ᠮᠤᠩᠭᠤᠯ ᠤᠨ ᠦᠨᠳᠦᠷᠯᠢᠭ ᠪᠤᠯ ᠪᠠᠯᠠᠷ ᠡᠷᠳᠡᠨ ᠤ ᠦᠶ᠎ᠡ ᠠᠴᠠ ᠪᠠᠨ ᠡᠬᠢᠯᠡᠭᠡᠳ ᠲᠠᠪᠤᠨ ᠬᠤᠰᠢᠭᠤ ᠮᠠᠯ ᠤᠨ | ᠠᠷᠠᠴᠢᠯᠠᠭ᠎ᠠ ᠠᠶᠠᠪᠠᠷ ᠢᠶᠠᠨ ᠡᠭᠦᠰᠦᠨ ᠪᠦᠷᠢᠨᠰᠢᠭᠰᠡᠨ ᠰᠤᠷᠪᠤᠯᠵᠢᠯᠭ᠎ᠠ ᠲᠠᠢ ᠰᠤᠶᠤᠯ ᠤᠨ ᠤᠷᠤᠨ ᠪᠤᠯᠤᠨ᠎ᠠ᠃ ᠲᠠᠪᠤᠨ | ᠬᠤᠰᠢᠭᠤ ᠮᠠᠯ ᠤᠨ ᠲᠠᠯᠠᠯᠭ᠎ᠠ ᠪᠤᠯ ᠬᠦᠩᠨᠦ ᠶᠢᠨ ᠦᠶ᠎ᠡ ᠶᠢ ᠲᠠᠮᠵᠢᠨ ᠤᠯᠠᠮᠵᠢᠯᠠᠭᠰᠠᠭᠠᠷ ᠢᠷᠡᠭᠰᠡᠨ᠂ ᠮᠠᠯ ᠠᠬᠤᠢ ᠶᠢᠨ | ᠬᠡᠰᠢᠭ ᠰᠢᠮ᠎ᠡ ᠶᠢᠨ ᠲᠡᠭᠡᠳᠦᠯᠡᠯ ᠬᠢᠭᠡᠳ ᠮᠠᠯ ᠠᠬᠤᠢ ᠪᠤᠯᠤᠨ ᠪᠠᠶᠢᠭᠠᠯᠢ ᠶᠢᠷᠳᠢᠨᠴᠦ ᠶᠢᠨ ᠬᠤᠭᠤᠷᠤᠨᠳᠤᠬᠢ | ᠤᠶᠠᠯᠳᠤᠯ ᠵᠤᠬᠢᠴᠡᠯ ᠳᠤ ᠬᠠᠨᠳᠤᠭᠰᠠᠨ ᠡᠷᠡᠭᠦᠯ ᠪᠦᠳᠦᠨ ᠰᠡᠳᠬᠢᠯ ᠤᠨ ᠲᠡᠭᠡᠳᠦᠯᠡᠯᠭᠡ ᠶᠢᠨ ᠶᠤᠰᠤᠨ ᠪᠤᠯᠬᠤ ᠶᠤᠮ᠃ | ᠬᠦᠮᠦᠨ ᠪᠠᠶᠢᠭᠠᠯᠢ᠂ ᠬᠦᠮᠦᠨ ᠠᠮᠢᠳᠠᠨ ᠤ ᠬᠤᠭᠤᠷᠤᠨᠳᠤᠬᠢ ᠬᠦᠮᠦᠡᠯᠢᠭ ᠶᠤᠰᠤᠨ ᠤ ᠠᠷᠢᠭᠤᠨ ᠤᠬᠠᠮᠰᠠᠷ ᠢ | ᠬᠠᠷᠠᠭᠤᠯᠤᠭᠰᠠᠨ ᠡᠨᠡᠬᠦ ᠬᠦᠨ ᠨᠠᠷᠢᠨ ᠤᠶᠠᠯᠳᠤᠯ ᠲᠠᠢ ᠤᠯᠠᠮᠵᠢᠯᠠᠯᠳᠤ ᠰᠤᠶᠤᠯ ᠤᠨ ᠢᠶᠠᠨ ᠲᠤᠭᠳᠠᠯᠴᠠᠭ᠎ᠠ ᠶᠢ ᠵᠦᠢ | ᠶᠤᠰᠤ ᠪᠠᠷ ᠨᠢ ᠬᠦᠯᠢᠶᠡᠨ ᠠᠪᠴᠦ ᠲᠤᠯᠢᠭᠤᠯᠤᠨ᠂ ᠨᠡᠶᠢᠳᠡ ᠮᠤᠩᠭᠤᠯ ᠤᠨ ᠢᠶᠠᠨ ᠲᠤᠮᠳᠠ ᠰᠡᠷᠭᠦᠭᠡᠨ ᠠᠮᠢᠯᠠᠭᠤᠯᠵᠦ | ᠦᠵᠡᠭᠦᠯᠦᠭᠰᠡᠨ ᠨᠢ ︽ᠪᠤᠷᠤ ᠦᠨᠳᠦᠷ ᠤᠨ ᠮᠤᠩᠭᠤᠯ ᠰᠤᠶᠤᠯ ᠤᠨ ᠬᠦᠷᠢᠶᠡᠯᠡᠩ︾ ᠪᠤᠯᠤᠨ᠎ᠠ᠃ ︽ᠪᠤᠷᠤ | ᠦᠨᠳᠦᠷ ᠤᠨ ᠮᠤᠩᠭᠤᠯ ᠰᠤᠶᠤᠯ ᠤᠨ ᠬᠦᠷᠢᠶᠡᠯᠡᠩ︾ ᠪᠤᠯ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠪᠡᠭᠡᠳᠦ | ᠰᠢᠷ᠎ᠡ ᠬᠤᠰᠢᠭᠤᠨ ᠤ ᠪᠤᠯᠳᠤ ᠭᠠᠴᠠᠭᠠᠨ ᠤ ᠪᠤᠷᠤ ᠦᠨᠳᠦᠷ ᠬᠡᠮᠡᠬᠦ ᠤᠷᠤᠢ ᠳᠤ ᠪᠠᠶᠢᠷᠢᠯᠡᠵᠦ ᠪᠠᠶᠢᠭ᠎ᠠ ᠮᠤᠩᠭᠤᠯ | ᠬᠡᠯᠡᠨ ᠤ ᠦᠰᠦᠭ ᠵᠦᠢ ᠶᠢᠨ ᠶᠤᠰᠤ ᠪᠠᠷ ᠰᠤᠪᠤᠷᠭᠠᠯᠠᠨ ᠪᠤᠰᠬᠠᠭᠰᠠᠨ ᠦᠪᠡᠷᠮᠢᠴᠠ ᠲᠤᠰᠠᠭᠠᠷ ᠤᠨᠴᠠᠯᠢᠭ ᠴᠢᠨᠠᠷ ᠲᠠᠢ | ᠨᠤᠮ ᠰᠤᠶᠤᠯ ᠤᠨ ᠰᠠᠭᠤᠷᠢᠨ ᠪᠤᠯᠤᠨ᠎ᠠ᠃ ᠪᠤᠳᠠᠳᠤ ᠵᠡᠩ ᠦᠢᠯᠡ ᠶᠢ ᠨᠢ ︽ᠲᠤᠮᠳᠠᠳᠤ ᠤᠯᠤᠰ ᠤᠨ ᠮᠤᠩᠭᠤᠯ | ᠰᠤᠶᠤᠯ ᠤᠯᠠᠮᠵᠢᠯᠠᠵᠦ ᠰᠤᠳᠤᠯᠬᠤ ᠰᠠᠭᠤᠷᠢᠨ︾ ᠠᠴᠠ ᠰᠢᠭᠤᠳ ᠭᠠᠷᠳᠠᠨ ᠬᠦᠢᠴᠡᠭᠡᠵᠦ ᠵᠢᠯ ᠪᠤᠯᠭᠠᠨ ᠲᠤᠭᠳᠠᠮᠠᠯ | ᠬᠤᠭᠤᠴᠠᠭ᠎ᠠ ᠲᠠᠢ ᠪᠠᠷ ᠰᠤᠶᠤᠯ᠂ ᠰᠤᠷᠭᠠᠨ ᠬᠦᠮᠦᠵᠢᠯ ᠤᠨ ᠪᠤᠳᠠᠳᠤ ᠠᠵᠢᠯᠯᠠᠭ᠎ᠠ ᠶᠠᠪᠤᠭᠳᠠᠭᠤᠯᠬᠤ ᠪᠠᠷ | ᠲᠠᠮᠵᠢᠭᠤᠯᠤᠨ᠂ ᠮᠤᠩᠭᠤᠯ ᠰᠤᠶᠤᠯ ᠢᠶᠠᠨ ᠰᠡᠷᠭᠦᠭᠡᠨ ᠤᠯᠠᠮᠵᠢᠯᠠᠬᠤ᠂ ᠰᠤᠶᠤᠯ ᠰᠤᠷᠭᠠᠨ ᠬᠦᠮᠦᠵᠢᠯ ᠤᠨ | ᠬᠦᠮᠦᠷᠭᠡ ᠳᠤ ᠪᠤᠳᠠᠳᠤ ᠠᠭᠤᠯᠭ᠎ᠠ ᠨᠡᠮᠡᠷᠢᠯᠡᠬᠦ ᠬᠢᠭᠡᠳ ᠤᠯᠤᠰ ᠤᠨ ᠲᠤᠳᠤᠭᠠᠳᠤ ᠭᠠᠳᠠᠭᠠᠳᠤ ᠡᠯ᠎ᠡ ᠡᠳᠡᠭᠡᠳ ᠤᠨ | ᠰᠤᠶᠤᠯ ᠤᠨ ᠰᠤᠳᠤᠯᠭᠠᠨ ᠳᠤ ᠲᠦᠬᠦᠮ ᠲᠦᠳᠡ ᠦᠵᠡᠬᠦᠯᠬᠦ ᠵᠡᠷᠭᠡ ᠨᠦᠬᠦᠴᠡᠯ ᠪᠤᠯᠤᠮᠵᠢ ᠶᠢ ᠪᠦᠷᠢᠨᠰᠢᠬᠦᠯᠵᠦ | ᠶᠠᠪᠤᠭ᠎ᠠ᠃ ᠠᠭᠠᠷ ᠠᠮᠢᠰᠬᠤᠯ᠂ ᠢᠯᠴᠢ ᠭᠡᠷᠡᠯ᠂ ᠤᠰᠤ᠂ ᠬᠦᠷᠦᠰᠦ ᠪᠤᠯᠤᠨ ᠤᠷᠤᠨ ᠵᠠᠢ ᠪᠤᠯ ᠪᠦᠬᠦ᠋ᠢᠯᠡ ᠠᠮᠢ | ᠨᠠᠰᠤᠨ ᠤ ᠤᠷᠤᠰᠢᠨ ᠲᠤᠭᠳᠠᠨᠢᠯ ᠤᠨ ᠢᠵᠠᠭᠤᠷ ᠲᠠᠪᠤᠨ ᠰᠠᠭᠤᠷᠢ ᠨᠦᠬᠦᠴᠡᠯ ᠪᠤᠯᠬᠤ ᠶᠤᠮ᠃ ᠮᠤᠩᠭᠤᠯᠴᠤᠳ ᠪᠤᠯ | ᠠᠭᠠᠷ ᠠᠮᠢᠰᠬᠤᠯ ᠤᠨ ᠲᠡᠭᠡᠳᠦᠯᠡᠯᠭᠡ ᠠᠴᠠ ᠬᠡᠶᠢᠮᠤᠷᠢ ᠶᠢᠨ ᠰᠤᠶᠤᠯ ᠲᠠᠢ᠂ ᠢᠯᠴᠢ ᠭᠡᠷᠡᠯ ᠤᠨ ᠲᠡᠭᠡᠳᠦᠯᠡᠯᠭᠡ ᠠᠴᠠ | ᠭᠠᠯ ᠤᠨ ᠰᠤᠶᠤᠯ ᠲᠠᠢ᠂ ᠤᠰᠤ ᠲᠡᠭᠡᠳᠦᠯᠡᠯᠭᠡ ᠠᠴᠠ ᠰᠠᠴᠤᠯᠢ ᠶᠢᠨ ᠰᠤᠶᠤᠯ ᠲᠠᠢ᠂ ᠭᠠᠵᠠᠷ ᠲᠡᠭᠡᠳᠦᠯᠡᠯᠭᠡ ᠠᠴᠠ | ᠤᠪᠤᠭᠠᠨ ᠰᠤᠶᠤᠯ ᠲᠠᠢ ᠪᠦᠬᠡᠳ ᠪᠠᠰᠠ ᠤᠷᠤᠨ ᠵᠠᠢ ᠶᠢᠨ ᠲᠡᠭᠡᠳᠦᠯᠡᠯ ᠠᠴᠠ ᠮᠦᠩᠭᠡ ᠲᠡᠭᠷᠢ ᠶᠢᠨ ᠰᠤᠶᠤᠯ ᠲᠠᠢ | ᠤᠭᠰᠠᠭ᠎ᠠ ᠪᠤᠯᠤᠨ᠎ᠠ᠃ ᠮᠤᠩᠭᠤᠯᠴᠤᠳ ᠤᠨ ᠠᠵᠦ ᠠᠮᠢᠳᠤᠷᠠᠯ ᠤᠨ ᠭᠤᠤᠯ ᠲᠦᠰᠢᠯᠴᠡᠭᠡ ᠪᠤᠯᠤᠭᠴᠢ ᠲᠠᠪᠤᠨ | ᠬᠤᠰᠢᠭᠤ ᠮᠠᠯ ᠤᠨ ᠬᠢᠨᠢ ᠢᠮᠠᠭ᠎ᠠ ᠨᠢ ᠪᠠᠰᠠ ᠰᠠᠯᠬᠢᠨ ᠤ ᠤᠨᠴᠠᠯᠢᠭ ᠴᠢᠨᠠᠷ ᠲᠠᠢ ᠤᠶᠠᠯᠳᠤᠨ᠂ ᠮᠤᠷᠢ ᠨᠢ ᠭᠠᠯ ᠤᠨ | ᠤᠨᠴᠠᠯᠢᠭ ᠴᠢᠨᠠᠷ ᠲᠠᠢ ᠤᠶᠠᠯᠳᠤᠨ᠂ ᠬᠤᠨᠢ ᠨᠢ ᠤᠰᠤᠨ ᠤ ᠤᠨᠴᠠᠯᠢᠭ ᠴᠢᠨᠠᠷ ᠲᠠᠢ ᠤᠶᠠᠯᠳᠤᠨ᠂ ᠦᠭᠡᠷ ᠨᠢ | ᠭᠠᠵᠠᠷ ᠤᠨ ᠤᠨᠴᠠᠯᠢᠭ ᠴᠢᠨᠠᠷ ᠲᠠᠢ ᠤᠶᠠᠯᠳᠤᠨ᠂ ᠲᠡᠮᠡᠭᠡ ᠨᠢ ᠪᠦᠬᠦᠳᠡ ᠨᠦᠬᠦᠴᠡᠯ ᠢ ᠠᠬᠤᠭᠤᠯᠤᠭᠰᠠᠨ ᠢᠶᠠᠷ ᠢᠶᠠᠨ | ᠤᠭᠳᠠᠷᠭᠤᠢ ᠶᠢᠨ ᠴᠢᠨᠠᠷ ᠲᠠᠢ ᠤᠶᠠᠯᠳᠤᠵᠦ ᠪᠠᠶᠢᠳᠠᠭ ᠤᠨᠴᠠᠯᠢᠭ ᠲᠠᠢ᠃ ᠲᠠᠯᠠᠯᠭ᠎ᠠ ᠶᠢᠨ ᠰᠤᠶᠤᠯ ᠪᠤᠯ ᠮᠦᠨᠴᠦ | ᠰᠡᠳᠬᠢᠯ ᠮᠡᠳᠡᠷᠡᠮᠵᠢ ᠪᠤᠯᠤᠨ ᠪᠤᠳᠠᠳᠤ ᠠᠬᠤᠢ ᠬᠤᠶᠠᠷ ᠤᠨ ᠤᠶᠠᠯᠳᠤᠯ ᠤᠨ ᠤᠬᠠᠭᠠᠨ ᠪᠤᠯᠬᠤ ᠲᠤᠯᠠ ᠢᠮᠠᠭᠠᠨ | ᠲᠠᠯᠠᠯᠭ᠎ᠠ ᠠᠴᠠ ᠠᠵᠠ ᠬᠡᠶᠢᠮᠤᠷᠢ ᠲᠡᠭᠵᠢᠨ ᠪᠠᠳᠠᠷᠠᠬᠤ᠂ ᠠᠳᠤᠭᠤᠨ ᠲᠠᠯᠠᠯᠭ᠎ᠠ ᠠᠴᠠ ᠰᠦᠭ ᠰᠦᠯᠳᠡ ᠦᠭᠡᠳᠠ | ᠪᠤᠰᠤᠭ᠎ᠠ ᠪᠤᠯᠬᠤ᠂ ᠬᠤᠨᠢᠨ ᠲᠠᠯᠠᠯᠭ᠎ᠠ ᠠᠴᠠ ᠦᠨᠢᠷ ᠦᠰᠭᠦᠯᠡᠩ ᠠᠮᠢᠵᠢᠷᠠᠯ ᠤᠨ ᠰᠢᠮ᠎ᠡ ᠶᠢ ᠤᠯᠬᠤ᠂ ᠦᠭᠡᠷ ᠤᠨ | ᠲᠠᠯᠠᠯᠭ᠎ᠠ ᠠᠴᠠ ᠠᠵᠦ ᠠᠮᠢᠳᠤᠷᠠᠯ ᠪᠠᠳᠤᠵᠢᠨ ᠰᠠᠭᠤᠷᠢᠰᠢᠬᠤ ᠵᠢᠴᠢ ᠲᠡᠮᠡᠭᠡᠨ ᠲᠠᠯᠠᠯᠭ᠎ᠠ ᠠᠴᠠ ᠤᠷᠤᠨ ᠵᠠᠢ | ᠴᠢᠯᠦᠭᠡᠵᠢᠨ ᠲᠦᠭᠡᠨ ᠲᠡᠯᠭᠡᠷᠡᠬᠦ ᠮᠡᠳᠦ ᠶᠢᠨ ᠠᠴᠢ ᠦᠢᠯᠡᠳᠦᠯ ᠨᠦᠭᠦᠳ ᠲᠤ ᠨᠦᠬᠦᠴᠡᠵᠦ ᠪᠤᠯᠳᠠᠭ᠃ | | |