ᠨᠤᠳᠤᠭ ᠤᠰᠤ ᠭᠡᠭᠴᠢ ᠬᠦᠮᠦᠨ ᠪᠣᠯᠣᠭᠰᠠᠳ ᠤᠨ ᠬᠦᠨᠳᠡᠵᠤ ᠪᠣᠯᠣᠰᠢ ᠦᠭᠡᠢ ᠠᠮᠢᠨ ᠰᠠᠬᠢᠶ᠎ᠠ ᠭᠡᠳᠡᠭ ᠢ | ᠬᠡᠴᠢᠨᠡᠭᠡᠨ ᠵᠢᠯ ᠤᠨ ᠲᠡᠤᠬᠡᠨ ᠤᠯᠠ ᠮᠦᠷ ᠮᠠᠷᠭᠤᠰᠢ ᠦᠭᠡᠢ ᠭᠡᠷᠡᠴᠢᠯᠡᠳᠡᠭ᠃ ᠬᠦᠮᠦᠰ ᠤᠨᠠᠭᠰᠠᠨ ᠰᠢᠷᠣᠢ ᠪᠠᠨ | ᠦᠷᠦ ᠵᠢᠷᠦᠬᠡᠨ ᠤ ᠪᠠᠨ ᠰᠤᠳᠠᠰᠤ᠂ ᠣᠭᠤᠷᠠᠭ ᠲᠠᠷᠢᠬᠢᠨ ᠤ ᠪᠠᠨ ᠲᠡᠵᠢᠭᠡᠯ ᠪᠣᠯᠭᠠᠵᠤ ᠦᠵᠡᠳᠡᠭ ᠠᠴᠠ ᠤᠯᠠᠨ | ᠵᠠᠭᠤᠨ ᠤ ᠲᠤᠷᠰᠢᠳᠠ ᠡᠬᠡ ᠲᠡᠯᠡᠬᠡᠢ ᠮᠢᠨᠢ ᠡᠷᠡᠭᠦᠯ ᠪᠦᠳᠦᠨ ᠲᠤᠭᠳᠠᠨᠢᠵᠣ᠂ ᠦᠷ᠎ᠡ ᠬᠤᠶᠢᠴᠢᠰ ᠲᠤ ᠪᠠᠨ ᠦᠪ | ᠬᠦᠷᠦᠩᠭᠡ ᠪᠠᠷ ᠤᠯᠠᠮᠵᠢᠯᠠᠭᠳᠠᠵᠤ ᠢᠷᠡᠵᠠᠢ᠃ | ᠠᠬᠠᠮᠠᠳ ᠪᠣᠭᠤᠷᠣᠯᠴᠤᠣᠯ ᠮᠢᠨᠢ ᠠᠷᠭ᠎ᠠ ᠣᠬᠠᠭᠠᠨ ᠮᠡᠬᠦᠰ ᠪᠢᠰᠢ᠂ ᠠᠯᠢ ᠪᠦᠬᠦᠨ ᠢ ᠡᠳ᠋ᠯᠡᠵᠤ ᠴᠢᠳᠠᠬᠤ ᠦᠬᠡᠢ | ᠪᠢᠰᠢ᠃ ᠲᠡᠳᠡᠨᠠᠷ ᠤᠨ ᠤᠶᠤᠨ ᠮᠡᠳᠡᠷᠡᠯ ᠳᠤ ︽ᠨᠣᠳᠤᠭ ᠤᠰᠤ︾ ᠭᠡᠭᠴᠢ ᠬᠠᠮᠤᠭ ᠠᠴᠠ ᠢᠯᠡᠭᠦᠦ ᠬᠠᠳᠠᠩᠰᠢᠵᠤ᠂ | ᠭᠬᠢᠷᠳᠦᠭᠡᠵᠣ ᠪᠣᠯᠣᠰᠢ ᠦᠭᠡᠢ ᠲᠠᠷᠬᠠᠨ ᠦᠪ ᠪᠣᠯᠣᠭᠰᠠᠨ ᠳᠤ ᠪᠤᠢ᠃ ᠲᠡᠷᠡ ᠰᠠᠶᠢᠬᠠᠨ ᠪᠣᠳᠣᠯ ᠨᠢ ᠬᠡᠴᠢᠨᠡᠭᠡᠨ ᠣᠨ | ᠲᠠᠰᠣᠷᠠᠰᠢ ᠦᠭᠡᠢ ᠭᠡᠷᠡᠯᠳᠦᠵᠤ᠂ ᠬᠡᠳᠦᠨ ᠵᠠᠭᠤᠨ ᠢᠶᠠᠷ ᠠᠷᠢᠯᠤᠰᠢ ᠦᠭᠡᠢ ᠲᠠᠮᠠᠭᠠᠯᠠᠭᠳᠠᠵᠤ᠂ ᠬᠤᠵᠢᠮ ᠤᠨ | ᠬᠦᠮᠦᠰ ᠲᠤ ᠭᠡᠷᠡᠯᠳᠦ ᠴᠠᠮᠬᠠᠭ ᠪᠣᠯᠣᠨ ᠭᠢᠯᠠᠯᠵᠠᠭᠰᠠᠨ ᠪᠢᠯᠡ᠃ ᠨᠤᠳᠤᠭ ᠤᠰᠤ ᠬᠡᠴᠢᠨᠡᠭᠡᠨ ᠦᠨ᠎ᠡ ᠴᠠᠨ᠎ᠠ ᠲᠠᠢ᠂ | ᠬᠡᠨ ᠨᠢᠭᠡ ᠨᠢ ᠲᠤᠷ᠎ᠠ ᠪᠠᠷ ᠢᠶᠠᠨ ᠬᠦᠨᠦᠭᠡᠵᠤ ᠪᠤᠯᠬᠤ ᠦᠭᠡᠢ ᠠᠷᠢᠭᠤᠨ ᠲᠠᠷᠬᠠᠨ ᠭᠡᠳᠡᠭ ᠢ ᠲᠡᠤᠬᠡᠨ ᠰᠣᠷᠭᠠᠮᠵᠢ ᠠᠴᠠ | ᠤᠶᠢᠯᠠᠭᠠᠵᠤ ᠪᠣᠯᠣᠨ᠎ᠠ᠃ ᠲᠦᠮᠡᠨ ᠣᠯᠠᠨ ᠤ ᠬᠢᠯᠢᠩ ᠤᠨ ᠲᠠᠭᠤᠨ ᠠᠴᠠ ᠣᠬᠠᠭᠠᠷᠠᠨ ᠰᠡᠷᠡᠵᠤ ᠪᠤᠯᠤᠨ᠎ᠠ᠃ ᠠᠷᠠᠳ | ᠲᠦᠮᠡᠨ ᠪᠤᠯ ᠲᠡᠤᠬᠡ ᠶᠢ ᠪᠦᠳᠦᠭᠡᠭᠰᠡᠨ ᠠᠭᠤᠤ ᠬᠦᠮᠦᠰ᠂ ᠠᠷᠠᠳ ᠲᠦᠮᠡᠨ ᠤ ᠴᠢᠰᠣ ᠪᠠᠷ ᠪᠢᠴᠢᠭᠳᠡᠭᠰᠡᠨ ᠲᠡᠤᠬᠡ | ᠬᠡᠵᠢᠶᠡᠳᠡ ᠪᠠᠯᠠᠷᠠᠰᠢ ᠦᠭᠡᠢ᠃ ᠠᠷᠠᠳ ᠲᠦᠮᠡᠨ ᠢ ᠬᠦᠨᠦᠭᠡᠨ ᠬᠤᠬᠢᠷᠠᠭᠤᠯᠣᠭᠰᠠᠨ ᠲᠡᠤᠬᠡ ᠴᠦ ᠬᠢᠯᠪᠠᠷᠬᠠᠨ | ᠠᠷᠢᠯᠤᠨ ᠣᠳᠬᠤ ᠪᠢᠰᠢ᠂ ᠮᠠᠨᠠᠭᠰᠠᠨ ᠭᠠᠯ ᠮᠡᠳᠦ ᠦᠷᠪᠢᠰᠦᠨ ᠠᠷᠠᠳ ᠤᠨ ᠬᠢᠯᠢᠩ ᠢ ᠲᠡᠭᠳᠡᠭᠡᠬᠦ ᠤᠴᠢᠷᠳᠠᠢ ᠠᠵᠢ᠃ | ᠡᠶᠢᠡ ᠬᠦ ᠨᠣᠳᠤᠭ ᠨᠢ ᠪᠠᠶᠢᠪᠠᠯ ᠠᠷᠠᠳ ᠣᠯᠠᠨ ᠠᠮᠢ ᠵᠢᠭᠤᠵᠤ᠂ ᠤᠰᠤ ᠨᠢ ᠪᠠᠶᠢᠪᠠᠯ ᠠᠷᠠᠳ ᠣᠯᠠᠨ ᠭᠤᠤᠯ | ᠵᠤᠯᠭᠠᠨ᠎ᠠ᠃ ᠨᠣᠳᠤᠭ ᠤᠰᠤᠨ ᠤ ᠦᠨ᠎ᠡ ᠦᠷᠳᠡᠭ ᠢ ᠠᠯᠪᠠᠨ ᠤ ᠬᠦᠮᠦᠨ ᠡᠷᠬᠢᠮ ᠨᠤᠶᠠᠳ ᠯᠡ ᠮᠡᠳᠡᠬᠦ ᠪᠢᠰᠢ᠂ | ᠵᠠᠭᠤᠨ ᠵᠠᠭᠤᠨ ᠳᠤ ᠵᠠᠶᠠᠭ᠎ᠠ ᠪᠠᠨ ᠬᠤᠯᠪᠣᠭᠰᠠᠨ ᠠᠷᠠᠳ ᠴᠦ ᠭᠦᠨ ᠤᠶᠢᠯᠠᠭᠠᠨ᠎ᠠ᠃ ᠰᠠᠶ᠎ᠠ ᠵᠠᠭᠤᠨ ᠤ ᠲᠡᠤᠬᠡᠨ | ᠠᠶᠠᠯᠠᠯ ᠳᠤ ᠨᠤᠳᠤᠭ ᠤᠰᠤ ᠪᠠᠨ ᠲᠦᠰᠢᠭᠯᠡᠨ ᠬᠦᠢ ᠵᠠᠯᠭᠠᠨ ᠢᠷᠡᠭᠰᠡᠨ ᠶᠤᠮ᠂ ᠰᠡᠷᠡᠯ ᠤᠶᠤᠨ ᠳᠤ ᠪᠠᠨ ᠭᠦᠨ | ᠶᠤᠰᠤ ᠶᠢ ᠠᠭᠤᠯᠵᠤ ᠲᠦᠷᠪᠡᠨ ᠤᠯᠠᠷᠢᠯ ᠢ ᠲᠣᠭᠤᠯᠵᠤ ᠢᠷᠡᠭᠰᠡᠨ ᠶᠣᠮ᠃ ᠠᠭᠤᠳᠠᠮ ᠨᠣᠳᠤᠭ ᠤᠨ ᠪᠠᠭᠤᠴᠠᠨ ᠳᠤ | ᠴᠠᠭ ᠤᠨ ᠰᠠᠶᠢᠬᠠᠨ ᠢ ᠤᠭᠳᠣᠵᠣ᠂ ᠦᠵᠡᠰᠭᠦᠯᠡᠩ ᠲᠠᠯ᠎ᠠ ᠶᠢᠨ ᠦᠷᠦᠴᠡᠨ ᠳᠤ ᠰᠦᠷᠦᠭ ᠢᠶᠠᠨ ᠦᠰᠭᠡᠵᠣ ᠠᠮᠢ | ᠭᠤᠤᠯ ᠲᠠᠢ ᠪᠠᠨ ᠬᠤᠯᠪᠣᠵᠣ ᠶᠠᠪᠣᠭᠰᠠᠨ ᠨᠢ ᠠᠷᠠᠳ ᠲᠦᠮᠡᠨ ᠶᠤᠮᠰᠠᠨ᠃ | ᠨᠣᠬᠠᠢ ᠠᠳᠠᠯ᠎ᠠ ᠬᠤᠳᠠ ᠪᠠᠨ ᠰᠠᠬᠢᠵᠣ᠂ ᠬᠤᠯᠠᠭᠠᠢ ᠲᠣᠨᠣᠭᠠᠴᠢᠨ ᠢ ᠰᠡᠷᠭᠡᠶᠢᠯᠡᠨ ᠲᠡᠵᠢᠭᠡᠭᠰᠡᠨ ᠡᠵᠡᠨ ᠳᠤ ᠪᠠᠨ | ᠬᠦᠴᠦ ᠪᠠᠨ ᠡᠷᠭᠦᠳᠡᠭ᠃ ᠡᠵᠡᠨ ᠳᠤ ᠪᠠᠨ ᠲᠣᠰᠠ ᠲᠠᠢ᠂ ᠰᠦᠷᠦᠭ ᠢᠶᠠᠨ ᠮᠠᠨᠠᠬᠤ ᠬᠤᠳᠠᠴᠢ ᠨᠤᠬᠠᠢ ᠶᠢ ᠬᠡᠴᠢᠨᠡᠭᠡᠨ | ᠣᠨ ᠪᠣᠯᠣᠭᠰᠠᠨ ᠴᠦ ᠬᠦᠮᠦᠰ ᠶᠠᠷᠢᠳᠠᠭ᠃ ᠰᠦ ᠳᠤ ᠨᠢ ᠬᠤᠩᠰᠢᠶᠠᠷ ᠲᠦᠷᠢᠬᠦ ᠦᠭᠡᠢ᠂ ᠬᠤᠳ᠋ᠨ ᠳᠤ ᠨᠢ ᠬᠤᠯᠠᠭᠠᠢ | ᠤᠶᠢᠷᠠᠳᠣᠭᠤᠯᠬᠤ ᠦᠭᠡᠢ ᠰᠠᠶᠢᠨ ᠨᠣᠬᠠᠢ ᠶᠢ ᠬᠦᠮᠦᠰ ᠮᠠᠷᠳᠠᠬᠤ ᠦᠭᠡᠢ᠃ ᠨᠣᠳᠤᠭ ᠤᠰᠤ ᠶᠠᠪᠣᠬᠤ ᠲᠤᠳᠣᠮ | ᠪᠠᠭᠠᠰᠴᠤ᠂ ᠠᠷᠠᠳ ᠣᠯᠠᠨ ᠤ ᠦᠪ ᠬᠦᠨᠡᠰᠦ ᠶᠠᠪᠣᠬᠤ ᠲᠤᠳᠣᠮ ᠲᠤᠨᠳᠣᠷᠴᠤ᠂ ᠦᠩᠭᠡᠷᠡᠭᠰᠡᠨ ᠤ ᠨᠡᠯᠦᠭᠡᠷ ᠲᠠᠯ᠎ᠠ | ᠲᠡᠮᠦᠷ ᠲᠣᠤᠷ ᠲᠤ ᠰᠡᠭᠴᠢᠭᠳᠡᠵᠣ᠂ ᠡᠳᠦᠷ ᠢᠶᠠᠷ ᠭᠡᠷ ᠢᠶᠠᠨ ᠣᠯᠬᠤ ᠦᠭᠡᠢ ᠵᠠᠮ ᠲᠦᠭᠡᠷᠢᠵᠣ᠂ ᠦᠨᠵᠢᠵᠤ ᠬᠤᠨᠤᠪᠠᠯ | ᠵᠦᠭ ᠢᠶᠠᠨ ᠣᠯᠬᠤ ᠦᠭᠡᠢ ᠲᠦᠭᠡᠷᠢᠭᠳᠡᠨᠡ᠃ ᠬᠦᠳᠡᠭᠡ ᠶᠠᠪᠣᠬᠤ ᠳᠤ ᠡᠶᠢᠮᠣ ᠨᠢᠭᠡᠨ ᠤᠴᠢᠷ ᠲᠣᠬᠢᠶᠠᠯᠳᠣᠭᠰᠠᠨ ᠮᠠᠨᠢ | ᠪᠠᠶᠢᠨ ᠲᠠᠬᠢᠨ ᠪᠣᠳᠣᠯ ᠳᠤ ᠡᠷᠭᠢᠯᠳᠦᠨ ᠨᠢᠳᠦᠨ ᠳᠤ ᠬᠠᠷᠠᠭᠳᠠᠨ᠎ᠠ᠃ ᠲᠡᠷᠡ ᠵᠢᠯ ᠤᠨ ᠡᠪᠦᠯ ᠤᠨ ᠨᠢᠭᠡᠨ ᠡᠳᠦᠷ | ᠬᠦᠳᠡᠭᠡ ᠶᠠᠪᠣᠬᠤ ᠳᠤ ᠮᠤᠷᠢ ᠪᠠᠨ ᠬᠦᠳᠦᠯᠦᠭᠰᠡᠨ ᠡᠪᠦᠭᠡᠨ ᠭᠤᠸᠠᠢ ᠪᠤᠳᠠ ᠰᠦᠭᠡᠭ ᠤᠨ ᠲᠤᠮᠳᠠᠭᠤᠷ ᠬᠦᠯ ᠢᠶᠠᠨ | ᠡᠷᠭᠦᠵᠤ ᠶᠠᠳᠠᠨ ᠠᠯᠬᠤᠨ᠎ᠠ᠃ ᠮᠠᠨᠤᠰ ᠲᠤ ᠠᠢ᠂ ᠬᠡᠳᠦᠨ ᠠᠳᠣᠭᠤ ᠮᠢᠨᠢ ᠬᠦᠮᠦᠨ ᠤ ᠲᠤᠣᠷ ᠲᠤ ᠬᠠᠰᠢᠭᠳᠠᠨ | ᠬᠦᠭᠡᠭᠡᠭᠳᠡᠭᠰᠡᠭᠡᠷ ᠬᠡᠢ ᠰᠣᠯᠢᠶ᠎ᠠ ᠲᠠᠢ ᠰᠢᠭ᠋ ᠪᠣᠯᠴᠢᠬᠠᠯ᠎ᠠ᠃ ᠲᠦᠷᠦᠭᠦᠦ ᠡᠳᠦᠷ ᠮᠠᠰᠢᠨ ᠲᠡᠷᠭᠡ ᠲᠠᠢ ᠬᠡᠳᠦᠨ ᠬᠦᠮᠦᠨ | ᠢᠷᠡᠭᠡᠳ ᠮᠠᠨᠠᠨ ᠲᠠᠳᠠᠳᠠᠯ᠎ᠠ ᠲᠠᠭᠤᠵᠣ᠂ ᠶᠠᠳᠠᠷ ᠲᠣᠷᠣᠢ ᠶᠢ ᠨᠢ ᠬᠦᠨᠳᠡᠢ ᠵᠢᠯᠠᠭ᠎ᠠ ᠳᠤ ᠰᠦᠢᠳᠬᠡᠵᠤ ᠵᠦᠭ | ᠵᠦᠭ ᠲᠤ ᠨᠢ ᠰᠠᠷᠨᠢᠭᠤᠯᠣᠯᠠ᠂ ᠤᠳᠤ ᠴᠢᠨᠢ ᠶᠠᠭᠤ ᠪᠣᠯᠵᠣ ᠶᠠᠪᠣᠭ᠎ᠠ ᠶᠢ ᠪᠣᠤ ᠮᠡᠳᠡ᠃ ᠠᠮᠢ ᠮᠡᠨᠳᠣ | ᠭᠠᠷᠣᠭᠰᠠᠨ ᠢ ᠨᠢ ᠬᠤᠮᠢᠵᠤ ᠬᠤᠷᠢᠶᠠᠶ᠎ᠠ ᠭᠡᠳ ᠵᠦᠳᠡᠷᠡᠵᠤ ᠪᠤᠢ︕ ᠭᠡᠵᠣ ᠵᠣᠪᠠᠭᠤᠷᠢ ᠪᠠᠨ ᠲᠣᠭᠠᠴᠢᠨ | ᠬᠤᠨᠢᠶᠠᠰᠣ ᠲᠠᠢ ᠨᠢᠳᠤ ᠨᠢ ᠵᠠᠶᠢᠷᠳᠣᠨᠠ᠃ | ᠠᠳᠣᠭᠤ ᠭᠡᠳᠡᠭ ᠴᠢᠨᠢ ᠠᠯᠤᠰ ᠤᠨ ᠪᠡᠯᠴᠢᠭᠡᠷ ᠲᠤ ᠶᠠᠪᠣᠳᠠᠭ ᠪᠢᠰᠢ ᠤᠤ︖ ᠭᠡᠪᠡᠯ᠂ ᠤᠤᠯ ᠨᠢ ᠲᠡᠶᠢᠮᠤ | ᠶᠤᠮ᠂ ᠤᠶᠢᠷ᠎ᠠ ᠬᠠᠪᠢ ᠳᠤ ᠪᠠᠨ ᠡᠷᠭᠢᠴᠡᠳᠡᠭ ᠦᠭᠡᠢ ᠰᠢᠦ᠃ ᠬᠤᠯᠠ ᠶᠢᠨ ᠪᠡᠯᠴᠢᠭᠡᠷ ᠲᠤ ᠶᠠᠪᠣᠪᠠᠯ ᠲᠡᠭᠡᠷᠡᠮ | ᠲᠣᠨᠣᠭᠠᠴᠢ ᠰᠢᠭ᠋ ᠠᠯᠪᠠᠨ ᠤ ᠲᠡᠷᠭᠡ ᠨᠢ ᠬᠦᠭᠡᠭᠡᠳ ᠪᠣᠯᠬᠤ ᠦᠭᠡᠢ᠂ ᠲᠤᠷᠭᠠᠵᠣ ᠶᠠᠯᠠᠳᠠᠨ᠎ᠠ ᠭᠡᠳ ᠡᠬᠡ | ᠪᠡᠨ᠎ᠡ ᠠᠴᠠ ᠨᠢ ᠢᠯᠡᠭᠦᠦ ᠮᠦᠩᠭᠦ ᠠᠪᠣᠨ᠎ᠠ᠃ ᠬᠠᠪᠢ ᠶᠢᠨ ᠪᠡᠯᠴᠢᠭᠡᠷ ᠲᠤ ᠪᠠᠨ ᠬᠠᠷᠢᠭᠤᠯᠣᠶᠠ ᠭᠡᠬᠦ ᠳᠤ ᠮᠠᠨ ᠤ | ᠨᠣᠶᠠᠳ ᠪᠦᠷ ᠠᠷᠪᠠ ᠬᠤᠷᠢᠨ ᠵᠢᠯ ᠢᠶᠠᠷ ᠭᠠᠳᠠᠨ᠎ᠠ ᠶᠢᠨ ᠬᠦᠮᠦᠨ ᠳᠤ ᠬᠤᠳᠠᠯᠳᠣᠵᠠᠢ᠃ ᠡᠨᠡ ᠶᠠᠩᠵᠤ ᠪᠠᠷ | ᠬᠤᠳᠠ ᠪᠠᠨ ᠬᠤᠷᠢᠶᠠᠬᠤ ᠨᠢ ᠡᠨᠡᠤᠬᠡᠨ ᠳᠤ ᠡ︕ ᠭᠡᠵᠤ ᠬᠦᠮᠦᠬᠡᠢ ᠵᠠᠭᠤᠨ᠎ᠠ᠃ | ᠡᠷᠳᠡ ᠲᠡᠭᠡᠳᠦ ᠶᠢᠨ ᠦᠶ᠎ᠡ ᠳᠤ ᠨᠣᠳᠤᠭ ᠤᠨ ᠬᠦᠮᠦᠰ ᠮᠠᠨᠢ ᠬᠡᠳᠦᠨ ᠵᠠᠭᠤᠨ ᠭᠠᠵᠠᠷ ᠢᠶᠠᠷ ᠤᠳᠤᠷᠯᠠᠨ ᠤᠰᠤ | ᠪᠡᠯᠴᠢᠭᠡᠷ ᠢᠶᠠᠨ ᠲᠤᠬᠢᠳᠠᠢ ᠠᠰᠢᠭᠯᠠᠵᠤ᠂ ᠲᠠᠩᠰᠤᠭ ᠪᠠᠶᠢᠭᠠᠯᠢ ᠪᠠᠨ ᠲᠠᠭᠠᠳᠠᠢ ᠠᠮᠤᠷᠵᠢᠭᠤᠯᠵᠤ᠂ ᠲᠦᠷᠪᠡᠨ ᠴᠠᠭ ᠤᠨ | ᠲᠠᠭᠤᠤ ᠪᠠᠨ ᠲᠠᠭᠤᠯᠠᠵᠤ ᠶᠠᠪᠣᠳᠠᠭ ᠨᠢ ᠦᠯᠢᠭᠡᠷ ᠲᠣᠮᠤᠭ ᠪᠤᠯᠤᠨ ᠬᠤᠴᠤᠷᠴᠠᠢ᠃ ᠦᠪᠡᠷ ᠤᠨ ᠨᠣᠳᠤᠭ ᠢᠶᠠᠨ | ᠦᠷᠦᠭᠡᠯ ᠤᠨ ᠭᠠᠷ ᠲᠤ ᠣᠷᠣᠭᠤᠯᠵᠣ᠂ ᠡᠭᠦᠳᠡ ᠭᠠᠷᠬᠤ ᠳᠤ ᠲᠦᠪᠡᠭ ᠪᠣᠯᠣᠭᠰᠠᠨ ᠭᠤᠨᠢᠭᠳᠤ ᠵᠦᠴᠦᠭᠡ ᠶᠢ | ᠲᠤᠭᠯᠠᠬᠤ ᠨᠢ ᠶᠠᠭᠤᠳᠠᠢ ᠬᠠᠷᠠᠮᠰᠠᠯ ᠪᠢᠯᠡ᠃ ᠠᠷᠪᠠ ᠬᠤᠷᠢᠨ ᠵᠢᠯ ᠤᠨ ᠡᠮᠦᠨ᠎ᠡ ᠠᠴᠠ ᠲᠠᠯ᠎ᠠ ᠨᠤᠳᠤᠭ ᠢᠶᠠᠨ | ᠲᠠᠰᠣᠳᠠᠨ ᠬᠡᠷᠴᠢᠵᠤ᠂ ᠲᠠᠪᠠ ᠪᠠᠷ ᠢᠶᠠᠨ ᠲᠣᠤᠷᠯᠠᠨ ᠬᠠᠭᠠᠯᠪᠣᠷᠢᠯᠠᠭᠰᠠᠨ ᠬᠦᠨᠦᠭᠡᠯ ᠨᠢ ᠦᠨᠦᠳᠦᠷ ᠤᠨ ᠬᠦᠮᠦᠰ ᠲᠤ | ᠲᠤᠯᠭᠠᠷᠠᠵᠤ᠂ ᠡᠳᠦᠷ ᠤᠨ ᠮᠠᠷᠭᠠᠰᠢ ᠬᠦᠮᠦᠨ ᠠᠷᠠᠳ ᠤᠨ ᠬᠡᠷᠡᠭᠦᠯ ᠵᠢᠭᠤᠷᠠᠭᠠᠨ ᠦᠷᠭᠦᠯᠵᠢᠯᠡᠬᠦ ᠶᠢᠨ ᠬᠤᠣᠷᠳᠣ | ᠬᠠᠪᠣᠳᠡᠷ ᠪᠣᠯᠣᠭᠰᠠᠨ ᠢ ᠦᠨᠡᠮᠰᠢᠬᠦ ᠤᠴᠢᠷᠳᠠᠢ᠃ ᠲᠠᠯ᠎ᠠ ᠨᠤᠳᠤᠭ ᠤᠨ ᠲᠠᠩᠰᠤᠭ ᠪᠡᠯᠴᠢᠭᠡᠷ ᠢᠶᠠᠨ ᠭᠠᠯᠵᠠᠭᠤᠷᠠᠭᠰᠠᠨ | ᠮᠡᠳᠣ ᠬᠦᠨᠦᠭᠡᠨ ᠰᠦᠢᠳᠬᠡᠵᠤ᠂ ᠬᠦᠷᠦᠰᠦ ᠶᠢ ᠨᠢ ᠰᠠᠯᠬᠢᠨ ᠳᠤ ᠬᠡᠶᠢᠰᠭᠡᠵᠤ᠂ ᠬᠦᠷᠦᠩᠭᠡ ᠶᠢ ᠨᠢ ᠦᠶᠡᠷ ᠲᠤ | ᠤᠷᠤᠰᠬᠠᠨ᠂ ᠤᠢ ᠤᠷᠭᠤᠮᠠᠯ ᠢ ᠨᠢ ᠦᠨᠳᠦᠰᠦ ᠤᠭᠰᠠᠭ᠎ᠠ ᠲᠠᠰᠣᠯᠤᠭᠰᠠᠨ ᠭᠤᠨᠢᠭᠳᠣ ᠦᠵᠡᠭᠳᠡᠯ ᠢ ᠡᠷᠭᠢᠴᠡᠭᠦᠯᠦᠨ | ᠦᠵᠡᠬᠦ ᠤᠴᠢᠷᠳᠠᠢ᠃ | ᠣᠯᠣᠰ ᠭᠡᠷ ᠠᠴᠠ ᠭᠠᠵᠠᠷ ᠨᠤᠳᠤᠭ ᠤᠨ ᠲᠤᠬᠠᠢ ᠲᠤᠳᠤᠷᠬᠠᠢ ᠲᠦᠷᠢᠮ ᠲᠤᠭᠳᠠᠭᠠᠯ ᠲᠠᠢ᠂ ᠠᠯᠠᠭᠠᠨ ᠬᠢᠷᠢ | ᠬᠦᠷᠦᠰᠦ ᠶᠢ ᠭᠡᠳ ᠠᠮᠠᠨ ᠲᠠᠪᠠ ᠪᠠᠷ ᠢᠶᠠᠨ ᠬᠠᠭᠠᠯᠪᠣᠷᠢᠯᠠᠬᠤ ᠶᠢ ᠵᠦᠪᠰᠢᠶᠡᠷᠡᠬᠦ ᠶᠤᠰᠤ ᠦᠭᠡᠢ᠂ ᠭᠠᠵᠠᠷ ᠨᠤᠳᠤᠭ ᠢ | ᠬᠠᠭᠠᠯᠪᠤᠷᠢᠯᠠᠨ ᠲᠠᠯᠬᠢᠭᠳᠠᠬᠤ ᠪᠤᠯ ᠲᠦᠷᠦ ᠶᠢᠨ ᠬᠠᠤᠯᠢ ᠳᠤ ᠬᠠᠯᠳᠠᠭᠰᠠᠨ ᠲᠤᠮᠤ ᠬᠡᠷᠡᠭ ᠮᠦᠨ᠃ ᠨᠤᠳᠤᠭ ᠢᠶᠠᠨ | ᠰᠡᠭᠴᠢᠵᠤ ᠲᠠᠯ᠎ᠠ ᠪᠠᠨ ᠨᠢᠴᠦᠭᠦᠷᠦᠭᠦᠯᠦᠭᠰᠡᠨ ᠮᠤᠩᠭᠤᠯ ᠤᠷᠤᠨ ᠪᠤᠯ ᠲᠡᠷᠡ ᠴᠡᠭ ᠢᠶᠠᠷ ᠢᠶᠠᠨ ᠤᠰᠠᠳᠣᠨ ᠪᠠᠯᠠᠷᠠᠭᠰᠠᠨ | ᠠᠶᠤᠮᠰᠢᠭᠳᠣ ᠤᠷᠴᠢᠨ ᠶᠤᠮ᠃ ᠠᠷᠪᠠᠨ ᠵᠢᠯ᠂ ᠬᠤᠷᠢᠨ ᠵᠢᠯ ᠤᠨ ᠲᠠᠷᠠᠭ᠎ᠠ ᠮᠠᠨᠣᠰ ᠤᠨ ᠲᠦᠷᠦᠵᠤ ᠦᠰᠦᠭᠰᠡᠨ | ᠲᠠᠯ᠎ᠠ ᠨᠣᠳᠤᠭ ᠴᠣᠬᠤᠮ ᠬᠡᠨ ᠳᠤ ᠦᠮᠴᠢᠯᠡᠭᠳᠡᠨ ᠦᠪ ᠬᠦᠷᠦᠩᠭᠡ ᠨᠢ ᠪᠣᠯᠬᠤ ᠶᠢ ᠰᠡᠳᠬᠢᠬᠦ ᠳᠤ ᠵᠢᠷᠦᠬᠡ | ᠴᠡᠴᠡᠷᠡᠨ᠎ᠡ᠃ ᠨᠣᠳᠤᠭ ᠤᠰᠤ ᠪᠠᠨ ᠬᠢᠮᠠᠭᠠᠳᠠᠬᠤ ᠪᠤᠯ ᠢᠵᠠᠭᠤᠷ ᠶᠤᠰᠤ᠂ ᠬᠠᠮᠢᠭ᠎ᠠ ᠬᠦᠷᠦᠭᠰᠡᠨ ᠴᠦ ᠡᠷᠬᠢᠮᠯᠡᠵᠣ | ᠵᠢᠷᠤᠮᠯᠠᠬᠤ ᠶᠤᠰᠤᠳᠠᠢ᠃ ᠮᠤᠩᠭᠤᠯ ᠲᠦᠮᠡᠨ ᠤ ᠰᠡᠴᠡᠨ ᠮᠡᠷᠭᠡᠨ ᠤᠬᠠᠭᠠᠨ ᠳᠤ ᠯᠡ ᠡᠬᠡ ᠲᠡᠯᠡᠬᠡᠢ ᠡᠳᠦᠭᠡ ᠳᠤ | ᠬᠦᠷᠳᠡᠯ᠎ᠡ ᠡᠷᠡᠭᠦᠯ ᠪᠦᠳᠦᠨ ᠢᠷᠡᠪᠡ᠃ ᠮᠠᠯ ᠢᠶᠠᠨ ᠬᠠᠷᠢᠭᠤᠯᠵᠣ ᠰᠦᠷᠦᠭ ᠢᠶᠠᠨ ᠦᠰᠭᠡᠵᠣ ᠶᠠᠪᠣᠬᠤ ᠳᠤ ᠪᠠᠨ | ᠨᠣᠳᠤᠭ ᠢᠶᠠᠨ ᠬᠦᠨᠦᠭᠡᠭᠰᠡᠨ ᠶᠠᠯ᠎ᠠ ᠶᠢ ᠠᠷᠠᠴᠢᠯᠠᠭᠰᠠᠨ ᠰᠦᠷᠦᠭ ᠲᠤ ᠪᠠᠨ ᠨᠦᠮᠦᠷᠢᠭᠦᠯᠦᠭᠰᠡᠨ ᠦᠭᠡᠢ᠂ | ᠬᠤᠳᠣᠭᠤᠷ ᠢᠶᠠᠷ ᠬᠡᠮᠵᠢᠬᠦ ᠮᠠᠯ ᠲᠠᠢ ᠶᠠᠪᠣᠭᠰᠠᠨ ᠴᠦ ᠲᠠᠯ᠎ᠠ ᠶᠢᠨ ᠪᠡᠯᠴᠢᠭᠡᠷ᠂ ᠠᠭᠤᠯᠠ ᠶᠢᠨ ᠬᠠᠳᠣᠯᠠᠩ ᠤᠨ ᠰᠢᠮ᠎ᠡ | ᠰᠢᠭᠦᠰᠦ ᠲᠤᠨᠳᠠᠷᠠᠭᠰᠠᠨ ᠦᠭᠡᠢ᠃ | ᠦᠨᠦᠳᠦᠷ ᠲᠡᠮᠤᠷ ᠠᠨᠵᠢᠰᠣ ᠨᠣᠳᠤᠭ ᠢ ᠰᠡᠭᠴᠢᠵᠣ᠂ ᠮᠠᠰᠢᠨ ᠣᠨᠤᠭ᠎ᠠ ᠬᠠᠳᠣᠯᠠᠩ ᠢ ᠰᠦᠢᠳᠬᠡᠵᠣ᠂ ᠡᠷᠡᠭᠦᠯ | ᠪᠦᠳᠦᠨ ᠬᠤᠷᠸ᠎ᠠ ᠦᠵᠡᠬᠦ ᠶᠢᠨ ᠲᠠᠮᠳᠤᠭ ᠦᠭᠡᠢ ᠪᠤᠯᠵᠤ᠂ ᠠᠳᠠᠭ ᠨᠢ ᠨᠤᠬᠠᠢ ᠰᠠᠷᠢᠬᠤ ᠪᠣᠳᠠ ᠴᠦ ᠴᠦᠬᠡᠷᠡᠵᠣ᠂ | ᠪᠣᠯᠵᠤᠮᠤᠷ ᠬᠤᠷᠭᠤᠳᠠᠬᠤ ᠨᠦᠮᠦᠷᠢ ᠪᠠᠯᠠᠷᠠᠨ ᠤᠳᠴᠠᠢ᠃ ᠡᠨᠡ ᠬᠡᠨ ᠤ ᠤᠷᠰᠢᠭ ᠪᠤᠢ︖ ᠠᠳᠣᠭᠤ ᠮᠠᠯ | ᠨᠡᠮᠡᠭᠳᠡᠭᠰᠡᠨ ᠤ ᠰᠢᠯᠳᠠᠭᠠᠨ ᠤᠤ︖ ᠡᠰᠡᠭᠦᠯ᠎ᠡ ᠠᠷᠠᠳ ᠢᠷᠭᠡᠳ ᠤᠨ ᠣᠬᠠᠮᠰᠠᠷ ᠲᠤᠷᠦ᠋ᠢᠳᠠᠭᠰᠠᠨ ᠤ ᠤᠤ︖ | ᠪᠠᠶᠢᠭᠠᠯᠢ ᠠᠬᠤᠢ ᠶᠢᠨ ᠦᠪᠡᠷ ᠤᠨ ᠬᠢᠨᠢ ᠵᠢᠮ᠎ᠡ ᠬᠠᠤᠯᠢ ᠤᠤ︖ ᠪᠢᠰᠢ︕ ᠡᠬᠡ ᠪᠠᠶᠢᠭᠠᠯᠢ ᠭᠠᠩᠳᠠᠭᠰᠠᠨ ᠤ | ᠬᠤᠪᠢᠷᠠᠯ ᠪᠢᠰᠢ᠂ ᠬᠦᠮᠦᠨ ᠠᠷᠠᠳ ᠤᠨ ᠮᠢᠨᠢ ᠬᠦᠨᠦᠭᠡᠵᠤ ᠲᠠᠯᠬᠢᠭᠳᠠᠭᠰᠠᠨ ᠤ ᠬᠤᠬᠢᠷᠠᠯ ᠴᠦ ᠪᠢᠰᠢ᠃ ᠲᠡᠭᠡᠳᠦ ᠪᠠᠨ | ᠮᠠᠷᠳᠠᠭᠰᠠᠨ ᠨᠢᠭᠡ ᠪᠦᠯᠦᠭ ᠬᠦᠮᠦᠰ ᠤᠨ ᠤᠷᠰᠢᠭ᠃ ᠬᠡᠨ ᠴᠦ ᠪᠠᠯᠠᠯᠠᠵᠤ ᠲᠡᠶᠢᠯᠦᠰᠢ ᠦᠭᠡᠢ ᠦᠨᠡᠨ ᠤᠴᠢᠷ᠂ | ᠬᠡᠵᠢᠶᠡᠳᠡ ᠠᠷᠢᠯᠤᠰᠢ ᠦᠭᠡᠢ ᠶᠠᠯ᠎ᠠ ᠶᠢᠨ ᠬᠢᠨᠢ ᠭᠡᠷᠡᠴᠢ᠃ | ᠬᠤᠳᠠᠴᠢ ᠨᠤᠬᠠᠢ᠂ ᠠᠭᠳᠠ ᠬᠦᠯᠦᠭ᠂ ᠮᠤᠩᠭᠤᠯ ᠭᠡᠷ ᠢᠶᠠᠨ ᠮᠠᠷᠳᠠᠵᠤ ᠤᠷᠬᠢᠭᠰᠠᠨ ᠲᠡᠤᠬᠡ ᠶᠢᠨ | ᠰᠣᠷᠭᠠᠮᠵᠢ ᠶᠢᠨ ᠦᠨ᠎ᠡ ᠦᠷᠳᠡᠭ ᠢ ᠬᠡᠯᠡᠬᠦ ᠳᠤ ᠠᠶᠤᠳᠠᠰᠣ ᠲᠦᠷᠦᠭᠳᠡᠨ᠎ᠡ᠃ ᠴᠤᠷ ᠤᠨ ᠭᠠᠭᠴᠠ ᠦᠯᠡᠳᠡᠵᠤ ᠪᠦᠬᠦᠢ | ᠡᠬᠡ ᠬᠡᠯᠡ ᠴᠦ ᠴᠠᠭ ᠶᠠᠪᠣᠬᠤ ᠲᠤᠳᠤᠮ ᠬᠠᠶᠢᠯᠤᠨ ᠪᠠᠯᠠᠷᠠᠵᠤ᠂ ᠦᠰᠪᠣᠷᠢ ᠶᠢᠨ ᠬᠡᠤᠬᠡᠳ ᠦᠷᠦᠭᠡᠯ ᠤᠨ | ᠰᠣᠶᠣᠯ ᠢᠶᠠᠷ ᠵᠦᠳᠡᠷᠡᠵᠤ᠂ ᠦᠳᠡᠭᠦᠰ ᠨᠢ ᠲᠡᠨᠦᠭᠦᠯ ᠠᠮᠢᠳᠣᠷᠠᠯ ᠢᠶᠠᠷ ᠠᠷᠭᠠᠴᠠᠭᠠᠭᠰᠠᠨ ᠬᠦᠳᠡᠭᠡ ᠨᠣᠳᠤᠭ ᠤᠨ | ᠦᠵᠡᠭᠳᠡᠯ ᠶᠠᠭᠤᠳᠠᠢ ᠰᠡᠳᠬᠢᠭᠦᠰᠢᠳᠠᠢ ᠪᠢᠯᠡ︖ ᠤᠷᠢᠳᠤ ᠶᠢᠨ ᠬᠦᠮᠦᠰ ᠮᠠᠨᠢ ᠨᠤᠳᠤᠭ ᠤᠰᠤᠨ ᠳᠤ ᠪᠠᠨ | ᠣᠰᠣᠯᠳᠠᠭᠰᠠᠨ ᠦᠭᠡᠢ᠂ ᠡᠬᠡ ᠪᠠᠶᠢᠭᠠᠯᠢ ᠪᠠᠨ ᠲᠠᠯᠬᠢᠭᠳᠠᠨ ᠰᠦᠢᠳᠬᠡᠭᠰᠡᠨ ᠦᠭᠡᠢ᠃ ᠲᠡᠳᠡᠭᠡᠷ ᠬᠦᠮᠦᠰ ᠤᠨ | ᠤᠨᠠᠭᠰᠠᠨ ᠰᠢᠷᠣᠢ ᠣᠤᠭᠤᠭᠰᠠᠨ ᠤᠰᠤ ᠭᠡᠵᠤ ᠴᠦᠬᠦᠷᠡᠰᠢ ᠦᠭᠡᠢ ᠲᠡᠮᠡᠴᠡᠭᠰᠡᠨ ᠠᠭᠤᠤ ᠶᠡᠭᠡ ᠵᠤᠷᠢᠭ ᠰᠠᠨᠠᠭ᠎ᠠ ᠪᠤᠯ | ᠦᠶ᠎ᠡ ᠶᠢᠨ ᠦᠶ᠎ᠡ ᠳᠤ ᠲᠠᠭᠤᠷᠢᠰᠬᠤ ᠮᠦᠩᠬᠡ ᠶᠢᠨ ᠴᠤᠣᠷᠢᠶᠠ᠂ ᠦᠷ᠎ᠡ ᠬᠤᠶᠢᠴᠢᠰ ᠢ ᠰᠡᠭᠡᠭᠡᠷᠡᠭᠦᠯᠬᠦ ᠪᠠᠭᠠᠳᠣᠷᠯᠢᠭ | ᠲᠤᠩᠬᠠᠭ ᠶᠤᠮ᠃ | ᠵᠣᠬᠢᠶᠠᠭᠴᠢ᠄ ᠨᠤᠷᠪᠤᠪᠠᠽᠠᠷ | ᠨᠠᠶᠢᠷᠠᠭᠤᠯᠤᠭᠴᠢ᠄ ᠨᠠᠷᠠᠨᠮᠠᠨᠳᠤᠯ᠎ᠠ | | | | | | | | | | | ᠁ |