ᠨᠢᠭᠡ᠂ ᠮᠠᠯ ᠤᠨ ᠮᠦᠷ ᠮᠦᠷᠳᠡᠬᠦ ᠤᠬᠠᠭᠠᠨ ᠤ ᠪᠦᠷᠢᠯᠳᠤᠯ ᠴᠠᠭ ᠦᠶ᠎ᠡ | ᠤᠮᠠᠷᠠᠳᠤ ᠶᠢᠨ ᠦᠨᠳᠤᠰᠤᠲᠡᠨ ᠤ ᠠᠮᠢᠳᠤᠷᠠᠯ ᠤᠨ ᠠᠮᠢᠳᠤ ᠲᠡᠥᠭᠡ ᠶᠢᠨ ᠵᠢᠷᠤᠭ ᠲᠡᠮᠲᠡᠭᠯᠡᠯ ᠪᠣᠯᠬᠤ ᠬᠠᠳᠠᠨ | ᠵᠢᠷᠤᠭ ᠲᠤ ᠬᠦᠮᠦᠨ ᠠᠮᠢᠲᠠᠨ ᠤ ᠮᠦᠷ ᠤᠨ ᠲᠣᠬᠠᠢ ᠲᠤᠰᠬᠠᠢ ᠬᠠᠳᠠᠨ ᠵᠢᠷᠤᠭ ᠵᠦᠩᠳᠡᠭᠡᠨ ᠪᠠᠶᠢᠳᠠᠭ᠃ | ᠮᠣᠩᠭᠤᠯᠴᠤᠳ ᠤᠨ ᠡᠨᠡᠬᠦ ᠲᠠᠪᠤᠨ ᠬᠤᠰᠢᠭᠤ ᠮᠠᠯ ᠤᠨ ᠮᠦᠷ ᠮᠣᠰᠭᠢᠬᠦ᠂ ᠮᠦᠷᠳᠡᠨ ᠬᠦᠭᠡᠭᠡᠬᠦ ᠠᠷᠭ᠎ᠠ ᠨᠢ ᠮᠠᠰᠢ | ᠡᠷᠲᠡᠨ ᠤ ᠦᠶ᠎ᠡ ᠳᠤ ᠪᠠᠶᠢᠯ᠎ᠠ ᠭᠡᠳᠡᠭ ᠢ ᠲᠤᠯᠭᠤᠷ ᠪᠢᠴᠢᠭ ᠪᠣᠯᠬᠤ ︽ᠮᠣᠩᠭᠤᠯ ᠤᠨ ᠨᠢᠭᠤᠴᠠ ᠲᠣᠪᠴᠢᠶᠠᠨ︾ ᠳᠤ | ᠲᠣᠳᠤᠷᠬᠠᠢ ᠲᠡᠮᠲᠡᠭᠯᠡᠭᠡᠰᠤᠲᠡᠢ᠃ ᠵᠢᠱᠢᠶᠡᠯᠡᠪᠡᠯ᠂ ᠲᠠᠶᠢᠴᠢᠭᠤᠳ ᠮᠠᠨᠰᠠᠩ ᠤᠨ ᠰᠢᠨ᠎ᠡ ᠪᠠᠷ ᠣᠷᠴᠢᠭᠤᠯᠵᠤ | ᠲᠠᠶᠢᠯᠪᠤᠷᠢᠯᠠᠭᠰᠠᠨ ︽ᠮᠣᠩᠭᠤᠯ ᠤᠨ ᠨᠢᠭᠤᠴᠠ ᠲᠣᠪᠴᠢᠶᠠᠨ︾ ᠤ 50 ᠨᠢᠭᠤᠷ ᠪᠠ 52 ᠨᠢᠭᠤᠷ᠂ 53 | ᠨᠢᠭᠤᠷ ᠲᠤ ᠰᠤᠷᠬᠠᠨ ᠰᠢᠷ᠎ᠠ ᠠᠴᠠ ︽ᠬᠦᠮᠤᠨ ᠪᠦᠷᠢ ᠶᠠᠪᠤᠭᠰᠠᠨ ᠮᠦᠷ ᠢᠶᠠᠷ ᠢᠶᠠᠨ ᠭᠡᠳᠡᠷᠬᠦ ᠶᠠᠪᠤᠵᠤ᠂ ᠨᠡᠩᠵᠢᠭᠰᠡᠨ | ᠦᠭᠡᠢ ᠭᠠᠵᠠᠷ ᠢᠶᠠᠷ ᠳᠠᠬᠢᠨ ᠰᠢᠭᠦᠵᠦ ᠦᠵᠡᠶ᠎ᠡ︾ ᠭᠡᠰᠡᠨ ᠪᠠ ᠲᠡᠮᠤᠵᠢᠨ ᠳᠠᠶᠢᠴᠢᠭᠤᠳ ᠠᠴᠠ ᠳᠤᠲᠠᠭᠠᠵᠤ | ᠭᠠᠷᠤᠭᠠᠳ ᠤᠷᠢᠳᠤ ᠶᠢᠨ ᠰᠢᠪᠡᠭᠡᠯᠡᠨ ᠬᠤᠷᠤᠭᠠᠯᠠᠭᠰᠠᠨ ᠭᠠᠵᠠᠷ ᠲᠠᠭᠠᠨ ᠬᠦᠷᠴᠦ ᠡᠪᠡᠰᠤᠨ ᠤ ᠨᠠᠯᠤᠷᠬᠠᠢ ᠪᠠᠷ ᠣᠨᠤᠨ | ᠮᠦᠷᠡᠨ ᠦᠭᠡᠳᠡ ᠮᠣᠰᠬᠢᠵᠤ᠂ ᠪᠠᠷᠠᠭᠤᠨ ᠠᠴᠠ ᠬᠢᠮᠤᠷᠠᠭ᠎ᠠ ᠭᠤᠷᠤᠬᠠᠨ ᠳᠤ ᠬᠦᠷᠴᠦ ᠢᠷᠡᠪᠡ᠃ ᠲᠡᠨᠳᠡ ᠠᠴᠠ | ᠬᠢᠮᠤᠷᠠᠭ᠎ᠠ ᠭᠤᠷᠤᠬᠠᠨ ᠤ ᠦᠭᠡᠳᠡ ᠦᠭᠰᠤᠵᠦ᠂ ᠪᠠᠳᠠᠷ ᠬᠤᠰᠢᠭᠤᠨ ᠤ ᠬᠤᠷᠴᠤᠬᠠᠢ ᠪᠣᠯᠳᠠᠭ ᠲᠤ ᠡᠵᠢ ᠳᠡᠭᠦᠦ | ᠨᠠᠷ ᠲᠠᠢ ᠪᠠᠨ ᠤᠴᠠᠷᠠᠪᠠ᠃ ᠲᠡᠮᠤᠵᠢᠨ ᠠᠴᠠ ︽ᠲᠠᠨᠠᠷ ᠴᠢᠳᠠᠬᠤ ᠦᠭᠡᠢ᠂ ᠪᠢ ᠨᠡᠭᠡᠶᠡ︾ ᠭᠡᠳ ᠣᠭᠤᠳᠤᠷ ᠳᠡᠷᠬᠢ | ᠬᠤᠩᠭᠤᠷ ᠢᠶᠠᠨ ᠤᠨᠤᠭᠠᠳ ᠰᠢᠷᠭ᠎ᠠ ᠠᠭᠲᠠ ᠪᠠᠨ ᠡᠪᠡᠰᠤᠨ ᠤ ᠨᠠᠯᠤᠷᠬᠠᠢ ᠪᠠᠷ ᠮᠣᠰᠬᠢᠨ ᠭᠤᠷᠪᠠᠨ ᠬᠤᠨᠤᠭ ᠶᠠᠪᠤᠵᠤ | ᠨᠢᠭᠡᠨ ᠦᠷᠯᠤᠭᠡ ᠵᠠᠮ ᠳᠤ ᠳᠣᠬᠢᠶᠠᠯᠳᠤᠭᠰᠠᠨ ᠣᠯᠠᠨ ᠠᠳᠤᠭᠤᠨ ᠳᠡᠭᠡᠷ᠎ᠡ ᠬᠦᠷᠤᠭ᠍ᠰᠡᠨ ᠳᠤ ᠨᠢᠭᠡᠨ ᠭᠤᠶᠤᠮᠰᠤᠭ | ᠬᠦᠪᠡᠭᠦᠨ ᠭᠡᠬᠦᠣ ᠰᠠᠭᠠᠵᠤ ᠪᠠᠶᠢᠪᠠ᠃ ᠲᠡᠷᠡ ᠬᠡᠥᠭᠡᠳ ᠲᠠᠢ ᠵᠣᠯᠭᠠᠵᠤ ᠰᠢᠷᠭ᠎ᠠ ᠠᠭᠲᠠ ᠪᠠᠨ ᠰᠤᠷᠠᠭᠯᠠᠭᠰᠠᠨ ᠳᠤ᠂ | ᠲᠡᠷᠡ ᠬᠦᠪᠡᠭᠦᠨ ᠦᠭᠦᠯᠡᠷᠤᠨ ︽ᠡᠨᠡ ᠦᠷᠯᠦᠭᠡ ᠨᠠᠷᠠ ᠪᠢᠲᠡᠭᠦᠦ ᠪᠠᠷ ᠨᠠᠢᠮᠠᠨ ᠰᠢᠷᠭ᠎ᠠ ᠠᠭᠲᠠ ᠶᠢ ᠡᠭᠦᠪᠡᠷ | ᠲᠠᠭᠤᠵᠤ ᠭᠠᠷᠪᠠ᠃ ᠪᠢ ᠮᠦᠷ ᠢ ᠨᠢ ᠵᠢᠭᠠᠵᠤ ᠦᠭᠭᠦᠶ᠎ᠡ᠃ ᠲᠡᠭᠡᠭᠡᠳ ᠪᠣᠭᠤᠷᠴᠤ ᠲᠠᠢ ᠬᠠᠮᠲᠤ ᠮᠣᠷᠳᠠᠵᠤ᠂ ᠰᠢᠷᠭ᠎ᠠ | ᠮᠣᠷᠢᠳ ᠤᠨ ᠮᠦᠷ ᠢ ᠮᠣᠰᠬᠢᠵᠤ ᠁︾ ᠭᠡᠵᠡᠢ᠃ ᠡᠭᠦᠨ ᠠᠴᠠ ᠦᠵᠡᠭᠦᠯ᠎ᠡ ᠮᠣᠩᠭᠤᠯᠴᠤᠳ ᠤᠨ ᠮᠦᠷ | ᠮᠦᠷᠳᠡᠬᠦ ᠪᠣᠶᠤ ᠮᠦᠷ ᠮᠦᠷᠳᠡᠬᠦ ᠤᠬᠠᠭᠠᠨ ᠶᠣᠰᠤ ᠨᠢᠭᠡᠨᠲᠡ ᠠᠯᠢ ᠬᠡᠳᠦ᠋ᠢᠨ ᠠᠴᠠ ᠪᠣᠯᠪᠠᠰᠤᠷᠠᠨ ᠲᠡᠭᠦᠯᠳᠡᠷᠵᠢᠵᠤ᠂ | ᠨᠢᠭᠡᠲᠤᠮᠡᠯ ᠮᠣᠩᠭᠤᠯ ᠪᠦᠷᠢᠯᠳᠤᠬᠦ 13 ᠳ᠋ᠤᠭᠠᠷ ᠵᠠᠭᠤᠨ ᠠᠴᠠ ᠬᠤᠯᠠ ᠡᠮᠤᠨ᠎ᠡ ᠬᠡᠷᠡᠭᠯᠡᠵᠦ ᠪᠠᠶᠢᠭᠰᠠᠨ ᠪᠦᠭᠡᠳ | ᠨᠢᠭᠡᠨᠲᠡ ᠪᠣᠯᠪᠠᠰᠤᠷᠠᠯ᠎ᠠ ᠭᠡᠳᠡᠭ ᠢ ᠮᠦᠷ ᠮᠦᠷᠳᠡᠬᠦ ᠮᠡᠷᠭᠡᠵᠢᠯ ᠤᠨ ᠭᠡᠮᠵᠢᠶᠡᠨ ᠠᠴᠠ ᠬᠠᠷᠠᠭᠤᠯᠵᠠᠢ᠃ ᠰᠠᠶᠢᠰᠢᠶᠠᠯ ᠤᠨ | ᠲᠣᠭᠤᠷᠪᠢᠭᠰᠠᠨ ︽ᠴᠢᠩᠬᠢᠰ ᠬᠠᠭᠠᠨ ᠤ ᠲᠣᠪᠴᠢᠶᠠᠨ︾ ᠤ ᠳᠡᠭᠡᠳᠤ ᠲᠡᠪᠲᠡᠷ ᠤᠨ 533 ᠨᠢᠭᠤᠷ ᠲᠤ ︽ | ᠲᠣᠬᠠᠢ ᠶᠢᠨ ᠦᠶ᠎ᠡ ᠳᠤ ᠮᠣᠩᠭᠤᠯᠴᠤᠳ ᠲᠠᠯ᠎ᠠ ᠲᠦᠭᠦᠷᠡᠩ ᠪᠡᠯᠴᠢᠭᠰᠡᠨ ᠲᠠᠪᠤᠨ ᠬᠤᠰᠢᠭᠤ ᠮᠠᠯ ᠲᠠᠢ ᠪᠠᠶᠢᠭᠰᠠᠨ ᠢᠶᠠᠷ | ᠦᠯᠤ ᠪᠠᠷᠠᠮ᠂ ᠮᠠᠯ ᠰᠦᠷᠦᠭ ᠢᠶᠠᠨ ᠡᠵᠡᠩᠨᠡᠨ ᠬᠠᠮᠢᠶᠠᠷᠬᠤ ᠠᠷᠭ᠎ᠠ ᠶᠢᠨ ᠲᠠᠯ᠎ᠠ ᠪᠠᠷ ᠴᠤ ᠨᠡᠯᠢᠶᠡᠳ ᠦᠨᠳᠤᠷ | ᠬᠡᠮᠵᠢᠶᠡᠨ ᠳᠤ ᠬᠦᠷᠴᠡᠢ᠃ ᠶᠠᠭᠤᠨ ᠤ ᠤᠷᠢᠳ᠂ ᠡᠯ᠎ᠡ ᠲᠦᠷᠤᠯ ᠤᠨ ᠮᠠᠯ ᠢ ᠵᠦᠢᠯ ᠲᠦᠷᠤᠯ ᠢᠶᠠᠷ ᠨᠢ ᠠᠰ | ᠠᠰ ᠲᠤᠨᠢ ᠮᠠᠯᠵᠢᠳᠠᠭ ᠪᠦᠭᠡᠳ ᠠᠵᠢᠯ ᠤᠨ ᠬᠤᠪᠢᠶᠠᠷᠢ ︵ᠲᠡᠮᠡᠭᠡᠴᠢᠨ᠂ ᠠᠳᠤᠭᠤᠴᠢᠨ᠂ ᠬᠤᠨᠢᠴᠢᠨ᠂ ᠦᠭᠡᠷᠴᠢᠨ︶ | ᠲᠠᠢ ᠪᠠᠶᠢᠭᠰᠠᠨ᠃ ᠬᠤᠶᠠᠷ ᠳᠤ᠂ ᠪᠡᠯᠴᠢᠭᠡᠷ ᠢ ᠲᠣᠬᠢᠷᠠᠭᠤᠯᠬᠤ ᠠᠰᠢᠭᠯᠠᠬᠤ ᠲᠠᠯ᠎ᠠ ᠪᠠᠷ ᠮᠠᠰᠢ ᠪᠠᠶᠠᠯᠢᠭ | ᠲᠣᠷᠰᠢᠯᠭ᠎ᠠ ᠲᠠᠢ ᠪᠠᠶᠢᠪᠠ᠃ ᠭᠤᠷᠪᠠ ᠳᠤ᠂ ᠮᠠᠯ ᠢ ᠡᠳ᠋ᠯᠡᠵᠦ ᠬᠡᠷᠡᠭᠯᠡᠬᠦ ᠮᠡᠷᠭᠡᠵᠢᠯ ᠪᠠ ᠮᠠᠯ ᠠᠵᠦ ᠠᠬᠤᠢ ᠶᠢᠨ ᠠᠰᠢᠭ | ᠰᠢᠮ᠎ᠡ ᠶᠢ ᠪᠣᠯᠪᠠᠰᠤᠷᠠᠭᠤᠯᠬᠤ ᠮᠡᠷᠭᠡᠵᠢᠯ ᠤᠨ ᠲᠠᠯ᠎ᠠ ᠪᠠᠷ ᠴᠤ ᠨᠡᠯᠢᠶᠡᠳ ᠦᠨᠳᠤᠷ ᠬᠡᠮᠵᠢᠶᠡᠨ ᠳᠤ ᠬᠦᠷᠴᠡᠢ︾ ᠭᠡᠵᠡᠢ᠃ | ᠲᠠᠪᠤᠨ ᠬᠤᠰᠢᠭᠤ ᠮᠠᠯ ᠨᠢ ᠮᠣᠩᠭᠤᠯᠴᠤᠳ ᠤᠨ ᠠᠵᠦ ᠠᠬᠤᠢ ᠶᠢᠨ ᠠᠮᠢᠨ ᠰᠤᠳᠠᠰᠤ ᠪᠣᠯᠵᠤ᠂ ᠠᠷᠤ ᠲᠠᠯ᠎ᠠ ᠶᠢᠨ | ᠠᠤᠭ᠎ᠠ ᠶᠡᠭᠡ ᠲᠦᠰᠢᠭ ᠲᠤᠯᠭᠤᠷ ᠪᠣᠯᠵᠤ ᠪᠠᠶᠢᠯ᠎ᠠ ᠭᠡᠳᠡᠭ ᠢ ᠳᠡᠯᠡᠭᠡᠢ ᠶᠢᠨ ᠬᠡᠪᠴᠢᠶᠡᠨ ᠳᠤ ᠣᠳᠤᠬᠢ ᠡᠷᠳᠡᠮᠲᠡᠨ | ᠮᠡᠷᠭᠡᠳ ᠶᠡᠬᠡᠪᠡᠷ ᠰᠣᠳᠤᠯᠵᠤ ᠪᠠᠶᠢᠨ᠎ᠠ᠃ ᠶᠠᠫᠤᠨ ᠤ ᠦᠮᠡᠶᠢᠰᠡᠥ᠂ ᠲᠠᠳᠠᠥ ᠶᠢᠨ ᠵᠣᠬᠢᠶᠠᠭᠰᠠᠨ ︽ᠮᠣᠩᠭᠤᠯᠴᠤᠳ ᠤᠨ | ᠨᠡᠭᠦᠳᠡᠯ ᠤᠨ ᠰᠣᠶᠣᠯ ᠤᠨ ᠲᠣᠬᠠᠢ ᠠᠮᠢ ᠠᠬᠤᠢ ᠤᠭᠰᠠᠭᠠᠲᠠᠨ ᠤ ᠵᠦᠢ ᠶᠢᠨ ᠰᠣᠳᠤᠯᠤᠯ︾ ᠭᠡᠬᠦ ᠨᠣᠮ ᠤᠨ 50 | ᠳ᠋ᠤᠭᠠᠷ ᠨᠢᠭᠤᠷ ᠲᠤ ︽ᠨᠡᠭᠦᠳᠡᠯ ᠮᠠᠯᠵᠢᠯ ᠤᠨ ᠢᠷᠡᠯᠲᠡ ᠪᠣᠯ ᠤᠮᠠᠷᠠᠳᠤ ᠶᠢᠨ ᠣᠢ ᠰᠢᠭᠤᠢ ᠠᠴᠠ ᠭᠠᠷᠴᠤ ᠢᠷᠡᠭᠰᠡᠨ | ᠠᠩ ᠭᠦᠷᠤᠭᠡ ᠬᠢᠳᠡᠭ ᠠᠷᠠᠳ᠂ ᠲᠠᠯ᠎ᠠ ᠭᠠᠵᠠᠷ ᠡᠷᠬᠢᠴᠡᠬᠦ ᠰᠦᠷᠤᠭ᠍ᠯᠡᠨ ᠠᠮᠢᠳᠤᠷᠠᠳᠠᠭ ᠲᠣᠭᠤᠷᠠᠶᠢᠲᠤ ᠠᠮᠢᠲᠠᠨ ᠤ | ᠰᠦᠷᠦᠭ ᠲᠠᠢ ᠬᠠᠮᠳᠤ ᠪᠠᠷ ᠣᠷᠤᠰᠢᠬᠤ ᠬᠠᠷᠢᠴᠠᠭ᠎ᠠ ᠪᠠᠶᠢᠭᠤᠯᠤᠨ᠂ ᠠᠮᠢᠲᠠᠨ ᠤ ᠰᠦᠷᠦᠭ ᠤᠨ ᠨᠡᠭᠦᠳᠡᠯᠯᠡᠬᠦ ᠶᠢ | ᠳᠠᠭᠠᠵᠤ ᠬᠦᠮᠦᠨ ᠨᠢ ᠴᠦ ᠨᠡᠭᠦᠳᠡᠯᠯᠡᠬᠦ ᠪᠣᠯᠵᠤ ᠢᠷᠡᠭᠰᠡᠨ ᠁ ᠬᠡᠷᠪᠡ ᠨᠡᠭᠦᠳᠡᠯ ᠮᠠᠯᠵᠢᠯ ᠤᠨ ᠢᠷᠡᠯᠲᠡ ᠶᠢ | ᠮᠣᠩᠭᠤᠯ ᠤᠨ ᠲᠠᠯ᠎ᠠ ᠭᠠᠵᠠᠷ ᠠᠴᠠ ᠡᠬᠢᠯᠡᠭᠰᠡᠨ ᠭᠡᠵᠦ ᠪᠣᠳᠤᠪᠠᠯ ᠬᠤᠨᠢ ᠪᠣᠶᠤ ᠮᠣᠷᠢ ᠪᠣᠯᠬᠤ ᠪᠣᠯᠤᠯᠴᠠᠭ᠎ᠠ ᠪᠣᠢ᠃ | ᠬᠤᠨᠢᠨ ᠤ ᠵᠡᠷᠯᠢᠭ ᠲᠦᠷᠤᠯ ᠢ ᠮᠡᠳᠡᠭᠡ ᠦᠭᠡᠢ ᠪᠣᠯᠪᠠᠴᠤ᠂ ᠲᠡᠮᠡᠭᠡ᠂ ᠮᠣᠷᠢᠨ ᠤ ᠵᠡᠷᠯᠢᠭ ᠲᠦᠷᠤᠯ ᠣᠷᠤᠰᠢᠵᠤ | ᠪᠠᠶᠢᠬᠤ ᠶᠢ ᠮᠡᠳᠡᠵᠤ ᠪᠠᠶᠢᠬ᠎ᠠ᠃ ᠮᠣᠩᠭᠤᠯ ᠦᠬᠡᠷ ᠤᠨ ᠤᠭ ᠲᠦᠷᠤᠯ ᠬᠠᠮᠢᠭ᠎ᠠ ᠠᠴᠠ ᠢᠷᠡᠭᠰᠡᠨ ᠪᠣᠯ︖ ᠡᠨᠡ ᠨᠢ | ᠮᠦᠨ ᠮᠡᠳᠡᠭᠡᠳᠤᠢ ᠵᠦᠢᠯ ᠪᠢᠯᠡ ᠁︾ ᠭᠡᠵᠡᠢ᠃ | ᠬᠤᠶᠠᠷ᠂ ᠲᠠᠪᠤᠨ ᠬᠤᠰᠢᠭᠤ ᠮᠠᠯ ᠤᠨ ᠮᠦᠷᠳᠡᠯᠲᠡ ᠶᠢᠨ ᠤᠬᠠᠭᠠᠨ | ᠮᠣᠩᠭᠤᠯᠴᠤᠳ ᠤᠨ ᠲᠠᠪᠤᠨ ᠬᠤᠰᠢᠭᠤ ᠮᠠᠯ ᠭᠡᠳᠡᠭ ᠨᠢ ᠳᠠᠷᠤᠢ ᠠᠳᠤᠭᠤ᠂ ᠲᠡᠮᠡᠭᠡ᠂ ᠦᠬᠡᠷ᠂ ᠬᠤᠨᠢ᠂ | ᠢᠮᠠᠭ᠎ᠠ ᠵᠡᠷᠭᠡ ᠪᠣᠯᠤᠨ᠎ᠠ᠃ ᠡᠭᠦᠨ ᠳᠤ ᠮᠣᠷᠢᠨ ᠤ ᠬᠦᠯ ᠤᠨ ᠬᠠᠮᠤᠭ ᠳᠣᠣᠷᠠᠬᠢ ᠡᠪᠡᠷᠯᠢᠭ ᠬᠡᠰᠡᠭ ᠢ ᠲᠣᠭᠤᠷᠠᠢ | ᠭᠡᠵᠦ᠂ ᠲᠡᠮᠡᠭᠡᠨ ᠤ ᠰᠢᠬᠢᠷ᠎ᠡ ᠶᠢᠨ ᠬᠠᠮᠤᠭ ᠳᠣᠣᠷᠠᠬᠢ ᠬᠡᠰᠡᠭ ᠢ ᠲᠠᠪᠠᠭ ᠭᠡᠵᠦ᠂ ᠦᠬᠡᠷ᠂ ᠬᠤᠨᠢ᠂ ᠢᠮᠠᠭᠠᠨ ᠤ | ᠰᠢᠬᠢᠷ᠎ᠡ ᠶᠢᠨ ᠬᠠᠮᠤᠭ ᠳᠣᠣᠷᠠᠬᠢ ᠡᠪᠡᠷᠯᠢᠭ ᠰᠠᠯᠠᠭᠠᠲᠤ ᠬᠡᠰᠡᠭ ᠢ ᠬᠤᠬᠢᠰᠤ ᠭᠡᠳᠡᠭ᠃ ᠮᠣᠩᠭᠤᠯᠴᠤᠳ ᠤᠨ ᠮᠦᠷ | ᠮᠦᠷᠳᠡᠬᠦ ᠤᠬᠠᠭᠠᠨ ᠪᠣᠯ ᠳᠠᠷᠤᠢ᠂ ᠲᠣᠭᠤᠷᠠᠢ᠂ ᠲᠠᠪᠠᠭ᠂ ᠬᠤᠭᠢᠰᠤ ᠶᠢᠨ ᠭᠠᠵᠠᠷ ᠤᠨ ᠬᠦᠷᠤᠰᠤᠨ ᠳᠤ | ᠦᠯᠡᠳᠡᠭᠡᠭᠰᠡᠨ ᠳᠤᠭᠲᠠᠭᠰᠠᠨ ᠳᠦᠷᠰᠤ ᠪᠠᠶᠢᠳᠠᠯ ᠤᠨ ᠤᠯᠠ ᠮᠦᠷ ᠤᠨ ᠬᠡᠪ ᠵᠢᠷᠤᠭ ᠪᠣᠶᠤ ᠬᠡᠮᠵᠢᠶᠡᠲᠤ ᠣᠷᠤᠢ | ᠮᠦᠷ ᠢ ᠦᠨᠳᠤᠰᠤᠯᠡᠨ᠂ ᠲᠣᠬᠠᠢ ᠶᠢᠨ ᠤᠯᠠ ᠮᠦᠷ ᠢ ᠦᠯᠡᠳᠡᠭᠡᠭᠰᠡᠨ ᠮᠠᠯ ᠤᠨ ᠨᠠᠰᠤ ᠵᠢᠯ᠂ ᠲᠠᠷᠭᠤᠨ ᠡᠴᠡᠩᠬᠡᠢ᠂ | ᠨᠠᠰᠤᠨ ᠤ ᠶᠡᠭᠡ ᠪᠠᠭ᠎ᠠ ᠵᠠᠯᠠᠭᠤ ᠬᠦᠭᠰᠢᠨ᠂ ᠪᠡᠶ᠎ᠡ ᠪᠢᠯᠳᠡᠷ ᠢ ᠤᠨᠤᠭᠠᠨ ᠲᠠᠨᠢᠬᠤ ᠤᠬᠠᠭᠠᠨ ᠮᠦᠨ᠃ ᠮᠣᠩᠭᠤᠯᠴᠤᠳ | ᠮᠠᠯ ᠤᠨ ᠲᠣᠭᠤᠷᠠᠢ᠂ ᠲᠠᠪᠠᠭ᠂ ᠬᠤᠭᠢᠰᠤ ᠶᠢᠨ ᠦᠯᠡᠳᠡᠭᠡᠭᠰᠡᠨ ᠤᠯᠠ ᠮᠦᠷ ᠤᠨ ᠶᠡᠭᠡ ᠪᠠᠭ᠎ᠠ᠂ ᠨᠢᠭᠡ ᠮᠠᠯ ᠤᠨ | ᠲᠤᠰ ᠪᠡᠶ᠎ᠡ ᠶᠢᠨ ᠬᠢᠨᠢ ᠳᠦᠷᠪᠡᠨ ᠲᠤᠭᠤᠷᠠᠢ ᠪᠣᠶᠤ ᠲᠦᠷᠪᠡᠨ ᠲᠠᠪᠠᠭ᠂ ᠲᠦᠷᠪᠡᠨ ᠬᠤᠭᠢᠰᠤ ᠶᠢᠨ ᠠᠳᠠᠯᠢ ᠪᠣᠰᠤ | ᠣᠨᠴᠠᠭᠠᠢ ᠣᠨᠴᠠᠯᠢᠭ᠂ ᠡᠮᠤᠨ᠎ᠡ ᠬᠤᠶᠢᠨᠠᠬᠢ ᠬᠦᠯ ᠤᠨ ᠮᠦᠷ ᠤᠨ ᠬᠤᠭᠤᠷᠤᠨᠳᠤᠬᠢ ᠵᠠᠢ ︵ᠬᠤᠶᠢᠨᠠᠬᠢ ᠬᠦᠯ ᠤᠨ | ᠮᠦᠷ ᠨᠢ ᠡᠮᠦᠨᠡᠬᠢ ᠬᠦᠯ ᠤᠨ ᠮᠦᠷ ᠳᠡᠭᠡᠷ᠎ᠡ ᠲᠠᠪᠬᠤᠷᠯᠠᠵᠤ ᠬᠢᠰᠬᠢᠵᠤ ᠭᠠᠷᠤᠭᠰᠠᠨ ᠵᠢᠰᠢᠭᠦᠦ ᠵᠦᠷᠢᠭᠦᠯᠦᠭᠰᠡᠨ ᠵᠠᠢ᠂ | ᠠᠰ ᠠᠷᠤ ᠳᠤᠨᠢ ᠪᠠᠶᠢᠭ᠎ᠠ ᠵᠠᠢ᠂ ᠬᠤᠶᠢᠨᠠᠬᠢ ᠬᠦᠯ ᠨᠢ ᠡᠮᠤᠨᠡᠬᠢ ᠬᠦᠯ ᠤᠨ ᠮᠦᠷ ᠳᠡᠭᠡᠷ᠎ᠡ ᠬᠢᠰᠬᠢᠵᠦ ᠭᠦᠢᠴᠡᠳ | ᠳᠠᠪᠬᠤᠷᠯᠠᠵᠤ ᠭᠠᠷᠤᠭᠰᠠᠨ ᠵᠠᠢ︶ ᠪᠣᠶᠤ ᠨᠢᠭᠡᠮᠰᠤᠨ ᠠᠷᠤ ᠬᠦᠯ ᠤᠨ ᠮᠦᠷ ᠡᠮᠤᠨ᠎ᠡ ᠬᠦᠯ ᠤᠨ ᠮᠦᠷ ᠲᠠᠢ ᠭᠠᠳᠠᠭᠤᠷ | ᠲᠠᠯ᠎ᠠ ᠪᠠᠷ ᠪᠠᠷᠤᠭ ᠵᠡᠷᠭᠡᠴᠡᠨ ᠭᠠᠷᠤᠭᠰᠠᠨ ᠤᠯᠠ ᠮᠦᠷ᠂ ᠬᠤᠭᠢᠰᠣ ᠶᠢᠨ ᠰᠠᠯᠠᠭᠠᠨ ᠤ ᠣᠷᠭᠤᠴᠠ ᠶᠢᠨ ᠲᠡᠭᠰᠢ | ᠪᠣᠰᠤ ᠠᠴᠠ ᠪᠣᠯᠵᠤ ᠦᠯᠡᠳᠡᠭᠡᠭᠰᠡᠨ ᠤᠯᠠ ᠮᠦᠷ᠂ ᠲᠠᠪᠠᠭ ᠤᠨ ᠶᠡᠭᠡ ᠪᠠᠭ᠎ᠠ ᠪᠠ ᠲᠠᠪᠠᠭ ᠤᠨ ᠬᠤᠸᠠᠷ ᠤᠨ ᠠᠳᠠᠯᠢ | ᠪᠣᠰᠤ ᠠᠴᠠ ᠪᠣᠯᠵᠤ ᠭᠠᠵᠠᠷ ᠤᠨ ᠭᠠᠳᠠᠷᠭᠤ ᠳᠤ ᠪᠦᠷᠢᠯᠳᠤᠭ᠍ᠰᠡᠨ ᠤᠯᠠ ᠮᠦᠷ᠂ ᠰᠢᠷᠡᠭᠡ ᠪᠦᠬᠦ᠂ ᠠᠶᠠᠰ ᠪᠦᠬᠦ᠂ | ᠰᠣᠯᠪᠢ ᠪᠦᠬᠦ ᠠᠴᠠ ᠰᠢᠯᠲᠠᠭᠠᠯᠠᠵᠤ ᠦᠯᠡᠳᠡᠭᠰᠡᠨ ᠲᠠᠪᠠᠭ ᠤᠨ ᠤᠯᠠ ᠮᠦᠷ᠂ ᠬᠤᠭᠢᠰᠣ ᠶᠢᠨ ᠬᠡᠪ ᠭᠠᠯᠪᠢᠷ ᠤᠨ | ᠠᠳᠠᠯᠢ ᠪᠣᠰᠤ ᠤᠶᠢᠯᠡᠳᠤᠯᠴᠡᠯ ᠠᠴᠠ ᠪᠣᠯᠵᠤ ᠪᠦᠷᠢᠯᠳᠤᠭ᠍ᠰᠡᠨ ᠦᠬᠡᠷ᠂ ᠬᠤᠨᠢ᠂ ᠢᠮᠠᠭ᠎ᠠ ᠶᠢᠨ ᠤᠯᠠ ᠮᠦᠷ᠂ | ᠮᠠᠯ ᠤᠨ ᠴᠢᠳᠤᠷ ᠲᠤᠱᠠᠭ᠎ᠠ ᠲᠠᠢ ᠪᠠᠶᠢᠬᠤ ᠦᠶ᠎ᠡ ᠶᠢᠨ ᠤᠯᠠ ᠮᠦᠷ ᠵᠡᠷᠭᠡ ᠶᠢ ᠶᠡᠬᠡᠬᠡᠨ ᠰᠣᠳᠤᠯᠤᠭᠰᠠᠨ ᠪᠠᠶᠢᠳᠠᠭ᠃ | ᠮᠠᠯ ᠤᠨ ᠤᠯᠠ ᠮᠦᠷ ᠢ ᠨᠡᠶᠢᠳᠡᠮᠴᠢ ︵ᠲᠦᠭᠡᠮᠡᠯ︶ ᠴᠢᠨᠠᠷ᠂ ᠵᠢᠮ᠎ᠡ ᠶᠣᠰᠤᠴᠢ ᠴᠢᠨᠠᠷ᠂ ᠦᠪᠡᠷᠮᠢᠴᠡ ᠣᠨᠴᠠᠭᠠᠢ | ᠴᠢᠨᠠᠷ᠂ ᠲᠣᠭᠲᠠᠮᠠᠯ ᠴᠢᠨᠠᠷ᠂ ᠦᠷᠬᠦᠯᠵᠢᠯᠡᠭᠰᠡᠨ ᠴᠢᠨᠠᠷ ᠲᠠᠢ ᠭᠡᠵᠦ ᠰᠢᠨᠵᠢᠯᠡᠨ ᠦᠵᠡᠵᠦ ᠪᠣᠯᠬᠤ ᠪᠦᠭᠡᠳ ᠡᠨᠡ | ᠬᠡᠳᠤᠨ ᠲᠠᠯ᠎ᠠ ᠶᠢ ᠬᠤᠯᠪᠤᠨ ᠤᠯᠠ ᠮᠦᠷ ᠤᠨ ᠬᠡᠯᠪᠡᠷᠢ ᠳᠡᠭᠡᠷ᠎ᠡ ᠨᠢ ᠬᠦᠳᠡᠯᠬᠦ ᠬᠦᠳᠡᠯᠭᠡᠭᠡᠨ ᠢ ᠨᠡᠮᠡᠵᠦ᠂ ᠰᠢᠯᠵᠢᠬᠦ | ᠠᠯᠬᠤᠯᠲᠠ ᠶᠢᠨ ᠮᠠᠶ᠋ᠢᠭ ᠲᠦᠯᠦᠪ ᠰᠢᠨᠵᠢ ᠶᠢ ᠪᠠᠰᠠ ᠰᠣᠳᠤᠯᠵᠤ ᠪᠣᠯᠤᠨ᠎ᠠ᠃ ᠪᠠᠰᠠ ᠭᠠᠵᠠᠷ ᠤᠨ ᠭᠠᠳᠠᠷᠭᠤ ᠶᠢᠨ | ᠬᠠᠲᠠᠭᠤ ᠵᠦᠭᠡᠯᠡᠨ᠂ ᠬᠦᠷᠤᠰᠤ ᠰᠢᠷᠤᠢ ᠶᠢᠨ ᠴᠢᠩᠭ᠎ᠠ ᠰᠤᠯᠠ ᠪᠣᠶᠤ ᠰᠢᠷᠤᠢ ᠶᠢᠨ ᠨᠢᠭᠲᠠᠴᠠ᠂ ᠬᠠᠯᠳᠤᠷᠢᠵᠤ | ᠭᠤᠯᠭᠤᠷᠰᠠᠨ ᠡᠰᠡᠬᠦ᠂ ᠳᠠᠷᠤᠯᠲᠠ ᠶᠢᠨ ᠶᠡᠭᠡ ᠪᠠᠭ᠎ᠠ ᠪᠣᠶᠤ ᠴᠢᠭᠯᠡᠯ ᠵᠡᠷᠭᠡ ᠶᠢ ᠠᠩᠬᠠᠷᠴᠤ᠂ ᠬᠠᠪᠲᠠᠭᠠᠢ ᠪᠠᠶᠡᠲᠤ ᠶᠢᠨ | ᠰᠠᠷᠡᠯ᠂ ᠡᠰᠡᠭᠦᠯ᠎ᠡ ᠪᠣᠰᠤᠭ᠎ᠠ ᠪᠡᠶᠡᠲᠦ ᠶᠢᠨ ᠰᠡᠷᠡᠯ ᠵᠡᠷᠭᠡ ᠬᠠᠷᠠᠭᠠᠰᠤᠨ ᠠᠴᠠ ᠪᠠᠰᠠ ᠰᠣᠳᠤᠯᠵᠤ ᠪᠣᠯᠤᠨ᠎ᠠ᠃ ᠪᠠᠰᠠ | ᠴᠠᠭ ᠬᠤᠭᠤᠴᠠᠭᠠᠨ ᠤ ᠲᠠᠯ᠎ᠠ ᠠᠴᠠ ᠰᠢᠨ᠎ᠡ ᠮᠦᠷ ᠪᠣᠶᠤ ᠬᠠᠭᠤᠴᠢᠨ ᠮᠦᠷ ᠭᠡᠳᠡᠭ ᠢ ᠲᠣᠳᠤᠯᠠᠬᠤ᠂ ᠰᠠᠯᠬᠢᠨ | ᠪᠣᠷᠤᠭᠠᠨ ᠤ ᠡᠮᠤᠨᠡᠬᠢ ᠮᠦᠷ ᠪᠣᠶᠤ ᠳᠠᠷᠠᠭᠠᠬᠢ ᠮᠦᠷ ᠭᠡᠳᠡᠭ ᠢ ᠰᠢᠨᠵᠢᠯᠡᠬᠦ᠂ ᠪᠠᠰᠠ ᠦᠷᠬᠦᠯᠵᠢᠯᠡᠭᠰᠡᠨ ᠴᠢᠨᠠᠷ ᠤᠨ | ᠲᠠᠯ᠎ᠠ ᠠᠴᠠ ᠮᠠᠯ ᠤᠨ ᠠᠯᠬᠤᠴᠠ ᠶᠢ ᠡᠩ ᠤᠨ ᠠᠯᠬᠤᠴᠠ᠂ ᠡᠩ ᠤᠨ ᠪᠣᠰᠤ ᠠᠯᠬᠤᠴᠠ᠂ ᠲᠠᠩ ᠠᠯᠬᠤᠴᠠ ᠪᠠ | ᠳᠠᠪᠲᠠᠬᠤ ᠠᠯᠬᠤᠴᠠ ᠭᠡᠵᠤ ᠬᠤᠪᠢᠶᠠᠨ ᠦᠵᠡᠵᠦ ᠪᠣᠯᠤᠨ᠎ᠠ᠃ ᠡᠭᠦᠨ ᠳᠤ ᠭᠠᠵᠠᠷ ᠤᠨ ᠭᠠᠳᠠᠷᠭᠤ ᠶᠢᠨ ᠰᠢᠷᠤᠢ ᠶᠢᠨ | ᠦᠩᠭᠡ ᠨᠢ ᠠᠯᠢ ᠴᠦ ᠦᠶ᠎ᠡ ᠶᠢᠨ ᠤᠯᠠ ᠮᠦᠷ ᠲᠤ ᠣᠨᠴᠠᠭᠠᠢ ᠦᠢᠯᠡᠳᠤᠯ ᠦᠵᠡᠭᠦᠯᠳᠡᠭ᠃ ᠪᠦᠷᠬᠦᠭ ᠪᠣᠶᠤ | ᠰᠠᠯᠬᠢᠨ ᠲᠠᠢ ᠡᠳᠦᠷ᠂ ᠰᠢᠲᠠᠮ᠎ᠠ ᠬᠠᠯᠠᠭᠤᠨ ᠡᠳᠦᠷ᠂ ᠪᠣᠷᠤᠭᠠᠨ ᠴᠠᠰᠤ ᠲᠠᠢ ᠡᠳᠦᠷ ᠵᠡᠷᠭᠡ ᠨᠢ ᠮᠠᠯ ᠤᠨ ᠤᠯᠠ | ᠮᠦᠷ ᠤᠨ ᠰᠢᠨ᠎ᠡ ᠬᠠᠭᠤᠴᠢᠨ ᠲᠠᠢ ᠰᠢᠭᠤᠳ ᠬᠤᠯᠪᠤᠭᠳᠠᠬᠤ ᠪᠠᠷ ᠪᠠᠷᠠᠬᠤ ᠦᠭᠡᠢ ᠤᠯᠠ ᠮᠦᠷ ᠤᠨ ᠴᠢᠨᠠᠷ | ᠴᠢᠨᠰᠠᠭ᠎ᠠ ᠲᠠᠢ ᠶᠡᠭᠡᠭᠡᠨ ᠬᠤᠯᠪᠤᠭ᠎ᠠ ᠲᠠᠢ ᠪᠠᠶᠢᠳᠠᠭ᠃ | ᠭᠤᠷᠪᠠ᠂ ᠮᠠᠯ ᠤᠨ ᠮᠦᠷ ᠢ ᠮᠦᠷᠳᠡᠬᠦ ᠤᠶᠢᠯᠡ ᠶᠢᠨ ᠠᠴᠢ ᠬᠤᠯᠪᠤᠭᠳᠠᠯ | ᠮᠠᠨ ᠤ ᠮᠣᠩᠭᠤᠯᠴᠤᠳ ᠤᠨ ᠡᠭᠦᠳᠤᠨ ᠪᠦᠲᠤᠭᠡᠭᠰᠡᠨ ᠵᠠᠷᠢᠮ ᠵᠦᠢᠯᠡᠰ ᠨᠢ ᠣᠳᠤ ᠴᠤ ᠭᠡᠳ ᠲᠡᠯᠡᠭᠡᠢ ᠶᠢᠨ | ᠰᠣᠶᠤᠯ ᠪᠣᠯᠪᠠᠰᠤᠨ ᠤ ᠲᠦᠪᠰᠢᠨ ᠠᠴᠠ ᠬᠤᠴᠤᠷᠬᠤ ᠦᠭᠡᠢ ᠪᠦᠭᠡᠳ ᠶᠡᠭᠡ ᠰᠢᠨᠵᠢᠯᠡᠬᠦ ᠤᠬᠠᠭᠠᠨᠴᠢ ᠪᠠᠶᠢᠲᠠᠭ | ᠭᠡᠳᠡᠭ ᠢ ᠭᠠᠳᠠᠭᠠᠳᠤ ᠳᠣᠳᠤᠭᠠᠳᠤ ᠶᠢᠨ ᠣᠯᠠᠨ ᠬᠦᠮᠤᠰ ᠠᠭᠠᠵᠢᠮ ᠳᠠᠭᠠᠨ ᠪᠦᠷ ᠮᠡᠳᠡᠬᠦ ᠪᠣᠯᠵᠤ ᠣᠯᠠᠨ ᠤᠯᠤᠰ | ᠣᠷᠤᠨ ᠪᠦᠷ ᠰᠣᠳᠤᠯᠤᠨ ᠰᠢᠨᠵᠢᠯᠡᠵᠦ ᠪᠣᠢ᠃ ᠪᠢᠳᠠ ᠡᠪᠦᠭᠡ ᠳᠡᠭᠡᠳᠤᠰ ᠤᠨ ᠢᠶᠠᠨ ᠡᠭᠦᠳᠤᠨ ᠪᠦᠲᠤᠭᠡᠭᠰᠡᠨ ᠰᠣᠶᠤᠯ | ᠪᠣᠯᠪᠠᠰᠤᠨ ᠢᠶᠠᠨ ᠳᠡᠭᠡᠵᠢᠯᠡᠨ ᠡᠷᠬᠢᠮᠨᠡᠵᠦ ᠤᠯᠠᠮᠵᠢᠯᠠᠨ ᠶᠠᠪᠤᠬᠤ ᠪᠣᠯ ᠪᠢᠳᠡᠨ ᠤ ᠳᠠᠷᠬᠠᠨ ᠡᠭᠦᠷᠭᠡ ᠮᠦᠨ᠃ | ᠮᠣᠩᠭᠤᠯᠴᠤᠳ ᠤᠨ ᠡᠨᠡᠬᠦ ᠮᠠᠯ ᠤᠨ ᠮᠦᠷ ᠮᠦᠷᠳᠡᠬᠦ ᠰᠤᠩᠭᠤᠳᠠᠭ ᠤᠶᠢᠯᠡ ᠤᠬᠠᠭᠠᠨ ᠨᠢ ᠪᠦᠷ ᠰᠡᠭᠦᠯ ᠳᠡᠭᠡᠨ | ᠤᠯᠤᠰ ᠤᠨ ᠬᠠᠮᠠᠭᠠᠯᠠᠯᠲᠠ ᠶᠢᠨ ᠠᠵᠢᠯ ᠤᠨ ᠰᠢᠰᠲ᠋ᠧᠮ ᠳᠤ ᠣᠷᠤᠵᠤ᠂ ᠳᠣᠳᠤᠭᠠᠳᠤ ᠶᠢᠨ ᠡᠷᠡᠭᠦᠣ ᠶᠢᠨ ᠬᠡᠷᠡᠭ ᠢ | ᠲᠣᠳᠤᠷᠠᠭᠤᠯᠬᠤ ᠮᠡᠷᠭᠡᠵᠢᠯ ᠤᠨ ᠤᠶᠢᠯᠡᠰ ᠲᠤ ᠨᠡᠯᠢᠶᠡᠳ ᠬᠠᠩᠭᠠᠯᠲᠠᠲᠠᠢ ᠲᠦᠷᠤᠯ ᠵᠦᠢᠯ ᠦᠭᠴᠦ ᠪᠣᠢ᠃ ᠨᠡᠩ ᠴᠤ | ᠣᠳᠤᠬᠢ ᠬᠡᠷᠡᠭᠯᠡᠭᠡ ᠰᠢᠨᠵᠢᠯᠡᠭᠡᠨ ᠤ ᠡᠷᠡᠭᠦᠥ ᠶᠢᠨ ᠬᠡᠷᠡᠭ ᠤᠨ ᠮᠡᠷᠭᠡᠵᠢᠯ ᠤᠨ ᠰᠠᠯᠠᠭ᠎ᠠ ᠮᠦᠴᠢᠷ ᠤᠨ ᠬᠢᠨ ᠤ ᠪᠠᠶᠢᠩᠭᠤ | ᠬᠡᠷᠡᠭᠯᠡᠵᠦ ᠪᠠᠶᠢᠭ᠎ᠠ ᠮᠦᠷ ᠤᠨ ᠮᠦᠷᠳᠡᠯᠲᠡ ᠶᠢᠨ ᠤᠬᠠᠭᠠᠨ ᠪᠣᠯ ᠪᠡᠯᠴᠢᠭᠡᠷ ᠤᠨ ᠮᠠᠯᠵᠢᠬᠤ ᠰᠣᠶᠣᠯ ᠠᠴᠠ ᠦᠨᠳᠤᠰᠤ | ᠢᠷᠡᠯᠲᠡᠢ ᠭᠡᠳᠡᠭ ᠢ ᠤᠯᠠᠮ ᠴᠦ ᠭᠡᠷᠡᠴᠢᠯᠡᠨ᠎ᠡ᠃ ᠴᠠᠭ ᠤᠨ ᠲᠠᠯ᠎ᠠ ᠪᠠᠷ ᠪᠠᠷᠤᠭ ᠲᠤᠰ ᠵᠠᠭᠤᠨ ᠤ ᠳᠡᠭᠡᠷ᠎ᠡ ᠬᠠᠭᠠᠰ | ᠵᠢᠯ ᠤᠳ ᠠᠴᠠ ᠡᠬᠢᠯᠡᠨ ᠮᠠᠯ ᠤᠨ ᠮᠦᠷ ᠮᠦᠷᠳᠡᠯᠲᠡ ᠶᠢᠨ ᠤᠬᠠᠭᠠᠨ ᠢ ᠴᠢᠨᠠᠭᠰᠢ ᠬᠦᠭᠵᠢᠭᠦᠯᠦᠨ ᠳᠡᠯᠭᠡᠷᠡᠭᠦᠯᠵᠦ᠂ | ᠬᠦᠮᠦᠨ ᠨᠡᠶᠢᠭᠡᠮ ᠤᠨ ᠤᠶᠢᠯᠡ ᠬᠢᠳᠡᠯ ᠳᠤ ᠤᠶᠢᠯᠡᠴᠢᠯᠡᠭᠰᠡᠭᠡᠷ ᠪᠠᠶᠢᠨ᠎ᠠ᠃ ᠡᠶᠢᠮᠤ ᠠᠴᠠ ᠨᠢᠭᠡᠨ ᠲᠦᠷᠤᠯ ᠤᠨ | ᠪᠡᠶ᠎ᠡ ᠪᠠᠨ ᠳᠠᠭᠠᠭᠠᠭᠰᠠᠨ ᠲᠤᠰᠬᠠᠢ ᠮᠦᠷ ᠮᠦᠷᠳᠡᠯᠲᠡ ᠶᠢᠨ ᠤᠬᠠᠭᠠᠨ ᠪᠣᠯᠤᠭᠰᠠᠨ ᠤ ᠬᠤᠪᠢ ᠳᠤ ᠬᠦᠮᠦᠨ | ᠲᠦᠷᠤᠯᠬᠢᠲᠡᠨ ᠤ ᠪᠣᠯᠪᠠᠰᠤᠨ ᠰᠣᠶᠣᠯ ᠳᠤ᠂ ᠮᠠᠨ ᠤ ᠮᠣᠩᠭᠤᠯᠴᠤᠳ ᠤᠨ ᠲᠠᠪᠤᠨ ᠬᠤᠰᠢᠭᠤ ᠮᠠᠯ ᠤᠨ | ᠮᠦᠷᠳᠡᠯᠲᠡ ᠶᠢᠨ ᠤᠬᠠᠭᠠᠨ ᠦᠨᠳᠤᠰᠤᠯᠡᠯ ᠪᠣᠯᠤᠭᠰᠠᠨ ᠠᠴᠢ ᠬᠤᠯᠪᠤᠭᠳᠠᠯ ᠲᠦᠢᠯ ᠤᠨ ᠶᠡᠭᠡ ᠶᠤᠮ᠃ | | | | | | | | | | | | ᠁ |