ᠶᠣᠰᠣ ᠰᠣᠷᠲᠠᠬᠤᠨ ᠤ ᠬᠦᠮᠦᠵᠢᠯ᠂ ᠤᠶᠤᠨ ᠤᠬᠠᠭᠠᠨ ᠤ ᠬᠦᠮᠦᠵᠢᠯ᠂ ᠪᠡᠶ᠎ᠡ ᠮᠠᠬᠠᠪᠤᠳ ᠤᠨ ᠬᠦᠮᠦᠵᠢᠯ ᠵᠡᠷᠭᠡ | ᠭᠤᠷᠪᠠᠨ ᠬᠦᠮᠦᠵᠢᠯ ᠢ ᠬᠦᠨᠳᠦᠦᠨᠬᠡᠨ ᠠᠣᠨᠬᠤᠬᠤ ᠨᠢ ᠰᠤᠷᠭᠠᠭᠤᠯᠢ ᠪᠠᠷ ᠭᠤᠤᠯ ᠪᠣᠯᠭᠠᠬᠰᠠᠨ ᠨᠡᠶᠢᠭᠡᠮ ᠨᠡᠶᠢᠲᠡ ᠶᠢᠨ | ᠠᠩᠬᠠᠷᠤᠭᠤᠰᠢᠲᠠᠢ ᠠᠰᠠᠭᠤᠳᠠᠯ ᠮᠦᠨ᠃ ᠡᠨᠡ ᠨᠢ ᠮᠠᠨ ᠤ ᠤᠯᠤᠰ ᠤᠨ ᠰᠤᠷᠭᠠᠨ ᠬᠦᠮᠦᠵᠢᠯ ᠤᠨ ᠴᠢᠭᠯᠡᠯᠲᠡ ᠶᠢᠨ | ᠭᠤᠤᠯ ᠠᠭᠤᠯᠭ᠎ᠠ ᠪᠠᠶᠢᠵᠤ ᠪᠠᠭᠠᠴᠤᠳ ᠵᠠᠯᠠᠭᠤᠴᠤᠳ ᠢ ᠬᠦᠮᠦᠵᠢᠭᠦᠯᠬᠦ ᠪᠣᠳᠠᠳᠤ ᠬᠠᠷᠠᠯᠲᠠ ᠮᠦᠨ᠃ ᠭᠡᠬᠦ ᠳᠤ᠂ | ᠭᠤᠷᠪᠠᠨ ᠬᠦᠮᠦᠵᠢᠯ ᠢ ᠰᠠᠶᠢᠳᠤᠷ ᠬᠦᠷᠲᠡᠬᠦ ᠡᠰᠡᠬᠦ ᠨᠢ ᠬᠦᠮᠦᠨ ᠪᠦᠬᠦᠨ ᠤ ᠬᠤᠪᠢ ᠶᠢᠨ ᠪᠡᠶᠡᠴᠢ ᠴᠢᠷᠮᠠᠶᠢᠯᠭ᠎ᠠ ᠳᠤ | ᠪᠠᠶᠢᠳᠠᠭ᠃ ᠪᠡᠶᠡᠴᠢ ᠴᠢᠷᠮᠠᠶᠢᠯᠭ᠎ᠠ ᠲᠣᠲᠠᠮᠠᠭ ᠪᠣᠯ ᠪᠤᠰᠣᠤᠨ ᠬᠦᠮᠦᠵᠢᠯ ᠴᠤ ᠬᠠᠩᠭᠠᠮᠵᠢᠲᠠᠢ ᠰᠠᠶᠢᠨ ᠦᠷ᠎ᠡ ᠠᠰᠢᠭ | ᠣᠯᠬᠤ ᠳᠤ ᠪᠡᠷᠬᠡ ᠶᠤᠮ᠃ | ᠶᠣᠰᠣ ᠰᠣᠷᠲᠠᠬᠤᠨ ᠤ ᠬᠦᠮᠦᠵᠢᠯ ᠨᠢ ᠵᠠᠯᠠᠭᠤ ᠪᠠᠭᠠᠴᠤᠳ ᠲᠤ ᠡᠷᠬᠢᠮ ᠳᠡᠭᠡᠳᠦ ᠵᠠᠩ ᠰᠤᠷᠲᠠᠯ ᠢ ᠪᠤᠢ ᠪᠣᠯᠭᠠᠨ | ᠥᠭᠴᠦ ᠣᠷᠭᠢᠯᠤᠮ᠎ᠠ ᠬᠠᠯᠠᠭᠤᠨ ᠬᠠᠶᠢᠷ᠎ᠠ ᠰᠡᠦᠨᠬᠢᠯᠭᠡ ᠶᠢ ᠬᠦᠮᠦᠵᠢᠭᠦᠯᠦᠨ ᠪᠣᠯᠪᠠᠰᠤᠨ ᠮᠤᠷᠠᠯ ᠲᠠᠢ᠂ ᠪᠣᠰᠣᠤᠨ ᠲᠤ | ᠬᠠᠯᠠᠭᠤᠮᠰᠤᠭ ᠲᠣᠳᠤᠨᠤ᠂ ᠨᠥᠬᠦᠳ ᠢᠶᠠᠨ ᠬᠠᠶᠢᠷᠠᠯᠠᠨ ᠬᠠᠯᠠᠮᠵᠢᠯᠠᠳᠠᠭ᠂ ᠨᠡᠶᠢᠭᠡᠮ ᠳᠤ ᠬᠤᠪᠢ ᠨᠡᠮᠡᠷᠢ ᠪᠠᠨ | ᠦᠵᠡᠭᠦᠯᠬᠦ ᠰᠢᠯᠢᠳᠡᠭ ᠰᠠᠶᠢᠨ ᠦᠵᠡᠯ ᠤᠬᠠᠮᠰᠠᠷ ᠢ ᠪᠤᠢ ᠪᠣᠯᠭᠠᠨ ᠬᠦᠮᠦᠵᠢᠭᠦᠯᠳᠡᠭ ᠪᠠᠶᠢᠨ᠎ᠠ᠃ | ᠤᠶᠤᠨ ᠤᠬᠠᠭᠠᠨ ᠤ ᠬᠦᠮᠦᠵᠢᠯ ᠨᠢ ᠬᠦᠮᠦᠰ ᠲᠤ ᠡᠷᠳᠡᠮ ᠮᠡᠳᠡᠯᠭᠡ ᠣᠯᠭᠤᠨ ᠴᠢᠳᠠᠪᠤᠷᠢ ᠲᠣᠷᠰᠢᠯᠭ᠎ᠠ | ᠬᠠᠩᠭᠠᠵᠤ ᠤᠶᠤᠨ ᠢ ᠨᠢ ᠬᠥᠭᠵᠢᠭᠡᠨ ᠤᠬᠠᠭᠠᠨ ᠢ ᠨᠢ ᠨᠡᠮᠡᠭᠳᠡᠭᠦᠯᠦᠨ ᠤᠶᠢᠯᠡᠰ ᠤᠨ ᠬᠠᠷᠭᠤᠢ ᠳᠤ ᠤᠷᠤᠬᠰᠢᠲᠠᠢ | ᠲᠡᠮᠡᠦᠯᠬᠦ ᠳᠤ ︽ᠬᠤᠷᠴᠠ ᠵᠡᠪᠰᠡᠭ︾ ᠪᠣᠯᠳᠠᠭ ᠪᠠᠶᠢᠨ᠎ᠠ᠃ ᠣᠯᠠᠨ ᠠᠴᠠ ᠬᠡᠳᠦ᠋ᠢᠳᠦᠭᠰᠡᠨ ᠮᠡᠳᠡᠯᠭᠡ ᠶᠢ ᠡᠵᠡᠮᠰᠢᠨ | ᠴᠢᠳᠠᠪᠤᠷᠢ ᠲᠠᠢ ᠪᠣᠯᠪᠠᠯ ᠦᠢ ᠲᠦᠮᠡᠨ ᠬᠦᠮᠦᠨ ᠴᠢᠮᠠᠢᠢ ᠬᠦᠨᠳᠦᠦᠨᠬᠡᠨ ᠪᠢᠰᠢᠷᠡᠬᠦ ᠨᠢ ᠯᠠᠪᠲᠠᠢ ᠶᠤᠮ᠃ ᠮᠡᠳᠡᠯᠭᠡ ᠶᠢᠨ | ᠡᠵᠡᠮᠰᠢᠯ ᠴᠢᠳᠠᠪᠤᠷᠢ ᠶᠢᠨ ᠪᠦᠷᠢᠯᠳᠦᠯ ᠪᠣᠯ ᠤᠶᠤᠨ ᠤᠬᠠᠭᠠᠨ ᠤ ᠬᠦᠮᠦᠵᠢᠯ ᠢᠶᠠᠷ ᠳᠠᠮᠵᠢᠨ ᠪᠡᠶᠡᠯᠡᠭᠳᠡᠳᠡᠭ ᠢ ᠬᠡᠨ ᠴᠤ | ᠦᠭᠡᠶᠢᠰᠭᠡᠵᠦ ᠴᠢᠳᠠᠬᠤ ᠦᠭᠡᠢ ᠶᠤᠮ᠃ | ᠪᠡᠶ᠎ᠡ ᠮᠠᠬᠠᠪᠤᠳ ᠤᠨ ᠬᠦᠮᠦᠵᠢᠯ ᠨᠢ ᠠᠵᠤ ᠲᠥᠷᠥᠨ ᠠᠮᠢᠳᠤᠷᠠᠬᠤ ᠶᠢᠨ ᠴᠢᠬᠤᠯᠠ ᠨᠥᠭᠦᠴᠡᠯ ᠪᠠᠶᠢᠵᠤ | ᠤᠶᠢᠯᠡᠰ ᠪᠦᠳᠦᠭᠡᠨ ᠠᠳᠠᠯ ᠪᠣᠰᠬᠠᠬᠤ ᠶᠢᠨ ᠰᠠᠭᠤᠷᠢ ᠢᠨᠵᠧᠨᠧᠷᠢᠩ ᠮᠦᠨ᠃ ᠶᠡᠷᠦ ᠶᠢᠨ ᠦᠭᠡᠨ ᠳᠤ ︽ᠪᠡᠶ᠎ᠡ | ᠪᠠᠶᠢᠪᠠᠯ ᠪᠡᠭᠡᠵᠢᠩ︾ ᠭᠡᠳᠡᠭ ᠨᠢ ᠪᠡᠶ᠎ᠡ ᠮᠠᠬᠠᠪᠤᠳ ᠤᠨ ᠬᠦᠮᠦᠵᠢᠯ ᠢ ᠪᠣᠰᠣᠤᠨᠴᠢ ᠪᠠᠷ ᠵᠦᠢᠷᠯᠡᠨ ᠲᠣᠳᠤᠷᠬᠠᠶᠢᠯᠠᠬᠰᠠᠨ | ᠲᠣᠳᠣ ᠲᠣᠳᠤᠷᠠᠭᠤᠨ ᠰᠡᠴᠡᠨ ᠦᠭᠡ ᠪᠠᠶᠢᠬ᠎ᠠ᠃ ᠪᠡᠶ᠎ᠡ ᠮᠠᠬᠠᠪᠤᠳ ᠤᠨ ᠬᠦᠮᠦᠵᠢᠯ ᠳᠤ ᠪᠡᠶ᠎ᠡ ᠲᠠᠮᠢᠷ ᠤᠨ | ᠪᠣᠯᠪᠠᠰᠤᠷᠠᠯ ᠪᠣᠯᠣᠨ ᠡᠷᠡᠭᠦᠯ ᠬᠠᠮᠠᠭᠠᠯᠠᠯ ᠤᠨ ᠬᠦᠮᠦᠵᠢᠯ ᠴᠦᠮ ᠪᠠᠭᠲᠠᠵᠤ ᠪᠠᠶᠢᠭ᠎ᠠ ᠶᠢ ᠮᠡᠳᠡᠷᠡᠵᠦ᠂ ᠠᠷᠢᠭᠤᠨ | ᠴᠡᠪᠡᠷ ᠢ ᠡᠷᠬᠢᠮᠯᠡᠨ ᠡᠪᠡᠦᠨᠴᠢᠨ ᠡᠮᠭᠡᠭ ᠠᠴᠠ ᠰᠡᠷᠬᠡᠶᠢᠯᠡᠵᠦ ᠪᠡᠶ᠎ᠡ ᠮᠠᠬᠠᠪᠤᠳ ᠢᠶᠠᠨ ᠪᠠᠶᠢᠩᠭᠤ ᠪᠣᠯᠪᠠᠰᠤᠷᠠᠭᠤᠯᠤᠨ | ᠴᠢᠬᠢᠷᠠᠬᠵᠢᠭᠤᠯᠬᠤ ᠶᠢ ᠢᠮᠠᠬᠲᠠ ᠠᠩᠬᠠᠷᠤᠯ ᠳᠠᠭᠠᠨ ᠠᠪᠬᠤ ᠬᠡᠷᠡᠭᠲᠡᠢ ᠭᠡᠳᠡᠭ ᠢ ᠬᠡᠯᠡᠵᠦ ᠪᠠᠶᠢᠭ᠎ᠠ ᠶᠤᠮ᠃ | ᠵᠣᠬᠢᠶᠠᠭᠴᠢ᠄ ᠯᠢ ᠪᠤᠶᠠᠨᠴᠤᠬᠯᠠ | ᠨᠠᠶᠢᠷᠠᠭᠤᠯᠤᠭᠴᠢ᠄ ᠰᠤᠳᠤᠨ | | | | | | | | | | | | | | | | | | | ᠁ |