ᠭᠠᠭ᠋ᠠᠢ ᠬᠤᠭᠤᠷᠤᠨᠳᠦ ᠪᠠᠨ ᠬᠠᠵᠠᠯᠴᠠᠬᠤ ᠶᠢ ᠵᠠᠷᠢᠮ ᠳᠠᠭᠠᠨ ︽ᠥᠯᠦ ᠵᠤᠬᠢᠴᠠᠬᠤ ᠶᠡᠷᠦᠩᠬᠡᠶᠢᠯᠡᠭᠰᠡᠨ ᠭᠡᠮ︾ | ᠭᠡᠳᠡᠭ᠂ ᠤᠴᠢᠷ ᠨᠢ ᠶᠠᠮᠠᠷᠪᠠ ᠡᠪ ᠦᠭᠡᠢ ᠤᠷᠴᠢᠨ ᠲᠤᠭᠤᠷᠢᠨ ᠨᠢ ᠪᠦᠷ ᠭᠠᠭ᠋ᠠᠢ ᠶᠢᠨ ᠬᠤᠭᠤᠷᠤᠨᠳᠦ ᠪᠠᠨ | ᠬᠠᠵᠠᠯᠴᠠᠬᠤ ᠦᠵᠡᠭᠳᠡᠯ ᠢ ᠪᠤᠢ ᠪᠤᠯᠭᠠᠵᠦ᠂ ᠬᠠᠷᠢᠯᠴᠠᠨ ᠰᠡᠭᠦᠯ ᠢᠶᠠᠨ ᠬᠠᠵᠠᠯᠴᠠᠬᠤ ᠪᠤᠶᠤ ᠴᠢᠬᠢ ᠪᠠᠨ ᠬᠠᠵᠠᠯᠴᠳᠠᠭ᠃ | ᠡᠶᠢᠮᠦᠷᠬᠦ ᠦᠵᠡᠭᠳᠡᠯ ᠨᠢ ᠶᠡᠷᠦ ᠳᠡᠭᠡᠨ ᠢᠳᠡᠰᠢᠯᠡᠬᠦ ᠦᠶ᠎ᠡ ᠳᠤ ᠡᠭᠦᠰᠴᠤ᠂ ᠬᠠᠵᠠᠭᠳᠠᠭᠰᠡᠨ ᠭᠠᠭ᠋ᠠᠢ ᠨᠢ ᠦᠷᠭᠦᠯᠵᠢ | ᠡᠭᠦᠷ ᠲᠡᠭᠡᠨ ᠨᠢᠭᠤᠵᠦ ᠭᠠᠷᠴᠤ ᠢᠷᠡᠬᠦ ᠦᠭᠡᠢ ᠪᠠᠶᠢᠳᠠᠭ᠃ ᠬᠡᠷᠪᠡ ᠴᠠᠭ ᠲᠤᠬᠠᠢ ᠳᠤᠨᠢ ᠰᠢᠢᠳᠪᠥᠷᠢᠯᠡᠬᠦ ᠦᠭᠡᠢ ᠪᠤᠯ | ᠬᠠᠵᠠᠭᠳᠠᠭᠰᠡᠨ ᠰᠢᠷᠬ᠎ᠠ ᠨᠢ ᠦᠷᠪᠢᠰᠬᠦ ᠪᠤᠯᠤᠨ᠎ᠠ᠃ ᠭᠠᠭ᠋ᠠᠢ ᠬᠤᠭᠤᠷᠤᠨᠳᠦ ᠪᠠᠨ ᠰᠡᠭᠦᠯ ᠢᠶᠠᠨ ᠬᠠᠵᠠᠬᠤ᠂ | ᠴᠢᠬᠢ ᠪᠠᠨ ᠬᠠᠵᠠᠬᠤ ᠨᠢ ᠤᠯᠠᠨ ᠵᠦᠢᠯ ᠤᠨ ᠰᠢᠯᠲᠠᠭᠠᠨ ᠠᠴᠠ ᠪᠤᠯᠳᠠᠭ᠂ ᠡᠶᠢᠮᠤ ᠠᠴᠠ ᠡᠷᠬᠡᠪᠰᠢ ᠠᠷᠭ᠎ᠠ ᠬᠡᠮᠵᠢᠶ᠎ᠡ | ᠠᠪᠴᠤ ᠪᠠᠶᠢᠭᠠᠳ ᠰᠡᠷᠬᠡᠶᠢᠯᠡᠬᠦ ᠬᠡᠷᠡᠭᠲᠠᠢ᠃ ᠳᠤᠤᠷ᠎ᠠ ᠬᠠᠷ᠎ᠠ ᠠᠷᠢᠬᠢ ᠪᠠᠷ ᠭᠠᠭ᠋ᠠᠢ ᠶᠢᠨ ᠬᠠᠷᠢᠯᠴᠠᠨ | ᠬᠠᠵᠠᠯᠴᠠᠬᠤ ᠠᠴᠠ ᠰᠡᠷᠬᠡᠶᠢᠯᠡᠬᠦ ᠠᠷᠭ᠎ᠠ ᠠᠴᠠ ᠲᠠᠨᠢᠯᠴᠠᠭᠤᠯᠤᠶ᠎ᠠ᠃ | ᠠᠵᠢᠯᠯᠠᠬᠤ ᠠᠷᠭ᠎ᠠ᠄ ᠠᠳᠠᠯᠢ ᠪᠤᠰᠤ ᠡᠭᠦᠷ ᠤᠨ ᠭᠠᠭ᠋ᠠᠢ ᠶᠢ ᠨᠡᠶᠢᠯᠡᠬᠦᠯᠦᠨ ᠲᠡᠵᠢᠭᠡᠪᠡᠯ ᠦᠷᠭᠦᠯᠵᠢ | ᠬᠤᠭᠤᠷᠤᠨᠳᠤ ᠪᠠᠨ ᠬᠠᠵᠠᠯᠴᠠᠬᠤ ᠪᠠᠶᠢᠳᠠᠯ ᠡᠭᠦᠰᠳᠡᠭ᠃ ᠡᠭᠦᠨ ᠳᠤ ᠤᠷᠢᠳᠠᠪᠡᠷ ᠤᠤᠯ ᠤᠨ ᠡᠭᠦᠷ ᠤᠨ ᠭᠠᠭ᠋ᠠᠢ ᠶᠢ | ᠡᠭᠦᠷ ᠠᠴᠠ ᠨᠢ ᠭᠥᠭᠡᠭᠡᠵᠦ ᠭᠠᠷᠭᠠᠨ᠂ ᠬᠠᠷ᠎ᠠ ᠠᠷᠢᠬᠢ ᠶᠢ ᠭᠠᠭ᠋ᠠᠢ ᠶᠢᠨ ᠡᠭᠦᠷ ᠲᠤ ᠰᠦᠷᠴᠢᠵᠦ᠂ ᠳᠠᠷᠠᠭ᠎ᠠ ᠨᠢ | ᠤᠤᠯ ᠤᠨ ᠡᠭᠦᠷ ᠤᠨ ᠭᠠᠭ᠋ᠠᠢ ᠪᠤᠯᠤᠨ ᠨᠡᠶᠢᠯᠡᠭᠦᠯᠬᠦ ᠭᠡᠵᠦ ᠪᠠᠶᠢᠭ᠎ᠠ ᠭᠠᠭ᠋ᠠᠢ ᠶᠢᠨ ᠪᠡᠶ᠎ᠡ ᠳᠡᠭᠡᠷ᠎ᠡ ᠠᠳᠠᠯᠢᠬᠠᠨ ᠬᠠᠷ᠎ᠠ | ᠠᠷᠢᠬᠢ ᠰᠦᠷᠴᠢᠵᠦ᠂ ᠭᠠᠭ᠋ᠠᠢ ᠪᠠᠨ ᠴᠦᠮ ᠡᠭᠦᠷ ᠲᠤᠨᠢ ᠬᠦᠭᠡᠭᠡᠵᠦ ᠤᠷᠤᠭᠤᠯᠤᠨ᠎ᠠ᠂ ᠢᠩᠬᠢᠪᠡᠯ ᠭᠠᠭ᠋ᠠᠢ | ᠬᠤᠭᠤᠷᠤᠨᠳᠦ ᠪᠠᠨ ᠬᠠᠵᠠᠯᠴᠠᠬᠤ ᠦᠭᠡᠢ ᠪᠤᠯᠤᠨ᠎ᠠ᠃ ᠭᠠᠭ᠋ᠠᠢ ᠬᠠᠵᠠᠯᠴᠠᠬᠤ ᠠᠴᠠ ᠰᠡᠷᠬᠡᠶᠢᠯᠡᠬᠦ ᠳᠤ ᠳᠤᠤᠷᠠᠬᠢ ᠬᠡᠳᠦᠨ | ᠲᠠᠯ᠎ᠠ ᠠᠴᠠ ᠭᠠᠷᠳᠠᠵᠦ ᠬᠢᠵᠦ ᠪᠤᠯᠤᠨ᠎ᠠ᠃ | ᠨᠢᠭᠡ᠂ ᠭᠠᠭ᠋ᠠᠢ ᠶᠢᠨ ᠰᠢᠮ᠎ᠡ ᠲᠡᠵᠢᠭᠡᠯ ᠤᠨ ᠬᠡᠷᠡᠭᠴᠡᠭᠡ ᠶᠢ ᠬᠠᠩᠭᠠᠵᠦ ᠲᠡᠭᠦᠰ ᠪᠤᠷᠳᠤᠭ᠎ᠠ ᠪᠠᠷ ᠲᠡᠵᠢᠭᠡᠨ᠎ᠡ᠃ | ᠬᠤᠶᠠᠷ᠂ ᠵᠤᠬᠢᠰᠲᠠᠢ ᠰᠦᠷᠦᠭ ᠬᠤᠪᠢᠶᠠᠵᠦ᠂ ᠡᠭᠦᠯᠳᠡᠷ᠂ ᠪᠡᠶ᠎ᠡ ᠶᠢᠨ ᠬᠦᠨᠳᠦ᠂ ᠪᠡᠶ᠎ᠡ ᠪᠢᠯᠳᠠᠷ ᠪᠤᠯᠤᠨ | ᠢᠳᠡᠰᠢᠯᠡᠬᠦ ᠬᠡᠮᠵᠢᠶ᠎ᠡ ᠵᠡᠷᠭᠡ ᠨᠢ ᠤᠢᠢᠷᠠᠯᠴᠠᠭ᠎ᠠ ᠭᠠᠭ᠋ᠠᠢ ᠶᠢ ᠨᠢᠭᠡ ᠡᠭᠦᠷ ᠲᠤ ᠲᠡᠵᠢᠭᠡᠨ᠎ᠡ᠃ | ᠭᠤᠷᠪᠠ᠂ ᠲᠡᠵᠢᠭᠡᠬᠦ ᠨᠢᠭᠲᠠᠴᠠ ᠶᠢ ᠵᠤᠬᠢᠰᠲᠠᠢ ᠪᠠᠶᠢᠯᠭᠠᠵᠦ᠂ ᠭᠠᠭ᠋ᠠᠢ ᠪᠥᠷᠢ ᠳᠤ ᠭᠦᠢᠴᠡᠳ ᠬᠡᠮᠵᠢᠶᠡᠨ ᠤ | ᠤᠷᠤᠨ ᠵᠠᠢ ᠲᠠᠢ ᠪᠠᠶᠢᠯᠭᠠᠨ᠎ᠠ᠃ | ᠳᠦᠷᠪᠡ᠂ ᠨᠡᠯᠢᠶᠡᠳ ᠰᠠᠶᠢᠨ ᠰᠠᠯᠬᠢ ᠨᠡᠪᠲᠡᠷᠡᠯᠲᠡ᠂ ᠳᠤᠯᠠᠭᠠᠨ᠂ ᠴᠢᠬᠢᠭ ᠠᠴᠠ ᠰᠡᠷᠬᠡᠶᠢᠯᠡᠬᠦ ᠬᠢᠭᠡᠳ | ᠵᠤᠬᠢᠰᠲᠠᠢ ᠭᠡᠷᠡᠯ ᠲᠤᠰᠬᠠᠬᠤ ᠲᠦᠬᠦᠬᠡᠷᠦᠮᠵᠢ ᠲᠠᠢ ᠤᠷᠴᠢᠨ ᠲᠤᠭᠤᠷᠢᠨ ᠪᠠᠶᠢᠬᠤ ᠶᠢ ᠱᠠᠭᠠᠷᠳᠠᠵᠦ᠂ ᠭᠠᠭ᠋ᠠᠢ ᠶᠢᠨ | ᠡᠭᠦᠷ ᠤᠨ ᠴᠡᠪᠡᠷ ᠬᠠᠭᠤᠷᠠᠢ᠂ ᠰᠠᠯᠬᠢ ᠨᠡᠪᠲᠡᠷᠡᠯᠲᠡ ᠰᠠᠶᠢᠨ ᠪᠠᠶᠢᠬᠤ ᠶᠢ ᠪᠠᠲᠤᠯᠠᠨ᠎ᠠ᠃ | ᠲᠠᠪᠤ᠂ ᠬᠠᠵᠠᠭᠳᠠᠭᠰᠡᠨ ᠭᠠᠭ᠋ᠠᠢ ᠪᠠᠨ ᠴᠠᠭ ᠲᠤᠬᠠᠢ ᠳᠤᠨᠢ ᠰᠢᠢᠳᠪᠥᠷᠢᠯᠡᠬᠦ᠄ 0.1% ᠤᠨ ᠳᠡᠭᠡᠳᠦ ᠮᠠᠩᠭᠠᠨ | ᠬᠥᠴᠢᠯ ᠤᠨ ᠺᠠᠯᠢ ᠪᠠᠷ ᠤᠬᠢᠶᠠᠵᠦ ᠠᠷᠢᠭᠤᠳᠬᠠᠬᠤ ᠶᠢᠨ ᠬᠠᠮᠲᠦ ᠢᠤᠳ᠋ᠲᠦ ᠰᠫᠢᠷᠲ ᠪᠤᠶᠤ ᠾᠯᠦᠷᠲᠦ ᠲᠤᠲᠠᠭᠤ | ᠲᠠᠮᠤᠷ ᠤᠨ ᠠᠭᠤᠰᠤᠮᠠᠯ ᠢ ᠳᠦᠷᠬᠢᠵᠦ ᠢᠳᠡᠭᠡᠯᠡᠬᠦ ᠠᠴᠠ ᠰᠡᠷᠬᠡᠶᠢᠯᠡᠨ᠎ᠡ᠃ ᠬᠦᠨᠳᠦ ᠨᠤᠴᠢᠲᠠᠢ ᠬᠠᠵᠠᠭᠳᠠᠵᠦ | ᠰᠢᠷᠬᠠᠲᠤᠭᠰᠡᠨ ᠭᠠᠭ᠋ᠠᠢ ᠳᠤ ᠪᠠᠺᠲᠧᠷᠢ ᠳᠠᠷᠤᠬᠤ ᠡᠮ ᠵᠠᠷᠤᠬᠤ ᠬᠡᠷᠡᠭᠲᠠᠢ᠃ | | | | | | | | | | | | ᠁ |