ᠰᠦᠩᠱᠠᠨ ᠲᠣᠭᠤᠷᠢᠭ ︽ᠨᠠᠮ ᠤᠨ ᠲᠡᠦᠬᠡ ᠶᠢ ᠰᠤᠷᠤᠯᠴᠠᠬᠤ᠂ ᠦᠵᠡᠯ ᠰᠠᠨᠠᠭ᠎ᠠ ᠶᠢ ᠣᠶᠢᠯᠠᠭᠠᠬᠤ᠂ ᠪᠤᠲᠠᠲᠤ | ᠶᠠᠪᠤᠳᠠᠯ ᠬᠢᠬᠦ᠂ ᠰᠢᠨ᠎ᠡ ᠪᠠᠶᠢᠳᠠᠯ ᠢ ᠨᠡᠭᠡᠭᠡᠬᠦ︾ ᠶᠡᠷᠦᠩᠬᠡᠢ ᠱᠠᠭᠠᠷᠳᠠᠯᠭ᠎ᠠ ᠶᠢ ᠴᠢᠩᠭ᠎ᠠ ᠵᠢᠷᠤᠮᠯᠠᠵᠤ᠂ ︽ᠪᠢ ᠤᠯᠠᠨ | ᠲᠦᠮᠡᠨ ᠳᠤ ᠪᠤᠲᠠᠲᠤ ᠶᠠᠪᠤᠳᠠᠯ ᠬᠢᠵᠦ ᠥᠭᠬᠦ︾ ᠦᠢᠯᠡᠳᠦᠯᠭᠡ ᠶᠢᠨ ᠠᠵᠢᠯᠯᠠᠭ᠎ᠠ ᠶᠢᠨ ᠦᠷ᠎ᠡ ᠪᠦᠲᠦᠮᠵᠢ ᠤᠯᠬᠤ ᠶᠢ | ᠠᠬᠢᠭᠤᠯᠪᠠ᠃ ᠲᠤᠭᠤᠷᠢᠭ ᠤᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠶᠡᠷᠦᠩᠬᠡᠢ ᠠᠵᠢᠯ ᠢ | ᠠᠳᠬᠤᠬᠤ ᠦᠢᠯᠡᠳᠦᠯ ᠢᠶᠠᠨ ᠰᠠᠨᠠᠭᠠᠴᠢᠯᠠᠭ᠎ᠠ ᠠᠴᠠ ᠪᠠᠨ ᠪᠠᠳᠠᠷᠠᠭᠤᠯᠵᠤ᠂ ᠪᠦᠬᠦ ᠲᠤᠭᠤᠷᠢᠭ ᠤᠨ 1215 | ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ 2.6 ᠲᠦᠮᠡᠨ ᠨᠠᠮ ᠤᠨ ᠭᠡᠰᠢᠭᠦᠨ ᠤ ᠳᠤᠮᠳᠠ ︽ | ᠪᠢ ᠤᠯᠠᠨ ᠲᠦᠮᠡᠨ ᠳᠤ ᠪᠤᠲᠠᠲᠤ ᠶᠠᠪᠤᠳᠠᠯ ᠬᠢᠵᠦ ᠥᠭᠬᠦ︾ ᠦᠢᠯᠡᠳᠦᠯᠭᠡ ᠶᠢᠨ ᠠᠵᠢᠯᠯᠠᠭ᠎ᠠ ᠶᠢ ᠥᠷᠭᠡᠨ ᠢᠶᠠᠷ | ᠥᠷᠨᠢᠭᠦᠯᠵᠦ᠂ ᠤᠯᠠᠨ ᠲᠦᠮᠡᠨ ᠤ ︽ᠪᠠᠴᠢᠮ ᠬᠦᠴᠢᠷ ᠵᠣᠪᠠᠨᠢᠯ ᠬᠦᠰᠡᠯ︾ ᠤᠨ ᠠᠰᠠᠭᠤᠳᠠᠯ ᠢ ᠦᠨᠡᠨᠬᠦ | ᠰᠢᠢᠳᠪᠦᠷᠢᠯᠡᠵᠦ᠂ ᠤᠯᠠᠨ ᠲᠦᠮᠡᠨ ᠳᠤ ᠦᠢᠯᠡᠴᠢᠯᠡᠬᠦ ︽ᠡᠴᠦᠰ ᠤᠨ ᠨᠢᠭᠡ ᠺᠢᠯᠤᠮᠧᠳ᠋ᠷ︾ ᠢ ᠨᠡᠪᠲᠡᠷᠡᠭᠦᠯᠪᠡ᠃ | ᠪᠥᠬᠦ ᠲᠤᠭᠤᠷᠢᠭ ᠤᠨ ᠭᠠᠵᠠᠷ ᠤᠨ ᠲᠠᠰ ᠤᠨ 23 ᠤᠳᠤᠷᠢᠳᠤᠯᠭ᠎ᠠ 84 ᠪᠣᠳᠠᠲᠠᠶ ᠶᠠᠪᠤᠳᠠᠯ ᠢ ᠳᠠᠭᠠᠭᠠᠵᠤ | ᠠᠪᠤᠭᠠᠳ᠂ 56 ᠵᠦᠶ᠋ᠯ ᠢ ᠨᠢ ᠨᠢᠭᠡᠨᠲᠡ ᠪᠡᠶᠡᠯᠡᠭᠦᠯᠪᠡ᠃ ᠨᠠᠮ ᠤᠨ ᠵᠣᠬᠢᠶᠠᠨ ᠪᠠᠶᠢᠭᠤᠯᠤᠯᠲᠠ ᠶᠢᠨ 82 ᠱᠦᠵᠢ | 82 ᠵᠦᠢᠯ ᠤᠨ ᠪᠣᠳᠠᠲᠤ ᠶᠠᠪᠤᠳᠠᠯ ᠢ ᠳᠠᠭᠠᠭᠠᠵᠤ ᠠᠪᠤᠭᠠᠳ 60 ᠵᠦᠢᠯ ᠢ ᠨᠢ ᠨᠢᠭᠡᠨᠲᠡ ᠪᠡᠶᠡᠯᠡᠭᠦᠯᠪᠡ᠃ ᠪᠦᠬᠦ | ᠨᠠᠮ ᠤᠨ ᠭᠡᠰᠢᠭᠦᠨ ᠲᠦᠷᠦᠭᠦᠯᠡᠨ ︽ᠠᠮᠠᠯᠠᠯᠲᠠ ᠪᠠᠨ ᠪᠡᠶᠡᠯᠡᠭᠦᠯᠬᠦ︾ ᠰᠠᠶᠢᠨ ᠳᠤᠷ᠎ᠠ ᠶᠢᠨ ᠦᠢᠯᠡᠴᠢᠯᠡᠭᠡᠨ ᠤ | ᠠᠵᠢᠯᠯᠠᠭ᠎ᠠ ᠳᠤ ᠣᠷᠣᠯᠴᠠᠵᠤ᠂ ᠰᠠᠨᠠᠭᠠᠴᠢᠯᠠᠭ᠎ᠠ ᠠᠴᠠ ᠪᠠᠨ ᠲᠣᠰᠬᠤᠨ᠂ ᠨᠡᠶᠢᠭᠡᠮ ᠲᠣᠭᠤᠷᠢᠭ ᠲᠤ ᠬᠦᠷᠴᠦ ᠨᠡᠷ᠎ᠡ | ᠮᠡᠳᠡᠭᠦᠯᠵᠦ᠂ ᠵᠠᠭᠤᠷᠠᠯᠳᠤᠭᠠᠨ ᠢ ᠡᠶᠡᠳᠡᠭᠦᠯᠬᠦ᠂ ᠲᠦᠷᠦ ᠶᠢᠨ ᠪᠤᠳᠤᠯᠭ᠎ᠠ ᠶᠢ ᠤᠬᠠᠭᠤᠯᠬᠤ᠂ ᠠᠮᠤᠷ ᠢ ᠬᠠᠮᠠᠭᠠᠯᠠᠬᠤ᠂ | ᠲᠣᠭᠤᠷᠢᠨ ᠴᠠᠭᠳᠠᠬᠤ ᠵᠡᠷᠭᠡ 1.6 ᠲᠦᠮᠡ ᠭᠠᠷᠤᠢ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯ ᠤᠨ ᠪᠠᠶᠢᠷᠢ ᠶᠢ | ᠳᠠᠭᠠᠭᠠᠵᠤ᠂ 8340 ᠭᠠᠷᠤᠢ ᠪᠣᠳᠠᠲᠤ ᠶᠠᠪᠤᠳᠠᠯ ᠢ ᠳᠠᠭᠠᠭᠤᠯᠤᠨ ᠭᠦᠢᠴᠡᠳᠬᠡᠵᠡᠢ᠃ ᠴᠤᠩᠬᠤᠨ ᠨᠢᠭᠡᠴᠢ ᠶᠢᠨ | ᠨᠠᠮ ᠤᠨ ᠭᠡᠰᠢᠭᠦᠨ ︽ᠨᠠᠮ ᠤᠨ ᠰᠦᠯᠳᠡ ᠵᠡᠭᠦᠬᠦ᠂ ᠪᠡᠶ᠎ᠡ ᠶᠢᠨ ᠭᠠᠷᠤᠯ ᠢᠶᠠᠨ ᠢᠯᠡᠷᠡᠭᠦᠯᠬᠦ᠂ ᠪᠣᠳᠠᠲᠤ ᠶᠠᠪᠤᠳᠠᠯ | ᠪᠦᠲᠦᠭᠡᠬᠦ᠂ ᠲᠦᠷᠢ ᠲᠥᠷᠬᠦ ᠶᠢ ᠪᠤᠢ ᠪᠣᠯᠭᠠᠬᠤ︾ ᠠᠵᠢᠯᠯᠠᠭ᠎ᠠ ᠶᠢ ᠭᠦᠨᠵᠡᠭᠡᠶ ᠥᠷᠨᠢᠭᠦᠯᠵᠦ᠂ 1306 ᠪᠣᠳᠠᠲᠤ | ᠠᠰᠠᠭᠤᠳᠠᠯ ᠢ ᠵᠣᠬᠢᠴᠠᠭᠤᠯᠤᠨ ᠰᠢᠶ᠋ᠳᠪᠦᠷᠢᠯᠡᠪᠡ᠃ | ᠤᠯᠤᠰ ᠤᠨ ᠴᠠᠬᠢᠯᠭᠠᠨ ᠲᠣᠣᠷ ᠤᠨ ᠰᠦᠩᠱᠠᠨ ᠲᠣᠭᠤᠷᠢᠭ ᠤᠨ ᠴᠠᠬᠢᠯᠭᠠᠨ ᠬᠠᠩᠭᠠᠬᠤ ᠺᠣᠮᠫᠠᠨᠢ ︽ᠴᠠᠬᠢᠯᠭᠠᠨ | ᠬᠦᠴᠦᠨ ᠤ ᠡᠵᠡᠩᠨᠡᠯᠲᠡ ᠶᠢᠨ ᠣᠷᠴᠢᠨ ᠲᠣᠭᠤᠷᠢᠨ ᠢ ᠰᠢᠯᠢᠳᠡᠭᠵᠢᠭᠦᠯᠵᠦ᠂ ᠴᠠᠬᠢᠯᠭᠠᠨ ᠬᠠᠩᠭᠠᠬᠤ ᠦᠢᠯᠡᠴᠢᠯᠡᠭᠡᠨ ᠤ | ᠶᠠᠰᠤ ᠴᠢᠨᠠᠷ ᠢ ᠳᠡᠭᠡᠭᠰᠢᠯᠡᠭᠦᠯᠬᠦ︾ ᠲᠤᠰᠬᠠᠢ ᠠᠵᠢᠯᠯᠠᠭ᠎ᠠ ᠶᠢ ᠥᠷᠨᠢᠭᠦᠯᠵᠦ᠂ ︽ᠰᠦᠯᠵᠢᠶ᠎ᠡ ᠪᠠᠷ ᠴᠠᠬᠢᠯᠭᠠᠨ ᠡᠷᠬᠢᠯᠡᠬᠦ | + ᠭᠡᠷ ᠲᠤᠨᠢ ᠬᠦᠷᠴᠦ ᠦᠢᠯᠡᠴᠢᠯᠡᠬᠦ︾ ᠪᠠ ︽ᠨᠡᠭᠦᠷᠡᠰᠦ ᠶᠢ ᠴᠠᠬᠢᠯᠭᠠᠨ ᠪᠣᠯᠭᠠᠨ ᠥᠭᠡᠷᠡᠴᠢᠯᠡᠬᠦ︾ ᠵᠢᠴᠢ ᠴᠡᠪᠡᠷ | ᠡᠨᠧᠷᠭᠢ ᠶᠢᠨ ᠬᠡᠷᠡᠭᠯᠡᠭᠡ ᠶᠢ ᠳᠡᠯᠭᠡᠷᠡᠭᠦᠯᠵᠦ᠂ 3.3 ᠲᠦᠮᠡ ᠭᠠᠷᠤᠢ ᠡᠷᠦᠬᠡ ᠳᠤ ᠠᠰᠢᠭ ᠬᠦᠷᠲᠡᠭᠡᠪᠡ᠃ ᠰᠦᠩᠱᠠᠨ | ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢ᠊ ᠡᠶ᠎ᠡ ︽ᠪᠢ ᠭᠠᠶᠢᠯᠢ ᠲᠤᠰᠢᠶᠠᠭᠴᠢ ᠳᠤ ᠪᠣᠳᠠᠲᠤ ᠶᠠᠪᠤᠳᠠᠯ | ᠬᠢᠵᠦ ᠥᠭᠬᠦ ᠵᠢᠴᠢ ᠠᠷᠠᠳ ᠲᠤ ᠲᠦᠭᠦᠮ ᠦᠵᠡᠭᠦᠯᠬᠦ ᠠᠵᠢᠯᠯᠠᠭ᠎ᠠ︾ ᠶᠢ ᠵᠣᠬᠢᠶᠠᠨ ᠪᠠᠶᠢᠭᠤᠯᠤᠨ ᠥᠷᠨᠢᠭᠦᠯᠵᠦ᠂ | ᠡᠯᠧᠺᠲᠷᠣᠨ ᠭᠠᠶᠢᠯᠢ ᠶᠢᠨ ᠶᠠᠪᠤᠳᠠᠯ ᠤᠨ ᠲᠣᠪᠴᠢ᠊ ᠡᠶ᠎ᠡ ᠶᠢᠨ ᠦᠪᠡᠷᠲᠡᠭᠡᠨ ᠭᠠᠶᠢᠯᠢ ᠲᠤᠰᠢᠶᠠᠬᠤ ᠠᠷᠭ᠎ᠠ ᠬᠡᠯᠪᠡᠷᠢ ᠶᠢ | ᠳᠡᠯᠭᠡᠷᠡᠭᠦᠯᠵᠦ᠂ 10 ᠲᠠᠯ᠎ᠠ ᠶᠢᠨ 30 ᠲᠦᠷᠦᠯ ᠤᠨ 100 ᠵᠦᠢᠯ ᠤᠨ ᠭᠠᠶᠢᠯᠢ ᠲᠤᠰᠢᠶᠠᠬᠤ ᠰᠦᠢᠳᠬᠡᠯ ᠢ | ᠳᠥᠭᠦᠮᠴᠢᠯᠡᠬᠦ ᠠᠷᠭ᠎ᠠ ᠬᠡᠮᠵᠢ᠊ ᠡᠶ᠎ᠡ ᠶᠢ ᠨᠠᠶᠢᠳᠠᠪᠤᠷᠢᠵᠢᠭᠤᠯᠵᠤ᠂ ᠭᠠᠶᠢᠯᠢ ᠲᠤᠰᠢᠶᠠᠬᠤ ᠲᠢᠩᠬᠢᠮ ᠤᠨ ᠡᠮᠦᠨ᠎ᠡ | ᠲᠠᠪᠴᠠᠩ ᠤᠨ ᠬᠥᠮᠦᠨ ᠤ ᠬᠦᠴᠦ ᠪᠠᠷ ᠬᠦᠯᠢᠶᠡᠨ ᠠᠪᠴᠤ ᠰᠢᠢᠳᠪᠦᠷᠢᠯᠡᠬᠦ ᠬᠠᠷᠢᠴᠠᠯ 2019 ᠣᠨ ᠤ 67% | ᠪᠠᠶᠢᠭᠰᠠᠨ ᠠᠴᠠ ᠪᠠᠨ ᠪᠠᠭᠤᠷᠠᠭᠠᠳ ᠣᠳᠣᠬᠠᠨ ᠤ 10% ᠪᠤᠯᠵᠤ᠂ ᠤᠯᠠᠨ ᠲᠦᠮᠡᠨ ᠤ ᠬᠠᠨᠤᠮᠵᠢ ᠶᠢᠨ ᠬᠡᠮᠵᠢ᠊ ᠡᠶ᠎ᠡ | ᠲᠠᠰᠤᠷᠠᠯᠳᠡ ᠦᠭᠡᠢ ᠳᠡᠭᠡᠭᠰᠢᠯᠡᠵᠡᠢ᠃ ᠣᠲᠣ ᠪᠣᠯᠲᠠᠯ᠎ᠠ᠂ ᠰᠦᠩᠱᠠᠨ ᠲᠣᠭᠤᠷᠢᠭ ᠤᠨ ᠡᠯ᠎ᠡ ᠰᠠᠯᠠᠭ᠎ᠠ ᠮᠥᠴᠢᠷ | ᠨᠡᠶᠢᠲᠡ 3044 ᠠᠰᠠᠭᠤᠳᠠᠯ ᠢ ᠴᠤᠭᠯᠠᠭᠤᠯᠵᠤ᠂ 1801 ᠠᠰᠠᠭᠤᠳᠠᠯ ᠢ ᠰᠢᠶ᠋ᠳᠪᠦᠷᠢᠯᠡᠨ᠂ 416 ᠰᠠᠶᠢᠨ | ᠳᠤᠷ᠎ᠠ ᠶᠢᠨ ᠦᠶ᠋ᠯᠡᠴᠢᠯᠡᠭᠡᠨ ᠤ ᠥᠷᠲᠡᠭᠡ ᠪᠠᠶᠢᠭᠤᠯᠵᠤ᠂ ︽ᠪᠢ ᠴᠢᠮᠠᠶᠢ ᠬᠠᠪᠰᠤᠷᠬᠤ︾ ᠰᠠᠶᠢᠨ ᠳᠤᠷ᠎ᠠ ᠶᠢᠨ | ᠠᠵᠢᠯᠯᠠᠭ᠎ᠠ ᠶᠢ 964 ᠤᠳᠠᠭ᠎ᠠ ᠥᠷᠨᠢᠭᠦᠯᠪᠡ᠃ | ᠰᠦᠩᠱᠠᠨ ᠲᠣᠭᠤᠷᠢᠭ ᠨᠡᠶᠢᠭᠡᠮ ᠤᠨ ᠪᠠᠲᠤᠯᠠᠭ᠎ᠠ᠂ ᠡᠷᠡᠭᠦᠯ ᠮᠡᠨᠳᠦ᠂ ᠰᠤᠷᠭᠠᠨ ᠬᠥᠮᠦᠵᠢᠯ᠂ ᠤᠰᠤᠨ | ᠠᠰᠢᠭᠯᠠᠯᠲᠠ ᠪᠠᠷ ᠠᠷᠠᠳ ᠲᠤ ᠠᠰᠢᠭ ᠬᠦᠷᠲᠡᠭᠡᠬᠦ᠂ ᠠᠮᠤᠭᠤᠯᠠᠩ ᠣᠷᠣᠨ ᠰᠠᠭᠤᠴᠠ᠂ ᠲᠠᠷᠢᠶᠠᠯᠠᠩ ᠤᠨ ᠨᠥᠬᠦᠪᠥᠷᠢ᠂ | ᠠᠮᠢ ᠠᠬᠤᠶ᠂ ᠰᠣᠶᠣᠯ᠂ ᠶᠠᠳᠠᠭᠤ ᠠᠴᠠ ᠠᠩᠭᠢᠵᠢᠷᠠᠭᠤᠯᠬᠤ ᠶᠢ ᠪᠠᠬᠢᠵᠢᠭᠦᠯᠬᠦ᠂ ᠰᠢᠨᠵᠢᠯᠡᠬᠦ ᠤᠬᠠᠭᠠᠨ ᠮᠡᠷᠭᠡᠵᠢᠯ ᠤᠨ | ᠠᠷᠪᠠᠨ ᠶᠡᠭᠡ ᠬᠦᠷᠢᠶᠡᠨ ᠤ ᠲᠣᠭᠤᠷᠢᠨ ᠳᠤ ᠠᠷᠠᠳ ᠲᠤ ᠠᠰᠢᠭ ᠬᠦᠷᠲᠡᠭᠡᠬᠦ ᠢᠨᠵᠧᠨᠧᠷᠢᠩ ᠢ ᠬᠡᠷᠡᠭᠵᠢᠭᠦᠯᠵᠦ᠂ | ᠠᠷᠠᠳ ᠣᠯᠠᠨ ᠤ ᠲᠣᠰ ᠪᠡᠶ᠎ᠡ ᠶᠢᠨ ᠠᠰᠢᠭ ᠲᠤᠰᠠ ᠳᠤ ᠬᠤᠯᠪᠣᠭᠳᠠᠬᠤ ᠠᠰᠠᠭᠤᠳᠠᠯ ᠢ ᠦᠨᠡᠨ ᠬᠦ ᠰᠠᠶᠢᠲᠤᠷ | ᠰᠢᠢᠳᠪᠦᠷᠢᠯᠡᠪᠡ᠃ | ᠠᠷᠠᠳ ᠲᠦᠮᠡᠨ ᠳᠤ ᠦᠢᠯᠡᠴᠢᠯᠡᠬᠦ ᠠᠷᠭ᠎ᠠ ᠵᠠᠮ ᠢ ᠰᠠᠭᠠᠳ ᠦᠭᠡᠢ ᠨᠡᠪᠲᠡᠷᠡᠭᠦᠯᠵᠦ᠂ ᠤᠯᠠᠨ ᠲᠦᠮᠡᠨ ᠤ | ᠲᠤᠰᠬᠠᠭᠰᠠᠨ ᠪᠠᠴᠢᠮ ᠰᠢᠶ᠋ᠳᠪᠦᠷᠢᠯᠡᠬᠦ ᠴᠢᠬᠤᠯᠠᠲᠠᠶ ᠠᠰᠠᠭᠤᠳᠠᠯ ᠢ ᠥᠨᠳᠥᠷ ᠪᠦᠲᠦᠮᠵᠢᠲᠡᠶ ᠪᠥᠭᠡᠳ ᠲᠦᠷᠭᠡᠨ ᠢᠶᠠᠷ | ᠱᠠᠯᠠᠪᠳᠠᠨ ᠰᠢᠶ᠋ᠳᠪᠦᠷᠢᠯᠡᠨ᠎ᠡ︔ ᠤᠯᠠᠨ ᠲᠦᠮᠡᠨ ᠤ ᠲᠤᠰᠬᠠᠭᠰᠠᠨ ᠭᠤᠣᠯᠳᠠᠯᠭ᠎ᠠ ᠲᠠᠢ ᠠᠰᠠᠭᠤᠳᠠᠯ ᠢ ᠪᠣᠳᠠᠲᠠᠶ ᠳᠤ | ᠭᠦᠨᠵᠡᠭᠡᠶᠢᠷᠡᠭᠦᠯᠦᠨ ᠨᠢᠭᠤᠷᠳᠠᠨ ᠰᠢᠶ᠋ᠳᠪᠦᠷᠢᠯᠡᠨ᠎ᠡ︔ ᠲᠥᠷᠥ ᠶᠢᠨ ᠪᠣᠳᠣᠯᠭ᠎ᠠ ᠶᠢᠨ ᠬᠤᠯᠪᠣᠭᠳᠠᠬᠤ ᠬᠡᠪᠴᠢᠶ᠎ᠡ ᠪᠠᠷ | ᠥᠷᠭᠡᠨ ᠠᠰᠠᠭᠤᠳᠠᠯ ᠢ ᠢᠯᠡ ᠪᠠᠷ ᠲᠥᠪ ᠭᠤᠤᠯᠴᠢ ᠪᠠᠷ ᠰᠢᠶ᠋ᠳᠪᠦᠷᠢᠯᠡᠨ᠎ᠡ︔ ᠨᠥᠬᠦᠴᠡᠯ ᠪᠦᠷᠢᠯᠳᠦᠭᠡᠳᠦᠶ ᠪᠠᠷ | ᠠᠪᠤᠨ ᠳᠣᠣᠷ᠎ᠠ ᠪᠠᠨ ᠰᠢᠶ᠋ᠳᠪᠦᠷᠢᠯᠡᠬᠦ ᠳᠤ ᠪᠡᠷᠬᠡᠲᠡᠶ ᠠᠰᠠᠭᠤᠳᠠᠯ ᠤᠳ ᠢ ᠨᠥᠬᠦᠴᠡᠯ ᠪᠦᠷᠢᠯᠳᠦᠭᠦᠯᠵᠦ ᠪᠠᠶᠢᠭᠠᠳ | ᠴᠢᠷᠮᠠᠶᠢᠨ ᠰᠢᠶ᠋ᠳᠪᠦᠷᠢᠯᠡᠨ᠎ᠡ᠃ | ᠰᠦᠩᠱᠠᠨ ᠲᠣᠭᠤᠷᠢᠭ ︽ᠪᠢ ᠤᠯᠠᠨ ᠲᠦᠮᠡᠨ ᠳᠤ ᠪᠣᠳᠠᠲᠤ ᠶᠠᠪᠤᠳᠠᠯ ᠬᠢᠵᠦ ᠥᠭᠬᠦ︾ ᠦᠢᠯᠡᠳᠦᠯᠭᠡ ᠶᠢᠨ | ᠠᠵᠢᠯᠯᠠᠭ᠎ᠠ ᠳᠤᠮᠳᠠ ᠠᠵᠢᠯ ᠤᠨ ᠳᠦᠷᠢᠮ ᠢᠶᠠᠨ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠦᠢᠯᠡᠴᠢᠯᠡᠭᠡᠨ ᠤ ᠬᠦᠷᠢ᠊ | ᠡᠶ᠎ᠡ ᠪᠠᠨ ᠥᠷᠭᠡᠳᠬᠡᠵᠦ᠂ ᠦᠢᠯᠡᠴᠢᠯᠡᠭᠡᠨ ᠤ ᠠᠷᠭ᠎ᠠ ᠬᠡᠯᠪᠡᠷᠢ ᠪᠠᠨ ᠰᠢᠯᠢᠳᠡᠭᠵᠢᠭᠦᠯᠵᠦ᠂ ᠨᠠᠮ ᠤᠨ ᠲᠡᠦᠬᠡ ᠶᠢᠨ | ᠰᠤᠷᠤᠯᠴᠠᠯᠭ᠎ᠠ ᠬᠥᠮᠦᠵᠢᠯ ᠤᠨ ᠦᠷ᠎ᠡ ᠪᠦᠲᠦᠭᠡᠯ ᠤᠨ ᠠᠷᠠᠳ ᠤᠨ ᠰᠡᠳᠬᠢᠯ ᠳᠤ ᠭᠦᠨᠵᠡᠭᠡᠶᠢᠷᠡᠬᠦ ᠶᠢ ᠪᠠᠲᠤᠯᠠᠵᠤ᠂ | ᠥᠷᠭᠡᠨ ᠤᠯᠠᠨ ᠲᠦᠮᠡᠨ ᠤ ᠨᠠᠮ ᠤᠨ ᠲᠡᠦᠬᠡ ᠶᠢ ᠰᠤᠷᠤᠯᠴᠠᠬᠤ᠂ ᠨᠠᠮ ᠤᠨ ᠠᠴᠢ ᠶᠢ ᠣᠶᠢᠯᠠᠭᠠᠬᠤ᠂ ᠨᠠᠮ ᠢᠶᠠᠨ | ᠳᠠᠭᠠᠬᠤ ᠶᠢ ᠬᠦᠳᠦᠯᠦᠨ ᠵᠢᠯᠣᠭᠤᠳᠪᠠ᠃ | | | | | | | | | | | | ᠁ |