᠲᠣᠭᠠᠨ ᠤ | ᠤᠬᠠᠭᠠᠨ ᠤ ᠬᠡᠯᠡ ᠬᠡᠯᠡᠯᠭᠡ ᠪᠠᠷ ᠬᠢᠴᠢᠶᠡᠯ ᠲᠠᠶᠢᠯᠪᠤᠷᠢᠯᠠᠵᠤ᠂ ᠵᠦᠢ ᠵᠣᠬᠢᠰᠲᠠᠢ ᠠᠷᠭ᠎ᠠ ᠮᠠᠶ᠋ᠢᠭ ᠢᠶᠠᠷ ᠰᠡᠳᠦᠪ | ᠵᠠᠳᠠᠯᠬᠤ ᠶᠢ ᠠᠩᠬᠠᠷᠬᠤ ᠬᠡᠷᠡᠭᠲᠡᠢ᠃ ᠲᠣᠭᠠᠨ ᠤ ᠤᠬᠠᠭᠠᠨ ᠤ ᠠᠭᠤᠯᠭ᠎ᠠ ᠶᠢᠨ ᠬᠡᠶᠢᠰᠪᠦᠷᠢᠳᠦ ᠴᠢᠨᠠᠷ ᠨᠢ ᠲᠣᠭᠠᠨ ᠤ | ᠤᠬᠠᠭᠠᠨ ᠤ ᠬᠡᠯᠡ ᠬᠡᠯᠡᠯᠭᠡ ᠶᠢᠨ ᠬᠡᠶᠢᠰᠪᠦᠷᠢ ᠪᠠᠶᠢᠬᠤ ᠶᠢ ᠳᠣᠬᠲᠠᠭᠠᠵᠤ᠂ ᠰᠤᠷᠤᠬᠴᠢᠤᠨ ᠤᠨ ᠲᠣᠭᠠᠨ ᠤ ᠤᠬᠠᠭᠠᠨ | ᠰᠤᠷᠬᠤ ᠬᠦᠴᠢᠷᠳᠡᠯ ᠢ ᠨᠡᠮᠡᠭᠳᠡᠭᠦᠯᠵᠡᠢ᠃ ᠡᠨᠡ ᠨᠢ ᠳᠠᠷᠤᠢ ᠪᠠᠭᠰᠢ ᠶᠢᠨ ᠲᠣᠭᠠᠨ ᠤ ᠤᠬᠠᠭᠠᠨ ᠵᠢᠭᠠᠬᠤ ᠳᠤ ᠬᠡᠯᠡ | ᠬᠡᠯᠡᠯᠭᠡ ᠶᠢᠨ ᠲᠠᠯ᠎ᠠ ᠪᠠᠷ ᠭᠦᠨ ᠭᠦᠨᠵᠡᠭᠡᠢ᠂ ᠳᠥᠭᠦᠮ ᠲᠣᠳᠤᠷᠬᠠᠢ᠂ ᠤᠶᠢᠯᠠᠭᠠᠮᠵᠢᠲᠠᠢ ᠶᠠᠷᠢᠬᠤ ᠶᠢ ᠱᠠᠭᠠᠷᠳᠠᠨ᠎ᠠ᠃ | ᠠᠯᠢ ᠴᠢᠳᠠᠬᠤᠶᠢᠴᠠ ᠬᠡᠶᠢᠰᠪᠦᠷᠢ ᠮᠡᠳᠡᠯᠭᠡ ᠶᠢ ᠪᠤᠳᠠᠲᠠᠢ᠂ ᠠᠮᠢᠳᠤ ᠲᠥᠷᠰᠦᠯᠢᠭ ᠶᠠᠷᠢᠬᠤ ᠶᠢ ᠱᠠᠭᠠᠷᠳᠠᠳᠠᠭ᠃ ᠵᠢᠭᠠᠨ | ᠰᠤᠷᠭᠠᠯᠲᠠ ᠳᠠᠬᠢ ᠦᠵᠡᠭᠦᠯᠦᠨ ᠲᠠᠨᠢᠭᠤᠯᠬᠤ ᠠᠷᠭ᠎ᠠ ᠨᠢ ᠡᠶᠢᠮᠦᠷᠬᠦ ᠪᠤᠳᠠᠳᠤ ᠪᠠᠶᠢᠳᠠᠯ ᠤᠨ ᠳᠣᠤᠷ᠎ᠠ ᠪᠤᠢ ᠪᠣᠯᠤᠬᠰᠠᠨ | ᠪᠠᠶᠢᠳᠠᠭ᠃ ᠳᠠᠷᠤᠢ ᠵᠢᠷᠤᠭ ᠲᠥᠷᠰᠦ ᠶᠢᠨ ᠬᠡᠯᠡ ᠬᠡᠯᠡᠯᠭᠡ ᠶᠢ ᠵᠥᠪ ᠣᠨᠤᠪᠴᠢᠲᠠᠢ ᠬᠡᠷᠡᠭᠯᠡᠬᠦ ᠪᠣᠯ ᠲᠣᠭᠠᠨ ᠤ | ᠤᠬᠠᠭᠠᠨ ᠤ ᠵᠢᠭᠠᠨ ᠰᠤᠷᠭᠠᠬᠤ ᠬᠡᠯᠡ ᠬᠡᠯᠡᠯᠭᠡ ᠳᠠᠬᠢ ᠲᠦᠢᠯ ᠤᠨ ᠴᠢᠬᠤᠯᠠ ᠵᠦᠢᠯ ᠪᠣᠯᠤᠨ᠎ᠠ᠃ | ᠲᠣᠭᠠᠨ ᠤ ᠤᠬᠠᠭᠠᠨ ᠤ ᠵᠢᠭᠠᠨ ᠰᠤᠷᠭᠠᠯᠲᠠ ᠳᠤ ᠪᠠᠭᠰᠢ ᠶᠢᠨ ᠭᠤᠤᠯᠯᠠᠬᠴᠢ ᠤᠶᠢᠯᠡᠳᠦᠯ ᠨᠢ ᠳᠠᠷᠤᠢ | ᠰᠤᠷᠤᠬᠴᠢᠤᠨ ᠤᠨ ᠰᠡᠦᠨᠬᠢᠬᠦᠢ ᠶᠢ ᠰᠡᠩᠬᠡᠷᠡᠭᠦᠯᠦᠨ ᠬᠥᠭᠵᠢᠭᠦᠯᠬᠦ ᠶᠠᠪᠤᠳᠠᠯ ᠪᠣᠯᠤᠨ᠎ᠠ᠃ ᠡᠶᠢᠮᠦ ᠠᠴᠠ ᠪᠠᠭᠰᠢ | ᠡᠷᠬᠡᠪᠰᠢ ᠰᠡᠩᠬᠡᠷᠡᠭᠦᠯᠬᠦ ᠮᠠᠶ᠋ᠢᠭ ᠤᠨ ᠬᠡᠯᠡ ᠬᠡᠯᠡᠯᠭᠡ ᠶᠢ ᠴᠢᠳᠠᠮᠠᠭᠠᠢ ᠬᠡᠷᠡᠭᠯᠡᠵᠦ᠂ ᠰᠤᠷᠤᠬᠴᠢᠤᠨ ᠤᠨ ᠰᠡᠦᠨᠬᠢᠬᠦᠢ ᠶᠢ | ᠵᠢᠯᠤᠭᠤᠤᠨᠬᠤ ᠬᠡᠷᠡᠭᠲᠡᠢ᠃ ᠢᠩᠭᠢᠪᠡᠯ ᠰᠠᠶ᠋ᠢ ᠲᠣᠭᠠᠨ ᠤ ᠤᠬᠠᠭᠠᠨ ᠰᠤᠷᠭᠠᠬᠤ ᠪᠠ ᠰᠤᠷᠬᠤ ᠶᠢᠨ ᠦᠷ᠎ᠡ | ᠪᠦᠳᠦᠮᠵᠢ ᠶᠢ ᠳᠡᠭᠡᠭᠰᠢᠯᠡᠭᠦᠯᠵᠦ ᠴᠢᠳᠠᠨ᠎ᠠ᠃ | ᠵᠣᠬᠢᠶᠠᠭᠴᠢ᠄ ᠯᠢ ᠪᠤᠶᠠᠨᠴᠤᠬᠯᠠ | | | | | | | | | | | | ᠁ |