︹ᠴᠢᠩ︺ᠴᠠᠩ ᠪᠠᠢ ᠸᠧᠨ ᠰᠢᠶᠠᠩ ᠪᠦᠸᠧ ᠴᠤᠧᠠᠨ | ᠲᠦᠭᠡᠮᠡᠯ ᠡᠯᠪᠡᠭᠲᠦ ᠶᠢᠨ ᠲᠤᠯᠤᠭᠠᠨ ᠤᠨ᠂ ᠤᠯᠠᠭᠴᠢᠨ ᠮᠣᠭᠠᠢ ᠵᠢᠯ᠂ ᠬᠦᠬᠡᠭᠡ ᠰᠠᠷ᠎ᠠ ᠶᠢᠨ ᠠᠷᠪᠠᠨ | ᠬᠤᠶᠠᠷ ᠤᠨ ᠡᠳᠦᠷ ᠠᠳᠣᠭᠤᠨ ᠢ ᠵᠠᠬᠢᠷᠬᠤ ᠶᠠᠮᠤᠨ ᠤ ᠳ᠋ᠡᠰ ᠲᠦᠰᠢᠮᠡᠯ ᠠᠭᠰᠠᠨ ᠡᠷᠡᠨ ᠳᠤᠷ ᠵᠠᠷᠯᠢᠭ ᠢᠶᠠᠷ ᠨᠢᠭᠡᠨᠳᠡ | ᠦᠩᠭᠡᠷᠡᠭᠰᠡᠨ ᠪᠠᠭᠠᠷᠢᠨ ᠵᠠᠰᠠᠭ ᠪᠠᠶᠢᠰᠠ ᠳᠣᠷᠵᠢᠰᠠᠩᠷᠣᠪ ᠤᠨ ᠨᠣᠳᠤᠭ ᠲᠤᠷ ᠬᠦᠷᠴᠦ ᠡᠵᠡᠨ ᠤ ᠡᠮᠦᠨ᠎ᠠ ᠠᠴᠠ | ᠭᠠᠰᠢᠭᠤᠳᠠᠨ ᠲᠠᠶᠢᠪᠠᠢ᠃ ᠵᠢᠯ ᠤᠨ ᠡᠮᠦᠨ᠎ᠠ ᠡᠵᠡᠨ ᠠᠴᠠ ᠰᠣᠷᠭᠠᠯ ᠬᠦᠷᠳᠡᠭᠰᠡᠨ ᠪᠦᠯᠦᠭᠡ᠃ ᠴᠡᠷᠢᠭ ᠤᠨ ᠵᠤᠷᠭᠠᠨ᠂ | ᠮᠣᠩᠭᠤᠯ ᠵᠤᠷᠭᠠᠨ ᠤ ᠲᠡᠮᠳᠡᠭ ᠪᠢᠴᠢᠭ ᠢ ᠪᠦᠷᠢᠳᠭᠡᠨ ᠭᠦᠢᠴᠡᠭᠡᠳᠦᠢ ᠶᠢᠨ ᠲᠣᠯᠠᠳᠠ ᠬᠠᠪᠤᠷ ᠤᠨ ᠲᠡᠷᠢᠭᠦᠨ | ᠰᠠᠷ᠎ᠠ ᠶᠢᠨ ᠰᠢᠨ᠎ᠠ ᠶᠢᠨ ᠬᠤᠶᠠᠷ ᠲᠤᠷ ᠡᠰᠡ ᠬᠦᠳᠡᠯᠦᠨ ᠬᠦᠯᠢᠶᠡᠭᠡᠳ ᠬᠠᠪᠤᠷ ᠤᠨ ᠲᠡᠷᠢᠭᠦᠨ ᠰᠠᠷ᠎ᠠ ᠶᠢᠨ ᠠᠷᠪᠠᠨ | ᠨᠢᠭᠡᠨ ᠳᠤᠷ ᠲᠠᠬᠢᠨᠳᠠ ᠡᠵᠡᠨ ᠠᠴᠠ ᠰᠣᠷᠭᠠᠯ ᠬᠦᠷᠳᠡᠵᠦ᠂ ᠠᠷᠪᠠᠨ ᠲᠦᠷᠪᠡᠨ ᠳᠤᠷ ᠬᠦᠳᠡᠯᠦᠨ ᠭᠠᠷᠤᠭᠰᠠᠨ ᠪᠦᠯᠦᠭᠡ | ᠃︹ᠡᠵᠡᠨ ᠠᠴᠠ ᠰᠣᠷᠭᠠᠯ ᠬᠦᠷᠳᠡᠬᠦ ᠬᠡᠮᠡᠭᠴᠢ ᠮᠠᠨᠵᠣ ᠪᠠᠷ ᠪᠢᠴᠢᠭᠰᠡᠨ ᠠᠶᠢᠯᠠᠳᠬᠠᠯ ᠤᠨ ᠨᠣᠭᠤᠯᠪᠤᠷᠢ ᠠᠴᠠ | ᠭᠠᠳᠠᠨ᠎ᠠ ᠰᠢᠷ᠎ᠠ ᠭᠬᠢᠪ ᠢᠶᠠᠷ ᠪᠠᠷᠢᠨᠳᠠᠭᠯᠠᠭᠰᠠᠨ ᠠᠮᠤᠷ ᠠᠶᠢᠯᠠᠳᠬᠠᠬᠤ ᠨᠤᠭᠤᠯᠪᠤᠷᠢ ᠶᠢᠨ ᠬᠠᠮᠳᠤ ᠬᠠᠭᠤᠯᠪᠤᠷᠢᠯᠠᠭᠰᠠᠨ | ᠲᠡᠮᠳᠡᠭ ᠪᠢᠴᠢᠭ ᠢ ᠲᠡᠪᠰᠢᠭᠦᠯᠪᠡᠢ᠃ ᠮᠣᠩᠭᠤᠯ ᠵᠤᠷᠭᠠᠨ ᠠᠴᠠ ᠦᠢᠯᠡᠳᠦᠭᠰᠡᠨ ᠮᠠᠨᠵᠤ ᠮᠣᠩᠭᠤᠯ ᠬᠢᠲᠠᠳ | ᠬᠠᠪᠰᠤᠷᠭᠠᠭᠰᠠᠨ ᠲᠠᠬᠢᠯ ᠤᠨ ᠪᠢᠴᠢᠭ ᠨᠢᠭᠡᠨ ᠬᠤᠪᠢ᠂ ᠵᠠᠷᠯᠢᠭ ᠤᠨ ᠬᠤᠯᠣᠰᠤᠨ ᠬᠤᠩᠬᠢᠶ᠎ᠠ ᠨᠢᠭᠡᠨ᠂ ᠤᠯᠠᠭᠠᠨ | ᠰᠢᠷ᠎ᠠ ᠳᠣᠷᠳᠤᠩ ᠲᠤᠰ ᠪᠦᠷᠢ ᠨᠠᠢᠮᠠᠨ ᠲᠤᠬᠤᠢ᠂ ᠰᠢᠷ᠎ᠠ ᠲᠤᠷᠭ᠎ᠠ ᠨᠠᠢᠮᠠᠨ ᠲᠣᠬᠤᠢ ᠪᠣᠯᠤᠨ ᠬᠤᠯᠣᠰᠣᠨ | ᠬᠤᠩᠬᠢᠶ᠎ᠠ ᠶᠢ ᠡᠭᠦᠷᠬᠦ ᠨᠠᠢᠮᠠᠨ ᠲᠣᠬᠤᠢ ᠰᠢᠷ᠎ᠠ ᠪᠦᠰ ᠬᠤᠶᠠᠷ ᠬᠡᠰᠡᠭ ᠢ ᠬᠦᠯᠢᠶᠡᠨ ᠠᠪᠴᠤ ᠮᠦᠨ ᠬᠤᠪᠢ ᠪᠠᠷ ᠢᠶᠠᠨ | ᠨᠠᠢᠮᠠᠨ ᠲᠣᠬᠤᠢ ᠰᠢᠷ᠎ᠠ ᠪᠦᠰ ᠢ ᠪᠡᠯᠡᠳᠭᠡᠨ ᠰᠢᠷ᠎ᠠ ᠲᠤᠷᠭᠠᠨ ᠤ ᠭᠠᠳᠠᠭᠤᠷ ᠪᠠᠭᠯᠠᠨ᠂ ᠮᠣᠩᠭᠤᠯ ᠵᠤᠷᠭᠠᠨ ᠠᠴᠠ | ᠲᠤᠰᠢᠶᠠᠭᠰᠠᠨ ᠬᠤᠶᠠᠷ ᠰᠢᠷ᠎ᠠ ᠲᠤᠷᠭᠠᠨ ᠤᠭᠤᠳᠠᠨ ᠳᠤᠷ ᠳᠠᠬᠢᠯ ᠤᠨ ᠪᠢᠴᠢᠭ ᠮᠦᠩᠬᠦ ᠪᠣᠯᠤᠨ ᠴᠡᠷᠢᠭ ᠤᠨ | ᠵᠤᠷᠭᠠᠨ ᠠᠴᠠ ᠦᠭᠭᠦᠭᠰᠡᠨ ᠴᠡᠷᠢᠭ ᠤᠨ ᠲᠡᠮᠳᠡᠭ ᠲᠠᠬᠢᠯᠭ᠎ᠠ ᠶᠢᠨ ᠪᠢᠴᠢᠭ ᠢ ᠤᠭᠤᠳᠠᠯᠠᠮᠣᠢ᠃ ᠲᠠᠬᠢᠯ ᠤᠨ ᠪᠢᠴᠢᠭ ᠢ | ᠦᠷᠳᠡᠭᠡ ᠪᠦᠷᠢ ᠳᠤᠷ ᠦᠷᠳᠡᠭᠡᠴᠢ ᠨᠢᠭᠡᠨ ᠨᠡᠷ᠎ᠠ᠂ ᠤᠯᠠᠭᠠᠴᠢ ᠬᠤᠶᠠᠷ ᠨᠡᠷ᠎ᠠ ᠲᠤᠮᠢᠯᠠᠨ ᠬᠦᠷᠭᠡᠯᠭᠡᠮᠦᠢ᠃ | ᠨᠡᠶᠢᠰᠯᠡᠯ ᠠᠴᠠ ᠭᠠᠷᠴᠤ ᠦᠷᠳᠡᠭᠡ ᠳᠠᠮᠵᠢᠨ ᠲᠠᠮᠠᠭᠠᠨ ᠬᠤᠧᠠᠷ ᠨᠠᠭᠠᠯᠭᠠᠨ ᠶᠠᠪᠤᠮᠤᠢ᠃ ᠦᠷᠳᠡᠭᠡ ᠪᠦᠷᠢ ᠳᠤᠷ | ᠠᠯᠭᠤᠷᠯᠠᠨ ᠤᠰᠤᠯᠳᠠᠬᠤ ᠪᠦᠯᠦᠭᠡ᠂ ᠶᠡᠷᠦᠳᠡᠭᠡᠨ ᠠᠯᠪᠠᠨ ᠴᠡᠷᠢᠭ ᠨᠢᠭᠡᠯᠡ ᠬᠦᠮᠦᠨ ᠦᠷᠳᠡᠭᠡᠨ ᠳᠤᠷ ᠠᠯᠪᠠᠯᠠᠬᠤ ᠪᠠᠷ | ᠢᠷᠡᠵᠦ᠂ ᠲᠡᠭᠦᠨ ᠢ ᠪᠠᠰᠠ ᠰᠢᠬᠠᠮᠳᠠᠭᠤᠯᠤᠨ ᠱᠠᠭᠠᠷᠳᠠᠬᠤ ᠦᠭᠡᠢ ᠪᠣᠯᠪᠠᠰᠤ ᠦᠯᠦ ᠪᠣᠯᠤᠮᠤᠢ᠃ ᠡᠭᠦᠨ ᠠᠴᠠ | ᠭᠠᠳᠠᠨ᠎ᠠ ᠮᠣᠩᠭᠤᠯ ᠵᠤᠷᠭᠠᠨ ᠠᠴᠠ ᠲᠣᠭᠳᠠᠭᠠᠯ ᠶᠣᠰᠤᠭᠠᠷ ᠬᠠᠪᠰᠤᠷᠭᠠᠭᠰᠠᠨ ᠪᠢᠴᠢᠭ᠂ ᠴᠡᠷᠢᠭ ᠤᠨ ᠲᠡᠮᠳᠡᠭ ᠢ | ᠮᠣᠩᠭᠤᠯ ᠬᠦᠮᠦᠨ ᠪᠦᠷᠢ ᠳᠤ ᠨᠢᠭᠡᠨ ᠬᠤᠪᠢ ᠶᠢ ᠦᠭᠴᠦ᠂ ᠮᠣᠩᠭᠤᠯ ᠦᠷᠳᠡᠭᠡᠨ ᠳᠤᠷ ᠬᠡᠷᠡᠭᠯᠡᠬᠦᠢ ᠳᠤᠷ ᠪᠡᠯᠡᠳᠭᠡᠬᠦ | ᠪᠣᠯᠠᠢ᠃ ᠭᠡᠪᠡᠴᠦ ᠡᠳᠡᠭᠡᠷ ᠳᠡᠮᠳᠡᠭ ᠪᠢᠴᠢᠭ ᠢ ᠪᠡᠯᠡᠳᠭᠡᠭᠰᠡᠨ ᠴᠦ ᠬᠡᠷᠡᠭᠯᠡᠬᠦ ᠭᠠᠵᠠᠷ ᠦᠭᠡᠢ ᠪᠣᠶᠤ᠃ ᠮᠣᠩᠭᠤᠯ | ᠦᠷᠳᠡᠭᠡᠨ ᠢᠨᠦ ᠤᠨᠤᠭ᠎ᠠ ᠮᠣᠷᠢᠳ ᠭᠦᠢᠴᠡᠯᠳᠦᠬᠦ ᠦᠭᠡᠢ ᠬᠡᠮᠡᠨ ᠰᠢᠯᠳᠠᠵᠤ ᠡᠨᠡᠬᠦ ᠲᠡᠮᠳᠡᠭ ᠪᠢᠴᠢᠭ ᠢᠶᠠᠷ | ᠤᠯᠠᠭ᠎ᠠ ᠶᠢᠨ ᠮᠣᠷᠢ ᠶᠢ ᠰᠣᠯᠢᠵᠦ ᠦᠭᠬᠦ ᠬᠡᠮᠡᠳᠡᠭ᠂ ᠲᠡᠭᠦᠨ ᠢ ᠢᠳᠡᠭᠡᠵᠦ ᠦᠯᠦ ᠪᠣᠯᠤᠮᠤᠢ᠃ ᠤᠷᠢᠳᠤᠬᠢ | ᠬᠦᠮᠦᠰ ᠤᠨ ᠬᠡᠯᠡᠬᠦ ᠪᠠᠷ ᠡᠨᠡᠬᠦ ᠳᠡᠮᠳᠡᠭ ᠢ ᠦᠭᠪᠡᠰᠦ ᠳᠠᠨᠠᠷ ᠶᠠᠮᠠᠷᠪᠠ ᠬᠦᠮᠦᠨ ᠤᠨᠤᠭ᠎ᠠ ᠶᠢ ᠡᠯᠳᠡᠪ ᠢᠶᠠᠷ ᠬᠢᠬᠠᠨ | ᠰᠢᠬᠠᠵᠤ ᠰᠠᠨᠠᠭᠠᠨ ᠤ ᠲᠠᠪᠠ ᠪᠠᠷ ᠵᠠᠷᠤᠳᠠᠭ ᠬᠡᠮᠡᠮᠦ᠃ ᠳᠠᠬᠢᠯ ᠤᠨ ᠪᠢᠴᠢᠭ᠂ ᠴᠡᠷᠢᠭ ᠤᠨ ᠲᠡᠮᠳᠡᠭ᠂ ᠬᠠᠪᠰᠤᠷᠭᠠᠭᠰᠠᠨ | ᠪᠢᠴᠢᠭ ᠵᠡᠷᠭᠡ ᠶᠢ ᠴᠦᠮ ᠮᠣᠩᠭᠤᠯ ᠵᠣᠷᠭᠠᠨ ᠠᠴᠠ ᠬᠠᠷᠢᠭᠤᠴᠠᠨ ᠭᠦᠢᠴᠡᠳᠭᠡᠨ ᠬᠦᠨᠳᠦ ᠱᠠᠩ ᠬᠡᠰᠢᠭ ᠢ ᠬᠦᠯᠢᠶᠡᠨ | ᠠᠪᠳᠠᠭ ᠪᠦᠯᠦᠭᠡ᠂ ᠬᠦᠮᠦᠨ ᠢ ᠭᠤᠶᠣᠨ ᠱᠠᠭᠠᠷᠳᠠᠨ ᠬᠦᠢᠴᠡᠳᠭᠡᠯᠭᠡᠵᠦ᠂ ᠤᠰᠤᠯ ᠠᠳᠡᠭᠦᠦ ᠭᠠᠷᠭᠠᠬᠤ ᠶᠢ ᠤᠨᠴᠠ | ᠬᠢᠴᠢᠶᠡᠨ ᠪᠣᠶᠤ᠃ ᠲᠠᠬᠢᠯᠭᠠᠨ ᠤ ᠮᠦᠩᠭᠦ ᠶᠢ ᠮᠣᠩᠭᠤᠯ ᠵᠤᠷᠭᠠᠨ ᠠᠴᠠ ᠲᠣᠮᠢᠯᠠᠭᠰᠠᠨ ᠡᠷᠬᠢᠨ ᠬᠠᠮᠢᠶᠠᠷᠤᠭᠴᠢ ᠪᠠᠷ | ᠲᠤᠰᠬᠠᠶᠢᠯᠠᠨ ᠲᠤᠭᠳᠠᠭᠰᠠᠨ ᠭᠠᠵᠠᠷ ᠲᠤᠷ ᠬᠦᠷᠭᠡᠨ ᠤᠴᠢᠵᠤ ᠲᠤᠬᠠᠢ ᠶᠢᠨ ᠭᠠᠵᠠᠷ ᠠᠴᠠ ᠳᠠᠬᠢᠯ ᠳᠤᠷ ᠬᠡᠷᠡᠭᠯᠡᠬᠦ | ᠵᠦᠢᠯ ᠢ ᠬᠤᠳᠠᠯᠳᠤᠨ ᠠᠪᠬᠤ ᠪᠦᠯᠦᠭᠡ᠃ ᠪᠡᠯᠪᠡᠰᠦᠷᠡᠯ ᠬᠢᠵᠦ ᠪᠦᠬᠦᠢ ᠬᠦᠮᠦᠰ ᠦᠯᠦ ᠬᠠᠮᠢᠶᠠᠷᠬᠤ ᠪᠣᠯᠪᠠᠴᠤ | ᠭᠠᠷ ᠢᠶᠠᠨ ᠪᠠᠵᠠᠭᠳᠠᠨ ᠲᠠᠯᠪᠢᠯ ᠦᠭᠡᠢ ᠰᠠᠭᠤᠨ ᠢᠶᠠᠷ ᠦᠭᠡᠢ ᠪᠦᠯᠦᠭᠡ᠃ ᠤᠶᠢᠷᠠᠯᠴᠠᠭ᠎ᠠ ᠪᠣᠯᠪᠠᠰᠤ ᠲᠦᠰᠢᠮᠡᠯ ᠠᠴᠠ | ᠵᠥᠪᠬᠡᠨ ᠬᠤᠶᠠᠷ ᠬᠤᠭᠤᠰᠤᠨ ᠤᠭᠤᠳᠠ ᠦᠭᠳᠡᠭ᠂ ᠡᠰᠡ ᠪᠦᠭᠡᠰᠦ ᠪᠡᠯᠪᠡᠰᠦᠷᠡᠯ ᠬᠢᠵᠦ ᠪᠠᠶᠢᠭ᠎ᠠ ᠬᠦᠮᠦᠨ ᠢᠶᠠᠷ | ᠪᠡᠯᠡᠳᠭᠡᠯᠭᠡᠳᠡᠭ ᠠᠵᠤᠭᠤ᠃ ᠢᠨᠢᠶᠡᠳᠦᠮᠳᠠᠢ ᠪᠤᠰᠤ ᠤᠤ᠃ ᠭᠡᠷᠪᠡᠷ ᠠᠰᠢᠭ ᠤᠯᠵᠠ ᠡᠰᠡ ᠤᠯᠳᠠᠪᠠᠰᠤ ᠡᠭᠦᠪᠡᠷ | ᠵᠣᠯᠢᠶᠠᠰᠤ ᠪᠣᠯᠭᠠᠨ ᠮᠦᠴᠡᠭᠡᠷᠭᠡᠳᠡᠭ ᠠᠵᠤᠭᠤ᠃︺ | ᠠᠷᠪᠠᠨ ᠲᠦᠷᠪᠡᠨ ᠤ ᠭᠤᠣᠯ ᠦᠳᠡ ᠳᠤᠷ ᠬᠦᠳᠡᠯᠦᠨ ᠭᠠᠷᠴᠤ ᠭᠤᠴᠢᠨ ᠭᠠᠵᠠᠷ ᠵᠠᠮᠨᠠᠨ ᠰᠦᠨ ᠾᠧ | ᠳ᠋ᠢᠶᠠᠨ ᠳᠤᠷ ᠮᠣᠩᠭᠤᠯ ᠵᠤᠷᠭᠠᠨ ᠤ ᠲᠣᠮᠢᠯᠠᠭᠰᠠᠨ ᠬᠠᠮᠢᠶᠠᠷᠤᠭᠴᠢ ᠢᠯᠭᠠᠭᠴᠢ ᠲᠦᠰᠢᠮᠡᠯ ᠭᠤᠧᠠᠩ ᠱᠠᠨ ᠯᠤᠭ᠎ᠠ | ᠤᠴᠠᠷᠠᠪᠠᠢ᠃ ᠳᠠᠬᠢᠨ ᠲᠦᠴᠢᠨ ᠭᠠᠵᠠᠷ ᠵᠠᠮᠨᠠᠨ ᠱᠦᠨ ᠢ ᠰᠢᠶᠠᠨ ᠳᠤᠷ ᠬᠦᠷᠴᠦ ᠬᠤᠳᠠ ᠶᠢᠨ ᠲᠣᠳᠤᠷᠠᠬᠢ ᠨᠠᠨ | ᠭᠤᠧᠠᠨ ᠳᠤᠷ ᠬᠤᠨᠤᠭᠯᠠᠪᠠᠢ᠃ ᠲᠡᠬᠢᠶ᠎ᠠ ᠴᠠᠭ ᠤᠨ ᠡᠭᠢᠨ ᠳᠤᠷ ᠬᠠᠪᠤᠷ ᠤᠨ ᠠᠭᠤᠷ ᠤᠷᠤᠭᠰᠠᠨ ᠪᠣᠯᠠᠢ᠃ | ︹ᠰᠢᠶᠠᠨ ᠤ ᠨᠣᠶᠠᠨ ᠢ ᠾᠧ ᠶᠢᠩ ᠬᠡᠮᠡᠮᠦᠢ᠂ ᠡᠷᠭᠦᠭᠰᠡᠨ ᠨᠡᠷ᠎ᠠ ᠯᠢ ᠹᠠᠩ᠂ ᠲᠣᠰᠠᠯᠠᠨ ᠪᠠᠷᠢᠬᠴᠢ ᠠᠴᠠ ᠪᠡᠶ᠎ᠠ | ᠭᠠᠷᠴᠤᠬᠤᠢ᠃ ᠰᠢᠶᠠᠨ ᠤ ᠠᠷᠤ ᠡᠭᠦᠳᠡᠨ ᠤ ᠭᠠᠳᠠᠨ᠎ᠠ ᠺᠠᠩ ᠵᠢᠶᠧ ᠠᠪᠤᠭᠠᠢ ᠪᠣᠯᠤᠨ ᠳ᠋ᠦ᠋ ᠶᠠᠨ ᠱᠠᠨ ᠠᠪᠤᠭᠠᠢ ᠳᠤᠷ | ᠪᠣᠰᠬᠠᠭᠰᠠᠨ ᠬᠦᠰᠢᠶᠡᠨ ᠪᠠᠶᠢᠮᠣᠢ᠃︺︵ᠠᠷᠪᠠᠨ ᠲᠠᠪᠤᠨ ᠤ ᠡᠳᠦᠷ ᠠᠴᠠ ᠬᠤᠷᠢᠨ ᠲᠦᠷᠪᠡᠨ ᠤ ᠡᠳᠦᠷ | ᠪᠣᠯᠳᠠᠯᠠᠬᠢ ᠶᠢ ᠲᠤᠪᠴᠢᠯᠠᠪᠠ᠃︶ | ᠬᠤᠷᠢᠨ ᠲᠠᠪᠤᠨ ᠤ ᠡᠳᠦᠷ ᠳᠠᠤᠯᠠᠢ ᠴᠠᠭ ᠤᠨ ᠡᠬᠢᠨ ᠳᠤᠷ ᠴᠠᠰᠤᠨ ᠤ ᠴᠢᠮᠡᠭᠡ ᠪᠠᠷ ᠪᠣᠰᠴᠤ ᠦᠵᠡᠪᠡᠰᠦ | ᠲᠤᠬᠤᠢ ᠢᠯᠡᠭᠦᠦ ᠤᠷᠤᠵᠤᠬᠤᠢ᠃ ᠯᠣᠣ ᠴᠠᠭ ᠲᠤᠷ ᠴᠠᠰᠤ ᠵᠢᠭᠠᠬᠠᠨ ᠵᠣᠭᠰᠤᠬᠤᠢ ᠳᠤᠷ ᠤᠨᠤᠭ᠎ᠠ ᠬᠦᠯᠦᠭ ᠢ | ᠱᠠᠭᠠᠷᠳᠠᠨ ᠵᠠᠮ ᠢᠶᠠᠨ ᠬᠦᠭᠡᠭᠡᠨ ᠭᠤᠴᠢᠨ ᠭᠠᠵᠠᠷ ᠭᠠᠷᠪᠠᠰᠤ ᠲᠡᠮᠦᠷ ᠤᠨ ᠲᠠᠷᠬᠠᠨ ᠤ ᠬᠦᠷᠢᠶᠡᠨ ᠳᠤᠷ ᠬᠦᠷᠴᠦ | ᠡᠷᠳᠡ ᠶᠢᠨ ᠬᠤᠭᠤᠯᠠ ᠴᠠᠢ ᠶᠢ ᠬᠡᠷᠡᠭᠯᠡᠨ ᠵᠢᠭᠠᠬᠠᠨ ᠠᠮᠣᠰᠬᠢᠭᠠᠳ ᠪᠠᠰᠠ ᠬᠡᠳᠦᠨ ᠭᠠᠵᠠᠷ ᠲᠤᠷ ᠰᠢᠷᠤᠢ ᠶᠢᠨ | ᠬᠦᠳᠦᠯ ᠳᠤᠷ ᠭᠠᠷᠬᠤᠢ ᠳᠤᠷ ᠨᠢᠭᠡᠨ ᠵᠠᠮ ᠪᠣᠢ᠂ ᠬᠠᠭᠠᠰ ᠭᠠᠵᠠᠷ ᠶᠠᠪᠤᠵᠤ ᠣᠷᠣᠢ ᠳᠡᠭᠡᠷ᠎ᠡ ᠢᠨᠦ ᠬᠦᠷᠴᠦᠬᠦᠢ᠂ | ᠤᠷᠤᠢ ᠠᠨᠤ ᠲᠡᠭᠰᠢ ᠰᠢᠷᠡᠭᠡᠨ ᠮᠡᠲᠦ᠂ ᠪᠠᠷᠤᠭ ᠲᠦᠴᠢᠨ ᠭᠠᠵᠠᠷ ᠪᠠᠶᠢᠮᠣᠢ᠃ ᠲᠦᠷᠪᠡᠨ ᠵᠦᠭ ᠲᠤᠷ ᠪᠠᠷᠠᠯᠠᠪᠠᠰᠤ | ᠠᠭᠤᠯᠠᠰ ᠤᠨ ᠤᠷᠭᠢᠯ ᠰᠡᠬᠦ᠋ᠢᠯᠴᠡᠨ᠂ ᠵᠢᠬᠡᠭᠦᠨ ᠰᠠᠯᠬᠢ ᠬᠠᠤᠭᠢᠨᠠᠮ᠃ ᠨᠤᠳᠤᠭ ᠤᠨ ᠬᠥᠮᠥᠰ ᠢᠨᠦ ᠡᠭᠦᠨ ᠢ ᠶᠡᠭᠡ | ᠳᠠᠯᠠᠩ ᠬᠡᠮᠡᠮᠦ᠃ ᠪᠣᠭᠤᠮᠳᠠ ᠶᠢᠨ ᠭᠠᠳᠠᠨ᠎ᠠ ᠤᠯᠠᠨ ᠪᠣᠯᠪᠠᠴᠤ ᠪᠠᠭᠠᠷᠢᠨ ᠤ ᠵᠠᠮ ᠳᠤᠷ ᠬᠠᠷᠢᠨ ᠴᠦᠬᠡᠨ ᠰᠢᠭ ᠪᠣᠶᠤ᠃ | ᠳᠠᠯᠠᠩ ᠠᠴᠠ ᠪᠠᠭᠤᠨ ᠨᠢᠭᠡᠨ ᠲᠤᠰᠬᠤᠨ ᠢ ᠦᠩᠭᠡᠷᠡᠨ ᠳᠠᠬᠢᠨᠳᠠ ᠳᠠᠪᠠᠭᠠᠨ ᠢ ᠦᠵᠡᠬᠦᠢ ᠳᠤᠷ ᠠᠷᠪᠠ ᠭᠠᠷᠤᠢ | ᠭᠠᠵᠠᠷ ᠢ ᠦᠩᠭᠡᠷᠡᠨ ᠮᠦᠨ ᠠᠷᠪᠠ ᠭᠠᠷᠤᠢ ᠭᠠᠵᠠᠷ ᠦᠷᠬᠦᠯᠵᠢᠯᠡᠨ ᠠᠮᠤᠢ᠃ ᠪᠡᠴᠢᠨ ᠴᠠᠭ ᠤᠨ ᠭᠤᠳᠠᠭᠠᠷ | ᠮᠦᠴᠡ ᠳᠤᠷ ᠴᠧᠨ ᠲᠤ ᠪᠦᠸᠧ ᠳᠤᠷ ᠬᠦᠷᠴᠦ ᠬᠤᠨᠣᠭᠯᠠᠬᠤᠢ ᠳᠤᠷ ᠯᠠᠮᠠ ᠶᠢᠨ ᠰᠦᠮ᠎ᠠ ᠠᠴᠠ ᠬᠤᠨᠤᠭ ᠭᠤᠶᠤᠪᠠᠢ᠃ | ︹ᠲᠤᠰ ᠦᠷᠳᠡᠭᠡᠨ ᠠᠴᠠ ᠬᠤᠶᠢᠰᠢᠬᠢ ᠤᠯᠠᠩᠬᠢ ᠭᠠᠵᠠᠷ ᠤᠨ ᠵᠠᠢ ᠠᠨᠤ ᠤᠨᠣᠪᠴᠢ ᠦᠭᠡᠢ᠂ ᠮᠣᠩᠭᠤᠯ | ᠦᠷᠳᠡᠭᠡᠨ ᠤ ᠭᠠᠵᠠᠷ ᠤᠨ ᠵᠠᠢ ᠳᠤᠷ ᠲᠣᠭᠠᠨ ᠢᠶᠠᠨ ᠲᠦᠭᠦᠮᠴᠢᠯᠡᠨ ᠬᠡᠷᠡᠭᠯᠡᠳᠡᠭ ᠠᠵᠤᠭᠤ᠃︺ | ᠬᠤᠷᠢᠨ ᠵᠢᠷᠭᠤᠭᠠᠨ ᠤ ᠡᠳᠦᠷ ᠯᠣᠣ ᠴᠠᠭ ᠤᠨ ᠡᠬᠢᠨ ᠳᠤᠷ ᠬᠦᠳᠡᠯᠣᠨ ᠭᠠᠷᠴᠤ ᠭᠤᠴᠢᠨ ᠭᠠᠵᠠᠷ ᠲᠤᠷ | ᠪᠠᠭ᠎ᠠ ᠳᠠᠪᠠᠭᠠᠨ ᠤ ᠵᠠᠮ ᠢ ᠦᠩᠭᠡᠷᠡᠪᠡᠢ᠂ ᠾᠧᠢ ᠱᠦᠢ ᠯᠢᠶᠠᠩ ᠳᠠᠪᠠᠭᠠᠨ ᠬᠡᠮᠡᠮᠦ᠂ ᠳᠠᠪᠠᠭᠠᠨ ᠤ ᠳᠣᠣᠷ᠎ᠠ ᠾᠧᠢ | ᠱᠦᠢ ᠼᠦᠨ ᠲᠣᠰᠬᠤᠨ ᠪᠠᠶᠢᠬᠤ ᠪᠣᠶᠤ᠃ ᠡᠷᠳᠡ ᠶᠢᠨ ᠬᠤᠭᠤᠯᠠ ᠴᠠᠢ ᠶᠢ ᠬᠡᠷᠡᠭᠯᠡᠨ ᠲᠦᠷ ᠠᠮᠠᠷᠠᠪᠠᠢ᠃ ᠲᠠᠬᠢᠨ | ᠳᠥᠴᠢᠨ ᠭᠠᠵᠠᠷ ᠲᠤᠷ ᠪᠡᠴᠢᠨ ᠴᠠᠭ ᠤᠨ ᠦᠶᠡᠰ ᠲᠡᠭᠷᠢ ᠤᠷᠤᠢ ᠪᠣᠯᠤᠭᠰᠠᠨ ᠤ ᠲᠣᠯᠠᠳᠠ ᠦᠷᠳᠡᠭᠡᠨ ᠤ ᠵᠠᠩᠭᠢ ᠶᠢᠨ | ᠭᠡᠷ ᠲᠤᠷ ᠬᠤᠨᠤᠭᠯᠠᠪᠠᠢ᠃ ᠳᠠᠷᠠᠭ᠎ᠠ ᠡᠳᠦᠷ ᠤᠨ ᠦᠳᠡ ᠶᠢᠨ ᠬᠤᠶᠢᠨ᠎ᠠ ᠮᠦᠨ ᠴᠠᠰᠤᠨ ᠤᠷᠤᠪᠠᠢ᠃ |