ᠬᠡᠷ ᠪᠦᠯᠢ ᠶᠢᠨ ᠰᠤᠷᠭᠠᠨ ᠬᠦᠮᠦᠵᠢᠯ ᠤᠨ ᠠᠲᠡᠬᠦᠷᠡᠯ
ᠨᠡᠶᠢᠲᠡᠯᠡᠭᠰᠡᠨ ᠴᠠᠭ᠄
2020/12/19
     ᠰᠠᠶᠢᠨ ᠰᠠᠶᠢᠬᠠᠨ ᠬᠡᠷ ᠪᠦᠯᠢ ᠶᠢᠨ ᠰᠤᠷᠭᠠᠨ ᠬᠦᠮᠦᠵᠢᠯ ᠨᠢ ᠬᠡᠤᠬᠡᠳ ᠤᠨ ᠦᠰᠤᠯᠲᠡ ᠪᠤᠶᠢᠵᠢᠯᠲᠡ ᠳᠤ ᠤᠷᠤᠯᠠᠭᠤᠯᠵᠤ ᠪᠤᠯᠤᠰᠢ ᠦᠬᠡᠢ ᠦᠢᠯᠡᠲᠤᠯ ᠦᠵᠡᠬᠦᠯᠲᠡᠭ᠃ ᠬᠡᠲᠡᠯ᠎ᠠ ᠵᠡᠷᠢᠮ ᠬᠡᠷ ᠤᠨ ᠠᠬᠠᠮᠠᠳ ᠤᠨ ᠲᠤᠮᠲᠠ ᠬᠡᠤᠬᠡᠳ ᠢᠶᠠᠨ ᠰᠤᠷᠭᠠᠨ ᠬᠦᠮᠦᠵᠢᠬᠦᠯᠬᠦ ᠲᠠᠯ᠎ᠠ ᠪᠠᠷ ᠬᠠᠷᠢᠨ ᠴᠦᠬᠡᠨ ᠪᠤᠰᠦ ᠲᠡᠰᠢᠶᠡᠷᠡᠯ ᠪᠡ ᠠᠲᠡᠬᠦᠷᠡᠯ ᠤᠷᠤᠰᠢᠵᠤ ᠪᠠᠶᠢᠲᠠᠬ᠃     ᠤᠶᠤᠨ ᠤ ᠬᠦᠮᠦᠵᠢᠯ ᠢ ᠴᠢᠬᠤᠯᠡᠴᠢᠯᠠᠭᠠᠳ ᠶᠤᠰᠤ ᠰᠤᠷᠲᠠᠬᠤᠨ ᠤ ᠬᠦᠮᠦᠵᠢᠯ ᠢ ᠤᠮᠲᠤᠭᠠᠢᠢᠯᠠᠬᠤ ᠊᠊᠊᠊᠊ ︽ᠵᠦᠪᠬᠡᠨ ᠰᠠᠶᠢᠨ ᠰᠤᠷᠤᠯᠴᠠᠪᠡᠯ ᠪᠤᠯᠴᠢᠬᠠᠨ᠎ᠠ᠂ ᠪᠤᠰᠤᠳ ᠲᠠᠯ᠎ᠠ ᠶᠢ ᠬᠠᠮᠢᠶᠡᠷᠬᠤ ᠬᠡᠷᠡᠭ ᠦᠬᠡᠢ︾᠃ ᠡᠨᠡ ᠪᠤᠯ ᠨᠡᠯᠢᠶᠡᠳ ᠤᠯᠡᠨ ᠬᠡᠷ ᠤᠨ ᠠᠬᠠᠮᠠᠳ ᠤᠨ ᠦᠷᠬᠦᠯᠵᠢ ᠶᠡᠷᠢᠲᠠᠬ ᠦᠬᠡ ᠪᠤᠯᠤᠨ᠎ᠠ᠃ ᠡᠶᠢᠮᠤᠷᠬᠦ ᠰᠤᠷᠭᠠᠨ ᠬᠦᠮᠦᠵᠢᠯ ᠤᠨ ᠦᠵᠡᠯᠲᠡ ᠨᠢ ᠬᠡᠷ ᠤᠨ ᠠᠬᠠᠮᠠᠳ ᠤᠨ ᠨᠢᠲᠦᠨ ᠬᠠᠷᠡᠴᠡ ᠶᠢ ᠵᠦᠪᠬᠡᠨ ᠬᠡᠤᠬᠡᠳ ᠤᠨ ᠬᠢᠨᠢ ᠰᠤᠷᠤᠯᠭ᠎ᠠ ᠶᠢᠨ ᠬᠢᠷᠢ ᠪᠦᠲᠦᠮᠵᠢ ᠲᠡᠭᠡᠷ᠎ᠠ ᠲᠠᠯᠪᠢᠭᠤᠯᠲᠠᠬ᠃ ᠬᠡᠤᠬᠡᠳ ᠨᠢ ᠬᠡᠷ ᠲᠡᠭᠡᠨ ᠬᠠᠷᠢᠵᠤ ᠢᠷᠡᠮᠡᠭᠴᠡ ᠬᠡᠷ ᠤᠨ ᠲᠠᠰᠬᠠᠯ ᠲᠠᠭᠠᠭᠠᠯᠭᠠᠪᠤᠷᠢ ᠶᠢ ᠨᠢ ᠬᠢᠯᠬᠡᠬᠦ ᠪᠤᠶᠤ ᠨᠤᠮ ᠪᠢᠴᠢᠭ ᠤᠡᠭᠰᠢᠭᠤᠯᠲᠠᠬ᠂ ᠬᠠᠷᠢᠨ ᠲᠡᠲᠡᠨ ᠳᠤ ᠶᠤᠰᠤ ᠰᠤᠷᠲᠠᠬᠤᠨ ᠤ ᠬᠦᠮᠦᠵᠢᠯ ᠬᠦᠷᠲᠡᠬᠡᠬᠦ ᠶᠢ ᠶᠠᠷᠤ ᠰᠠᠨᠠᠭᠠᠨ ᠳᠠᠭᠠᠨ ᠠᠪᠲᠠᠬ ᠦᠬᠡᠢ᠃ ᠬᠡᠷ ᠪᠦᠯᠢ ᠶᠢᠨ ᠰᠤᠷᠭᠠᠨ ᠬᠦᠮᠦᠵᠢᠯ ᠳᠤ ᠬᠡᠤᠬᠡᠳ ᠤᠨ ᠰᠠᠶᠢᠨ ᠰᠠᠶᠢᠬᠠᠨ ᠶᠤᠰᠤ ᠰᠤᠷᠲᠠᠬᠤᠨ ᠪᠡ ᠡᠷᠡᠬᠦᠯ ᠰᠠᠷᠡᠭᠤᠯ ᠰᠡᠳᠬᠢᠴᠡ ᠶᠢᠨ ᠬᠡᠪ ᠴᠢᠨᠡᠷ ᠢ ᠬᠦᠮᠦᠵᠢᠬᠦᠯᠵᠤ᠂ ᠤᠲᠤ ᠦᠶ᠎ᠠ ᠶᠢᠨ ᠨᠡᠶᠢᠬᠡᠮ ᠤᠨ ᠬᠦᠭᠵᠢᠯᠲᠡ ᠶᠢᠨ ᠬᠡᠷᠡᠭᠴᠡᠭᠡ ᠱᠠᠭᠠᠷᠲᠠᠯᠭ᠎ᠠ ᠳᠤ ᠵᠤᠬᠢᠴᠡᠭᠤᠯᠬᠤ ᠨᠢ ᠵᠦᠢᠲᠡᠢ᠃ᠠᠪᠤᠨ ᠲᠤᠤᠷ᠎ᠠ ᠪᠠᠨ ᠠᠰᠢᠬ ᠤᠯᠬᠤ ᠶᠢ ᠬᠦᠬᠡᠬᠡᠴᠡᠯᠲᠦᠵᠤ᠂ ᠦᠰᠬᠡᠬᠦ ᠬᠡᠳ ᠦᠭᠲᠠᠬᠡᠬᠦ ᠊᠊᠊᠊᠊᠊ ᠬᠡᠤᠬᠡᠳ ᠤᠨ ᠤᠶᠤᠨ ᠤ ᠴᠢᠲᠠᠪᠤᠷᠢ ᠶᠢᠨ ᠬᠦᠭᠵᠢᠯᠲᠡ ᠶᠢ ᠤᠮᠲᠤᠭᠠᠢᠢᠯᠠᠬᠤ ᠨᠢ ᠪᠤᠷᠤᠭᠤ᠂ ᠬᠡᠪᠡᠴᠤ ᠬᠡᠤᠬᠡᠳ ᠤᠨ ᠤᠶᠤᠨ ᠢ ᠲᠡᠩᠲᠡᠬᠦᠦ ᠡᠷᠲᠡ ᠨᠡᠬᠡᠬᠡᠨ ᠬᠦᠭᠵᠢᠬᠦᠯᠬᠦ ᠨᠢ ᠮᠦᠨ ᠴᠤ ᠦᠰᠭᠡᠬᠦ ᠬᠡᠳ ᠦᠭᠲᠡᠬᠡᠭᠰᠡᠨ ᠲᠠᠢ ᠡᠬᠡᠬᠡ ᠠᠲᠠᠯᠢᠬᠠᠨ ᠶᠤᠮ᠃ ᠶᠠᠷᠤ ᠨᠢ ᠬᠡᠤᠬᠡᠳ ᠤᠨ ᠤᠶᠤᠨ ᠤ ᠴᠢᠲᠠᠪᠤᠷᠢ ᠶᠢ ᠭᠦᠭᠵᠢᠬᠦᠯᠬᠦ ᠳᠤ ᠡᠷᠬᠡᠪᠰᠢ ᠠᠭᠤᠯᠭ᠎ᠠ᠂ ᠬᠡᠯᠪᠡᠷᠢ᠂ ᠴᠠᠬ ᠤᠨ ᠲᠠᠯ᠎ᠠ ᠪᠠᠷ ᠰᠤᠩᠭᠤᠯᠲᠡ ᠲᠠᠢ ᠪᠦᠬᠡᠳ ᠴᠦᠮ ᠬᠡᠤᠬᠡᠳ ᠤᠨ ᠪᠠᠶ᠎ᠠ ᠰᠡᠳᠬᠢᠴᠡ ᠶᠢᠨ ᠬᠦᠭᠵᠢᠯᠲᠡ ᠶᠢᠨ ᠱᠠᠲᠤᠴᠢ ᠴᠢᠨᠡᠷ ᠤᠨ ᠤᠨᠴᠠᠯᠢᠬ ᠢ ᠵᠢᠷᠤᠮᠯᠡᠵᠤ᠂ ᠬᠡᠤᠬᠡᠳ ᠤᠨ ᠢᠶᠠᠨ ᠪᠠᠶᠢᠲᠠᠯ ᠳᠤ ᠲᠤᠬᠢᠷᠡᠭᠤᠯᠤᠨ᠂ ᠵᠤᠬᠢᠰᠲᠠᠢ ᠠᠷᠭ᠎ᠠ ᠬᠡᠮᠵᠢᠶ᠎ᠠ ᠠᠪᠬᠤ ᠨᠢ ᠵᠦᠢᠲᠡᠢ᠃ᠪᠤᠲᠠᠲᠦ ᠪᠠᠶᠢᠲᠠᠯ ᠢ ᠦᠯᠤ ᠬᠠᠶᠢᠬᠤᠷᠤᠨ᠂ ᠰᠤᠬᠤᠷ ᠪᠠᠯᠡᠢ ᠪᠠᠷ ᠠᠲᠠᠯᠢᠳᠬᠠᠬᠤ ᠊᠊᠊᠊᠊᠊᠊ ᠵᠡᠷᠢᠮ ᠬᠡᠷ ᠤᠨ ᠠᠬᠠᠮᠠᠳ ᠬᠡᠤᠬᠡᠳ ᠤᠨ ᠢᠶᠠᠨ ᠰᠤᠷᠤᠯᠭ᠎ᠠ ᠶᠢ ᠰᠤᠬᠤᠷ ᠪᠠᠯᠠᠢ ᠪᠠᠷ ᠪᠤᠰᠤᠳ ᠬᠡᠤᠬᠡᠳ ᠲᠠᠢ ᠠᠲᠠᠯᠢᠳᠬᠠᠬᠤ ᠲᠤᠷ᠎ᠠ ᠲᠠᠢ᠂ ︽ᠴᠢ ᠬᠦᠮᠤᠨ ᠤ ᠬᠡᠤᠬᠡᠳ ᠢ ᠦᠵᠡ᠂ ᠰᠤᠷᠤᠯᠭ᠎ᠠ ᠨᠢ ᠬᠡᠲᠦᠢ ᠰᠠᠶᠢᠨ ᠪᠤᠢ᠂ ᠴᠢ ᠶᠠᠭᠠᠬᠢᠭᠠᠳ ᠰᠠᠶᠢᠨ ᠰᠤᠷᠬᠤ ᠦᠬᠡᠢ ᠪᠤᠢ︖︾ ᠬᠡᠵᠤ ᠬᠡᠤᠬᠡᠳ ᠲᠡᠭᠡᠨ ᠦᠷᠬᠦᠯᠵᠢ ᠶᠠᠷᠢᠲᠠᠬ᠃ ᠡᠨᠡ ᠦᠬᠡ ᠨᠢ ᠬᠡᠤᠬᠡᠳ ᠤᠨ ᠦᠪᠡᠷ ᠢ ᠪᠠᠨ ᠬᠦᠨᠲᠦᠳᠬᠡᠬᠦ ᠨᠠᠷᠡᠯᠬᠡᠤ ᠰᠡᠳᠬᠢᠯᠬᠡ ᠶᠢ ᠬᠦᠨᠲᠡᠵᠤ᠂ ᠰᠤᠷᠤᠯᠴᠠᠬᠤ ᠤᠷᠮ᠎ᠠ ᠶᠢ ᠨᠢ ᠬᠤᠭᠤᠯᠲᠠᠬ ᠶᠤᠮ᠃ ᠬᠡᠷ ᠤᠨ ᠠᠬᠠᠮᠠᠳ ᠤᠨ ᠡᠶᠢᠮᠤᠷᠬᠦ ᠪᠤᠲᠠᠲᠦ ᠪᠠᠶᠢᠲᠠᠯ ᠢ ᠦᠯᠤ ᠬᠠᠶᠢᠬᠤᠷᠤᠨ᠂ ᠬᠡᠤᠬᠡᠳ ᠢ ᠬᠤᠭᠤᠷᠤᠨᠲᠦ ᠨᠢ ᠰᠤᠬᠤᠷ ᠪᠡᠯᠡᠢ ᠪᠠᠷ ᠠᠲᠠᠯᠢᠳᠬᠠᠬᠤ ᠦᠢᠯᠡ ᠬᠦᠲᠡᠯᠤᠯ ᠨᠢ ᠬᠡᠤᠬᠡᠳ ᠤᠨ ᠰᠤᠷᠤᠯᠴᠠᠬᠤ ᠢᠲᠡᠪᠬᠢᠵᠢᠯ ᠢ ᠲᠠᠶᠢᠴᠢᠯᠠᠵᠤ ᠴᠢᠲᠠᠬᠤ ᠦᠬᠡᠢ ᠶᠤᠮ᠃     ᠬᠡᠤᠬᠡᠳ ᠤᠨ ᠬᠤᠪᠢ ᠶᠢᠨ ᠨᠢᠭᠤᠴᠡ ᠶᠢ ᠬᠠᠮᠠᠭᠠᠯᠠᠬᠤ ᠦᠬᠡᠢ ᠊᠊᠊᠊᠊ ᠬᠡᠤᠬᠡᠳ ᠢ ᠪᠢ ᠦᠰᠬᠡᠵᠤ ᠪᠠᠶᠢᠭ᠎ᠠ ᠲᠤᠯᠡ ᠲᠡᠬᠦᠨ ᠤ ᠠᠯᠢᠪᠡ ᠶᠢ ᠪᠢ ᠦᠢᠯᠡᠭᠠᠵᠤ ᠮᠡᠲᠡᠬᠦ ᠡᠷᠬᠡ ᠲᠠᠢ ᠬᠡᠵᠤ ᠴᠦᠬᠡᠨ ᠪᠤᠰᠤ ᠬᠡᠷ ᠤᠨ ᠠᠬᠠᠮᠠᠳ ᠦᠵᠡᠲᠡᠭ᠃ ᠨᠡᠩ ᠴᠤ ᠵᠡᠷᠢᠮ ᠬᠡᠷ ᠤᠨ ᠠᠬᠠᠮᠠᠳ ᠬᠡᠤᠬᠡᠳ ᠤᠨ ᠢᠶᠠᠨ ᠡᠲᠦᠷ ᠤᠨ ᠲᠠᠮᠲᠡᠭᠯᠡᠯ ᠪᠡ ᠵᠡᠬᠢᠲᠡᠯ ᠢ ᠬᠤᠯᠡᠭᠠᠢᠢᠯᠠᠵᠤ ᠦᠵᠡᠬᠦ᠂ ᠬᠡᠤᠬᠡᠳ ᠤᠨ ᠢᠶᠠᠨ ᠤᠲᠠᠰᠤ ᠶᠢ ᠬᠤᠯᠠᠭᠤᠵᠤ ᠰᠤᠨᠤᠰᠬᠤ᠂ ᠴᠢᠨᠡᠬᠰᠢᠯᠡᠪᠡᠯ ᠬᠡᠤᠬᠡᠳ ᠢᠶᠠᠨ ᠨᠢᠭᠤᠴᠡ ᠪᠠᠷ ᠮᠦᠷᠲᠡᠨ ᠲᠠᠭᠠᠲᠠᠬ᠃ ᠬᠡᠤᠬᠡᠳ ᠤᠨ ᠬᠠᠶᠢᠷ᠎ᠠ ᠰᠡᠳᠬᠢᠯᠬᠡ ᠶᠢᠨ ᠬᠡᠷᠡᠭᠴᠡᠭᠡ ᠱᠠᠭᠠᠷᠲᠠᠯᠭ᠎ᠠ ᠶᠢ ᠤᠮᠲᠤᠭᠠᠢᠢᠯᠠᠬᠤ ᠊᠊᠊᠊᠊᠊ ᠴᠦᠬᠡᠨ ᠪᠤᠰᠤ ᠬᠡᠷ ᠤᠨ ᠠᠬᠠᠮᠠᠳ ᠬᠡᠤᠬᠡᠳ ᠤᠨ ᠢᠶᠠᠨ ᠰᠡᠳᠬᠢᠯᠬᠡ ᠶᠢᠨ ᠬᠡᠷᠡᠭᠴᠡᠭᠡ ᠱᠠᠭᠠᠷᠲᠠᠯᠭ᠎ᠠ ᠶᠢ ᠤᠮᠲᠤᠭᠠᠢᠢᠯᠠᠵᠤ᠂ ᠬᠠᠷᠢᠨ ᠪᠤᠲᠠᠰ ᠤᠨ ᠲᠠᠯ᠎ᠠ ᠪᠠᠷ ᠬᠢ ᠬᠡᠷᠡᠭᠴᠡᠭᠡ ᠱᠠᠭᠠᠷᠲᠠᠯᠭ᠎ᠠ ᠶᠢ ᠠᠯᠢ ᠴᠢᠲᠠᠬᠤ ᠪᠠᠷ ᠬᠠᠨᠭ᠍ᠭᠠᠵᠤ ᠦᠭᠲᠡᠭ᠃ ᠬᠡᠤᠬᠡᠳ ᠰᠡᠳᠬᠢᠯᠬᠡ ᠶᠢᠨ ᠲᠠᠯ᠎ᠠ ᠪᠠᠷ ᠤᠷᠮ᠎ᠠ ᠮᠠᠭᠤᠲᠡᠢ ᠪᠠᠶᠢᠬᠤ ᠦᠶᠡᠰ ᠬᠡᠷ ᠤᠨ ᠠᠬᠠᠮᠠᠳ ᠢᠯᠡᠬᠦᠬᠡᠨ ᠵᠤᠷᠢᠬᠵᠢᠭᠤᠯᠤᠯ ᠦᠭᠬᠦ ᠬᠡᠷᠡᠭᠲᠡᠢ︔ ᠬᠡᠤᠬᠡᠳ ᠶᠠᠮᠡᠷ ᠨᠢᠬᠡᠨ ᠲᠠᠯ᠎ᠠ ᠪᠠᠷ ᠠᠯᠲᠠᠭ᠎ᠠ ᠪᠤᠷᠤᠭᠤ ᠭᠠᠷᠭᠠᠬᠰᠠᠨ ᠦᠶ᠎ᠠ ᠳᠤ ᠬᠡᠷ ᠤᠨ ᠠᠬᠠᠮᠠᠳ ᠠᠭᠤᠴᠢᠯᠡᠯ ᠬᠠᠶᠢᠷᠡᠯᠠᠬᠤ ᠬᠡᠷᠡᠭᠲᠡᠢ︔ ᠬᠡᠤᠬᠡᠳ ᠶᠠᠮᠠᠷ ᠪᠡᠶᠡᠷ ᠪᠠᠶᠠᠰᠤᠯᠲᠠᠢ ᠤᠴᠢᠷ ᠢᠶᠠᠨ ᠬᠡᠷ ᠤᠨ ᠠᠬᠠᠮᠠᠳ ᠲᠠᠭᠠᠨ ᠶᠠᠷᠢᠬᠤ ᠦᠶᠡᠰ ᠡᠷᠭᠡᠪᠰᠢ ᠬᠢᠨᠠᠮᠠᠭᠠᠢ ᠰᠤᠨᠤᠰᠴᠤ ᠂ ᠲᠡᠲᠡᠨ ᠤ ᠪᠡᠶᠡᠰᠤᠯ ᠢ ᠬᠠᠮᠲᠦ ᠪᠠᠷ ᠡᠳ᠋ᠯᠡᠬᠦ ᠬᠡᠷᠡᠭᠲᠡᠢ᠃                                                      ᠨᠠᠶᠢᠷᠠᠭᠤᠯᠤᠭᠴᠢ᠄ ᠰᠤᠳᠤᠨᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号