ᠨᠢᠭᠡ᠂ ᠣᠳᠤᠭ᠎ᠠ ᠭᠡᠭᠴᠢ ᠴᠢᠩ ᠤᠯᠤᠰ ᠤᠨ ᠦᠶ᠎ᠡ ᠶᠢᠨ ᠨᠣᠶᠠᠳ ᠤᠨ ᠮᠠᠯᠠᠭᠠᠢ ᠶᠢᠨ ᠵᠠᠰᠠᠯ᠂ ᠨᠣᠶᠠᠳ ᠤᠨ | ᠶᠣᠰᠣᠯᠠᠯ ᠤᠨ ᠮᠠᠯᠠᠭᠠᠢ ᠶᠢᠨ ᠠᠷᠤ ᠳᠤ ᠵᠠᠭᠦᠭᠰᠡᠨ ᠲᠣᠭᠤᠰ ᠤᠨ ᠰᠡᠭᠦᠯ ᠤᠨ ᠴᠢᠮᠡᠭ ᠢ ᠣᠳᠤᠭ᠎ᠠ ᠭᠡᠳᠡᠭ᠃ | ᠣᠳᠤᠭ᠎ᠠ ᠶᠢᠨ ᠨᠢᠳᠤ ᠶᠢᠨ ᠣᠯᠠᠨ ᠴᠦᠭᠡᠨ ᠢᠶᠠᠷ ᠵᠡᠷᠭᠡ ᠭᠡᠷᠬᠡᠮ ᠢ ᠨᠢ ᠢᠯᠭᠠᠳᠠᠭ᠂ ᠶᠡᠷᠤ ᠳᠤ ᠪᠠᠨ ᠨᠢᠭᠡ | ᠨᠢᠳᠤᠳᠤ᠂ ᠦᠨᠳᠤᠷ ᠨᠢ ᠬᠤᠶᠠᠷ ᠨᠢᠳᠤᠳᠤ ᠪᠣᠶᠤ ᠭᠤᠷᠪᠠᠨ ᠨᠢᠳᠤᠳᠤ ᠪᠠᠶᠢᠳᠠᠭ᠃ ᠡᠬᠢᠯᠡᠬᠦ ᠳᠤ ᠪᠠᠨ ᠪᠠᠶᠢᠰᠡ ᠠᠴᠠ | ᠲᠡᠭᠡᠭᠰᠢ ᠪᠣᠯ ᠭᠤᠷᠪᠠᠨ ᠨᠢᠳᠤᠳᠤ ᠣᠳᠤᠭ᠎ᠠ ᠲᠠᠢ ᠮᠠᠯᠠᠭᠠᠢ ᠵᠡᠭᠦᠵᠦ᠂ ᠭᠦᠩ ᠭᠡᠷᠬᠡᠮ ᠲᠠᠢ ᠪᠣᠯ ᠬᠤᠶᠠᠷ ᠨᠢᠳᠤᠳᠤ | ᠣᠳᠤᠭ᠎ᠠ ᠵᠠᠭᠦᠵᠦ ᠪᠠᠶᠢᠪᠠ᠃ ᠬᠤᠵᠢᠮ ᠪᠣᠯᠵᠦ ᠢᠷᠡᠭᠡᠳ ᠱᠠᠩᠨᠠᠯ ᠨᠢ ᠰᠠᠮᠠᠭᠤᠷᠠᠵᠦ᠂ ᠮᠠᠨᠵᠦ ᠶᠢᠨ ᠲᠠᠪᠣᠳᠤᠭᠠᠷ | ᠵᠡᠷᠭᠡ ᠠᠴᠠ ᠲᠡᠭᠡᠭᠰᠢᠬᠢ ᠨᠣᠶᠠᠨ ᠪᠣᠯᠣᠨ ᠸᠠᠩ ᠤᠨ ᠬᠠᠭᠠᠯᠭᠠᠨ ᠤ ᠬᠢᠶ᠎ᠡ ᠵᠢᠴᠢ ᠬᠢᠳᠠᠳ ᠨᠣᠶᠠᠳ ᠤᠨ ᠴᠡᠷᠢᠭ ᠤᠨ | ᠭᠠᠪᠢᠶ᠎ᠠ ᠲᠠᠢ ᠬᠦᠮᠤᠰ ᠲᠤ ᠴᠦᠮ ᠱᠠᠩᠨᠠᠵᠦ ᠵᠡᠭᠦᠯᠭᠡᠬᠦ ᠪᠣᠯᠵᠠᠢ᠃ ᠲᠦᠭᠡᠮᠡᠯ ᠡᠯᠪᠡᠭᠳᠤ ᠶᠢᠨ ᠲᠠᠷᠠᠭ᠎ᠠ᠂ ᠲᠠᠪᠣᠳᠤᠭᠠᠷ | ᠵᠡᠷᠭᠡ ᠠᠴᠠ ᠲᠡᠭᠡᠭᠰᠢᠬᠢ ᠨᠣᠶᠠᠨ ᠪᠣᠯ ᠬᠤᠳᠠᠯᠳᠤᠨ ᠠᠪᠴᠦ ᠪᠣᠯᠳᠠᠭ᠃ ᠭᠡᠪᠡᠴᠦ ᠵᠦᠪᠭᠡᠨ ᠨᠢᠭᠡ ᠨᠢᠳᠤᠳᠤ | ᠣᠳᠤᠭ᠎ᠠ ᠪᠠᠷ ᠬᠢᠵᠠᠭᠠᠷᠯᠠᠵᠦ ᠪᠠᠶᠢᠪᠠ᠃ | ᠬᠤᠶᠠᠷ᠂ ᠵᠢᠩᠰᠡ ᠭᠡᠭᠴᠢ ᠴᠢᠩ ᠤᠯᠤᠰ ᠤᠨ ᠦᠶ᠎ᠡ ᠳᠤ ᠨᠣᠶᠠᠳ ᠲᠦᠰᠢᠮᠡᠳ ᠤᠨ ᠵᠡᠷᠭᠡ ᠲᠡᠰ ᠢ ᠢᠯᠭᠠᠬᠤ | ᠮᠠᠯᠠᠭᠠᠢ ᠶᠢᠨ ᠴᠢᠮᠡᠭ᠃ ᠨᠣᠶᠠᠳ ᠤᠨ ᠶᠣᠰᠣᠯᠠᠯ ᠤᠨ ᠮᠠᠯᠠᠭᠠᠢ ᠶᠢᠨ ᠣᠷᠤᠢ ᠲᠡᠭᠡᠷ᠎ᠡ ᠴᠦᠮ ᠤᠯᠠᠭᠠᠨ ᠵᠢᠯᠠᠭ᠎ᠠ ᠲᠠᠢ᠃ | ᠮᠠᠯᠠᠭᠠᠢ ᠶᠢᠨ ᠣᠷᠣᠢ ᠶᠢᠨ ᠲᠡᠭᠡᠷ᠎ᠡ ᠨᠢ ᠰᠣᠪᠣᠳ ᠭᠡᠯᠪᠡᠷᠢᠳᠤ ᠮᠠᠯᠠᠭᠠᠢ ᠶᠢᠨ ᠴᠢᠮᠡᠭ ᠲᠠᠢ᠂ ᠲᠡᠭᠦᠨ ᠢ ᠵᠢᠩᠰᠡ ᠭᠡᠳᠡᠭ | ᠃ ᠭᠤᠤᠯᠳᠠᠭᠤ ᠱᠢᠷᠤ᠂ ᠡᠷᠳᠡᠨᠢ ᠶᠢᠨ ᠴᠢᠯᠠᠭᠤ᠂ ᠭᠠᠤᠯᠢ ᠪᠠᠷ ᠬᠢᠵᠦ᠂ ᠵᠡᠷᠭᠡ ᠭᠡᠷᠬᠡᠮ ᠢᠶᠠᠷ ᠦᠩᠭᠡ ᠢᠯᠭᠠᠵᠦ᠂ | ᠨᠢᠭᠡ᠂ ᠬᠤᠶᠠᠳᠤᠭᠠᠷ ᠲᠡᠰ ᠤᠨ ᠬᠢᠨᠢ ᠤᠯᠠᠭᠠᠨ᠂ ᠭᠤᠷᠪᠠ ᠲᠦᠷᠪᠡᠳᠤᠭᠡᠷ ᠲᠡᠰ ᠤᠨ ᠬᠢᠨᠢ ᠬᠦᠭᠡ᠂ ᠲᠠᠪᠤ | ᠵᠢᠷᠭᠤᠳᠤᠭᠠᠷ ᠲᠡᠰ ᠤᠨ ᠬᠢᠨᠢ ᠴᠠᠭᠠᠨ᠂ ᠵᠢᠷᠭᠤᠳᠤᠭᠠᠷ ᠲᠡᠰ ᠠᠴᠠ ᠲᠣᠷᠣᠭᠰᠢᠬᠢ ᠨᠢ ᠭᠠᠤᠯᠢ ᠶᠢᠨ ᠦᠩᠭᠡ ᠲᠠᠢ᠃ | ᠶᠡᠷᠤ ᠳᠤ ᠪᠠᠨ ᠬᠠᠭᠠᠨ ᠪᠠᠰᠠ ᠨᠣᠶᠠᠨ ᠵᠡᠷᠭᠡ ᠦᠭᠡᠢ ᠬᠦᠮᠤᠨ ᠳᠤ ᠠᠯᠢ ᠨᠢᠭᠡ ᠲᠡᠰ ᠤᠨ ᠵᠢᠩᠰᠡ ᠱᠠᠩᠨᠠᠵᠦ᠂ ᠨᠡᠷ᠎ᠡ | ᠲᠦᠷᠤ ᠣᠯᠭᠤᠬᠤ ᠶᠢ ᠢᠯᠡᠳᠭᠡᠵᠦ ᠪᠠᠶᠢᠳᠠᠭ᠃ ᠲᠣᠣᠷ᠎ᠡ ᠨᠢᠭᠡ ᠲᠡᠰ ᠤᠨ ᠨᠣᠶᠠᠳ ᠲᠤ ᠨᠡᠯᠢᠶᠡᠳ ᠦᠨᠳᠤᠷ | ᠲᠡᠰ ᠤᠨ ᠵᠢᠩᠰᠡ ᠱᠠᠩᠨᠠᠵᠦ ᠦᠷᠤᠰᠢᠶᠡᠯ ᠭᠡᠰᠢᠭ ᠬᠦᠷᠳᠡᠭᠡᠳᠡᠭ᠃ | ᠴᠢᠩ ᠤᠯᠤᠰ ᠤᠨ ᠦᠶ᠎ᠡ ᠳᠤ ᠪᠢᠴᠢᠭ ᠴᠡᠷᠢᠭ ᠤᠨ ᠨᠣᠶᠠᠳ ᠲᠦᠰᠢᠮᠡᠳ ᠤᠨ ᠵᠡᠷᠭᠡ ᠲᠡᠰ ᠢ ᠵᠢᠩᠬᠢᠨᠢ | ᠨᠢᠭᠡᠳᠤᠭᠡᠷ᠂ ᠲᠠᠭᠠᠭᠰᠠᠨ ᠨᠢᠭᠡᠳᠤᠭᠡᠷ ᠠᠴᠠ ᠡᠬᠢᠯᠡᠭᠡᠳ ᠵᠢᠩᠬᠢᠨᠢ ᠶᠢᠰᠤᠳᠤᠭᠡᠷ᠂ ᠲᠠᠭᠠᠭᠰᠠᠨ ᠶᠢᠰᠤᠳᠤᠭᠡᠷ ᠭᠡᠳ | ᠨᠡᠶᠢᠳᠡ ᠠᠷᠪᠠᠨ ᠨᠡᠢᠮᠡᠨ ᠵᠡᠷᠭᠡ ᠶᠢᠨ ᠲᠠᠷᠠᠭᠠᠯᠠᠯ ᠬᠦᠷᠳᠡᠯ᠎ᠡ ᠵᠢᠭᠰᠠᠭᠠᠳᠠᠭ᠃ ᠵᠢᠩᠬᠢᠨᠢ ᠲᠠᠪᠤᠳᠤᠭᠠᠷ ᠪᠢᠴᠢᠭ ᠤᠨ | ᠨᠣᠶᠠᠳ ᠢ ᠨᠢ ᠲᠤᠰᠢᠶᠠᠯ ᠳᠤᠷ ᠬᠢᠴᠢᠶᠡᠩᠭᠦ᠋ᠢᠯᠡᠭᠰᠡᠨ ᠳ᠋ᠠᠶᠢᠪᠠᠩ ᠭᠡᠵᠦ᠂ ᠵᠢᠩᠬᠢᠨᠢ ᠲᠠᠪᠤᠳᠤᠭᠠᠷ ᠴᠡᠷᠢᠭ ᠤᠨ | ᠨᠣᠶᠠᠳ ᠢ ᠴᠤᠭ ᠡᠷᠳᠡᠮᠳᠤ ᠲᠦᠰᠢᠮᠡᠯ ᠭᠡᠵᠦ᠂ ᠲᠠᠭᠠᠭᠰᠠᠨ ᠲᠠᠪᠤᠳᠤᠭᠠᠷ ᠢ ᠨᠢ ᠲᠤᠰᠢᠶᠠᠯ ᠳᠤᠷ ᠭᠡᠷᠡᠭᠯᠡᠭᠳᠡᠭᠰᠡᠨ | ᠳ᠋ᠠᠶᠢᠪᠠᠩ ᠭᠡᠵᠦ᠂ ᠵᠢᠩᠬᠢᠨᠢ ᠵᠢᠷᠭᠤᠳᠤᠭᠠᠷ ᠪᠢᠴᠢᠭ ᠤᠨ ᠨᠣᠶᠠᠨ ᠢ ᠨᠢ ᠲᠤᠰᠢᠶᠠᠯ ᠳᠤᠷ ᠪᠦᠳᠤᠭᠡᠭᠰᠡᠨ ᠲᠦᠰᠢᠮᠡᠯ | ᠭᠡᠵᠦ᠂ ᠵᠢᠩᠬᠢᠨᠢ ᠵᠢᠷᠭᠤᠳᠤᠭᠠᠷ ᠴᠡᠷᠢᠭ ᠤᠨ ᠨᠣᠶᠠᠨ ᠢ ᠨᠢ ᠴᠤᠭ ᠢᠳᠡᠭᠡᠯᠳᠤ ᠲᠦᠰᠢᠮᠡᠯ ᠭᠡᠵᠦ᠂ ᠲᠠᠭᠠᠭᠰᠠᠨ | ᠵᠢᠷᠭᠤᠳᠤᠭᠠᠷ ᠴᠡᠷᠢᠭ ᠤᠨ ᠨᠣᠶᠠᠨ ᠢ ᠨᠢ ᠴᠤᠭ ᠢᠳᠡᠭᠡᠯᠳᠤ ᠲᠤᠰᠠᠯᠠᠭᠰᠠᠨ ᠲᠦᠰᠢᠮᠡᠯ ᠭᠡᠵᠦ ᠲᠤᠰ ᠲᠤᠰ ᠨᠡᠷᠡᠯᠡᠳᠡᠭ | ᠪᠠᠶᠢᠪᠠ᠃ | ᠠᠳᠡ ᠲᠠᠭᠠᠯᠳᠤᠭᠤᠯᠤᠨ ᠲᠡᠮᠳᠡᠭᠯᠡᠬᠦ ᠨᠢ᠂ ᠴᠢᠩ ᠤᠨ ᠲᠦᠷᠤ ᠶᠢᠨ ︽ᠭᠠᠳᠠᠭᠠᠳᠤ ᠮᠣᠩᠭᠤᠯ ᠤᠨ ᠲᠦᠷᠤ ᠶᠢ | ᠵᠠᠰᠠᠬᠤ ᠶᠠᠪᠤᠳᠠᠯ ᠤᠨ ᠶᠠᠮᠤᠨ ᠤ ᠬᠠᠤᠯᠢ ᠵᠦᠢᠯ ᠤᠨ ᠪᠢᠴᠢᠭ︾ ᠤᠨ 89 ᠳ᠋ᠤᠭᠡᠷ ᠵᠦᠢᠯ ᠳᠤ ᠲᠣᠭᠳᠠᠭᠠᠭᠰᠠᠨ ᠢᠶᠠᠷ᠄ | ︽ᠲᠣᠳᠣᠭᠠᠳᠤ ᠭᠠᠳᠠᠭᠠᠳᠤ ᠵᠠᠰᠠᠭ ᠪᠠ ᠵᠢᠴᠢ ᠰᠤᠯᠠ ᠬᠠᠨ᠂ ᠴᠢᠨ ᠸᠠᠩ ᠤᠨ ᠬᠦᠪᠡᠭᠦᠨ ᠢ ᠲᠡᠷᠢᠭᠦᠨ ᠵᠡᠷᠭᠡ ᠶᠢᠨ | ᠲᠠᠶᠢᠵᠢ ᠪᠣᠯᠭ᠎ᠠ᠂ ᠵᠢᠶᠦ᠋ᠨ ᠸᠠᠩ ᠪᠠᠶᠢᠯ᠎ᠡ ᠶᠢᠨ ᠬᠦᠪᠡᠭᠦᠨ ᠢ ᠲᠡᠳ᠋ ᠵᠡᠷᠭᠡ ᠶᠢᠨ ᠲᠠᠶᠢᠵᠢ ᠪᠣᠯᠭ᠎ᠠ᠂ ᠪᠠᠶᠢᠰᠡ | ᠭᠦᠩ ᠤᠨ ᠬᠦᠪᠡᠭᠦᠨ ᠢ ᠭᠤᠳᠠᠭᠠᠷ ᠵᠡᠷᠭᠡ ᠶᠢᠨ ᠲᠠᠶᠢᠵᠢ ᠪᠣᠯᠭ᠎ᠠ᠂ ᠲᠡᠷᠢᠭᠦᠨ ᠵᠡᠷᠭᠡ ᠲᠡᠳ᠋ ᠵᠡᠷᠭᠡ ᠭᠤᠳᠠᠭᠠᠷ ᠵᠡᠷᠭᠡ | ᠲᠦᠳᠤᠭᠡᠷ ᠵᠡᠷᠭᠡ ᠶᠢᠨ ᠲᠠᠶᠢᠵᠢ ᠶᠢᠨ ᠬᠦᠪᠡᠭᠦᠨ ᠢ ᠴᠦᠮ ᠲᠦᠳᠤᠭᠡᠷ ᠵᠡᠷᠭᠡ ᠶᠢᠨ ᠲᠠᠶᠢᠵᠢ ᠪᠣᠯᠭ᠎ᠠ᠃ ᠨᠡᠶᠢᠳᠡᠪᠡᠷ | ᠠᠷᠪᠠᠨ ᠨᠠᠢᠮᠠᠨ ᠨᠠᠰᠤᠨ ᠳᠤᠷ ᠬᠦᠷᠤᠭ᠍ᠰᠡᠨ ᠬᠤᠶᠢᠨ᠎ᠠ ᠢᠯᠭᠠᠨ ᠰᠠᠯᠭᠠᠵᠦ ᠵᠡᠷᠭᠡ ᠣᠯᠭᠤᠯᠤᠭᠳᠤᠨ︾ ᠭᠡᠰᠡᠨ ᠪᠠ | ᠲᠤᠰ ᠨᠣᠮ ᠤᠨ 15 ᠳ᠋ᠤᠭᠠᠷ ᠨᠢᠭᠤᠷ ᠤᠨ ︽ᠲᠠᠶᠢᠵᠢ ᠲᠠᠪᠤᠨᠠᠩ ᠤᠨ ᠵᠢᠩᠰᠡ ᠲᠡᠪᠡᠯ︾ ᠭᠡᠬᠦ ᠪᠦᠯᠤᠭ᠌ ᠲᠤ᠄ ︽ | ᠲᠡᠷᠢᠭᠦᠨ ᠵᠡᠷᠭᠡ ᠶᠢᠨ ᠲᠠᠶᠢᠵᠢ ᠳᠤ ᠪᠠᠳᠮᠠᠷᠠᠭ᠎ᠠ ᠪᠣᠷᠤ ᠤᠯᠠᠭᠠᠨ ᠵᠢᠩᠰᠡ ᠣᠯᠭᠤᠭᠤᠯ᠂ ᠲᠡᠳ᠋ ᠵᠡᠷᠭᠡ ᠶᠢᠨ | ᠲᠠᠶᠢᠵᠢ ᠳᠤ ᠱᠢᠷᠤᠨ ᠤᠯᠠᠭᠠᠨ ᠵᠢᠩᠰᠡ ᠣᠯᠭᠤᠭᠤᠯ᠂ ᠭᠤᠳᠠᠭᠠᠷ ᠵᠡᠷᠭᠡ ᠶᠢᠨ ᠲᠠᠶᠢᠵᠢ ᠳᠤ ᠨᠣᠮᠢᠨ ᠨᠣᠭᠤᠭᠠᠨ | ᠵᠢᠩᠰᠡ ᠣᠯᠭᠤᠭᠤᠯ᠂ ᠲᠦᠳᠤᠭᠡᠷ ᠵᠡᠷᠭᠡ ᠶᠢᠨ ᠲᠠᠶᠢᠵᠢ ᠳᠤ ᠨᠣᠮᠢᠨ ᠬᠦᠭᠡ ᠵᠢᠩᠰᠡ ᠣᠯᠭᠤᠭᠤᠯ︾ ᠭᠡᠵᠦ | ᠲᠣᠭᠳᠠᠭᠠᠭᠰᠠᠨ ᠪᠠᠶᠢᠳᠠᠭ᠃ | ᠵᠣᠬᠢᠶᠠᠭᠴᠢ᠄ ᠨᠤᠷᠪᠤᠪᠠᠽᠠᠷ | ᠨᠠᠶᠢᠷᠠᠭᠤᠯᠤᠭᠴᠢ᠄ ᠨᠠᠷᠠᠨᠮᠠᠨᠳᠤᠯ᠎ᠠ |