︹ᠴᠢᠩ︺ᠴᠠᠩ ᠪᠠᠢ ᠸᠧᠨ ᠰᠢᠶᠠᠩ ᠪᠦᠸᠧ ᠴᠤᠧᠠᠨ | ᠬᠠᠪᠤᠷ ᠤᠨ ᠲᠣᠮᠳᠠ ᠰᠠᠷ᠎ᠠ ᠶᠢᠨ ᠰᠢᠨ᠎ᠠ ᠶᠢᠨ ᠨᠢᠭᠡᠨ ᠳᠤᠷ ᠲᠠᠤᠯᠠᠢ ᠴᠠᠭ ᠲᠤᠷ ᠪᠣᠰᠬᠤᠢ ᠳᠤᠷ ᠴᠠᠰᠤᠨ | ᠮᠦᠨ ᠤᠷᠤᠭᠰᠠᠭᠠᠷ ᠠᠵᠤᠭᠤ᠃ ᠠᠳᠡ ᠬᠦᠴᠦᠯᠡᠨ ᠦᠯᠡᠳᠡᠭᠡᠬᠦ ᠬᠡᠮᠡᠭᠰᠡᠨ ᠠᠪᠠᠴᠤ᠂ ᠳᠠᠬᠢᠯ ᠢᠶᠠᠨ ᠲᠡᠭᠦᠰᠭᠡᠨ | ᠬᠤᠶᠠᠷ ᠭᠤᠷᠪᠠᠨ ᠡᠳᠦᠷ ᠠᠮᠠᠷᠠᠬᠤ ᠪᠠᠷ ᠪᠣᠯᠪᠠᠢ᠂ ᠬᠤᠷᠢᠮ ᠨᠠᠶᠢᠷ ᠲᠠᠯᠪᠢᠬᠤ ᠬᠡᠮᠡᠨ ᠥᠭᠦᠯᠡᠵᠦ ᠪᠠᠢᠮᠤᠢ᠃ | ᠵᠠᠷᠯᠢᠭ ᠲᠤᠷ ᠠᠯᠢᠪᠠ ᠬᠡᠢ ᠬᠤᠭᠤᠰᠤᠨ ᠬᠡᠭᠡᠨᠴᠢᠷ ᠦᠭᠡᠰ ᠢ ᠦᠯᠦ ᠬᠡᠷᠡᠭᠯᠡᠨ᠂ ᠲᠠᠶᠢᠵᠤ ᠪᠠᠷᠠᠪᠠᠰᠤ ᠲᠠᠷᠤᠢ | ᠪᠣᠴᠠᠳᠣᠭᠠᠢ ᠬᠡᠮᠡᠭᠰᠡᠨ ᠪᠦᠯᠦᠭᠡ᠃ ᠮᠣᠭᠠᠢ ᠴᠠᠭ ᠤᠨ ᠡᠬᠢᠨ ᠳᠤᠷ ᠪᠠᠶᠢᠰᠡ ᠶᠢᠨ ᠤᠩᠭᠤᠨ ᠳᠤᠷ ᠬᠦᠷᠪᠡᠢ᠂ | ᠲᠦᠷᠪᠡᠨ ᠵᠦᠭ ᠲᠤᠷ ᠬᠦᠮᠦᠨ ᠠᠮᠢᠳᠠᠨ ᠬᠡᠮᠡᠨ ᠦᠭᠡᠢ᠃ ᠪᠠᠶᠢᠰᠡ ᠶᠢᠨ ᠪᠡᠯᠪᠡᠰᠦᠨ ᠬᠠᠳᠤᠨ ᠪᠠᠭ᠎ᠠ ᠪᠠᠶᠢᠰᠡ ᠶᠢ | ᠳᠠᠭᠠᠭᠤᠯᠤᠨ︹ᠨᠡᠷ᠎ᠠ ᠶᠢ ᠪᠢᠴᠢᠨᠠᠰᠤᠨ ᠬᠡᠮᠡᠮᠦ︺ ᠤᠭᠰᠠᠭ᠎ᠠ ᠶᠢᠨ ᠤᠯᠠᠨ ᠯᠤᠭ᠎ᠠ ᠬᠠᠮᠳᠤ ᠰᠦᠭᠦᠳᠦᠨ ᠤᠭᠳᠤᠪᠠᠢ᠃ | ᠲᠠᠶᠢᠵᠤ ᠲᠡᠬᠢᠬᠤ ᠦᠶᠡᠰ ᠲᠡᠭᠷᠢ ᠶᠢᠨ ᠡᠯᠴᠢᠨ ᠲᠦᠪ ᠵᠣᠭᠰᠤᠨ ᠲᠠᠶᠢᠯᠠᠯᠭ᠎ᠠ ᠶᠢᠨ ᠪᠢᠴᠢᠭ ᠢ ᠤᠩᠰᠢᠨ | ᠲᠡᠭᠦᠰᠬᠦᠢ ᠳᠤᠷ ᠲᠡᠭᠷᠢ ᠶᠢᠨ ᠡᠯᠴᠢᠨ ᠢᠶᠠᠷ ᠵᠣᠭᠰᠤᠭ᠎ᠠ ᠪᠠᠷ ᠤᠴᠣᠭᠳᠤ ᠬᠤᠨᠳᠠᠭ᠎ᠠ ᠪᠠᠷ ᠭᠤᠷᠪᠠᠨ ᠬᠤᠨᠳᠠᠭ᠎ᠠ | ᠳᠠᠷᠠᠰᠤᠨ ᠢ ᠡᠷᠭᠦᠨ᠂ ᠪᠠᠷᠠᠭᠤᠨᠰᠢ ᠬᠠᠨᠳᠤᠨ ᠵᠣᠭᠰᠣᠪᠠᠢ᠃ ᠪᠠᠭ᠎ᠠ ᠪᠠᠶᠢᠰᠡ ᠪᠣᠯᠤᠨ ᠤᠭᠰᠠᠭ᠎ᠠ ᠶᠢᠨ ᠬᠦᠮᠦᠨ | ᠪᠠᠷᠠᠭᠤᠨ ᠡᠮᠦᠨᠡᠰᠢ ᠡᠵᠡᠨ ᠬᠤᠳᠠᠨ ᠵᠦᠭ ᠪᠠᠷᠠᠭᠠᠯᠠᠨ ᠭᠤᠷᠪᠠᠨ ᠰᠦᠭᠦᠳᠡᠯ ᠶᠢᠰᠦᠨ ᠮᠦᠷᠭᠦᠯ ᠢ ᠭᠦᠢᠴᠡᠳᠭᠡᠨ | ᠡᠵᠡᠨ ᠤ ᠬᠡᠰᠢᠭ ᠲᠤᠷ ᠲᠠᠯᠠᠷᠬᠠᠨ᠂ ᠡᠷᠭᠢᠵᠦ ᠪᠣᠴᠠᠨ ᠲᠡᠭᠷᠢ ᠶᠢᠨ ᠡᠯᠴᠢᠨ ᠳᠤᠷ ᠬᠠᠨᠳᠤᠨ ᠨᠢᠭᠡᠨᠳᠡ ᠮᠦᠷᠭᠦᠪᠡᠢ᠃ | ᠶᠣᠰᠤᠯᠠᠨ ᠲᠡᠭᠦᠰᠦᠭᠡᠳ ᠮᠣᠩᠭᠤᠯ ᠭᠡᠷ ᠲᠤᠷ ᠵᠠᠯᠠᠨ ᠤᠷᠤᠭᠤᠯᠪᠠᠢ᠃ ᠲᠣᠰᠠᠯᠠᠭᠴᠢ ᠨᠠᠷ ᠪᠠᠭ᠎ᠠ ᠪᠠᠶᠢᠰᠠ ᠪᠠᠷ ᠬᠠᠳᠠᠭ | ᠪᠠᠷᠢᠭᠤᠯᠤᠨ ᠵᠣᠯᠭᠠᠭᠤᠯᠪᠠᠢ᠃︹ᠬᠠᠳᠠᠭ ᠢ ᠲᠤᠷᠭ᠎ᠠ ᠲᠣᠷᠳᠤᠩ ᠢᠶᠠᠷ ᠬᠢᠮᠣᠢ᠂ ᠭᠠᠷ ᠠᠯᠴᠢᠭᠤᠷ ᠮᠡᠲᠦ᠂ ᠤᠷᠳᠤ | ᠠᠨᠤ ᠬᠤᠶᠠᠷ ᠭᠤᠷᠪᠠᠨ ᠲᠤᠬᠤᠢ᠂ ᠮᠣᠩᠭᠤᠯᠴᠣᠳ ᠠᠬᠠᠰ ᠵᠠᠬᠠᠰ ᠪᠣᠯᠤᠨ ᠪᠣᠷᠬᠠᠨ ᠳᠤᠷ ᠮᠦᠷᠭᠦᠬᠦᠢ ᠳᠤᠷ ᠢᠶᠠᠨ | ᠬᠡᠷᠡᠭᠯᠡᠮᠦᠢ᠃ ᠬᠦᠨᠳᠦᠯᠡᠨ ᠪᠠᠶᠢᠭ᠎ᠠ ᠶᠤᠰᠤᠨ ᠪᠣᠶᠤ᠃︺ᠬᠠᠳᠠᠭ ᠢ ᠠᠨᠤ ᠲᠣᠰᠤᠨ ᠠᠪᠴᠤ ᠪᠣᠴᠠᠭᠠᠨ ᠪᠠᠷᠢᠪᠠᠢ᠃ | ᠬᠡᠷᠡᠭ ᠮᠡᠳᠡᠭᠴᠢ ᠠᠨᠤ ᠡᠭᠦᠳᠡᠨ ᠲᠣᠳᠤᠷ᠎ᠠ ᠢᠰᠡᠭᠡᠢ ᠲᠡᠪᠢᠰᠦᠭᠰᠡᠨ ᠳᠤᠷ ᠬᠠᠳᠤᠨ ᠤᠷᠤᠵᠤ ᠢᠷᠡᠨ ᠶᠤᠰᠤᠨ ᠢ | ᠬᠦᠢᠴᠡᠳᠭᠡᠬᠦᠢ ᠳᠤᠷ ᠲᠡᠭᠷᠢ ᠶᠢᠨ ᠡᠯᠴᠢᠨ ᠪᠠᠷ ᠬᠠᠷᠢᠭᠤ ᠳᠠᠯᠠᠷᠬᠠᠪᠠᠢ᠃ ᠲᠠᠬᠢᠨᠳᠠ ᠴᠠᠢ ᠪᠣᠭᠤᠷᠰᠤᠭ ᠤᠨ ᠰᠢᠷᠡᠭᠡ | ᠵᠠᠰᠠᠪᠠᠢ᠃︹ᠴᠠᠢ ᠪᠣᠭᠤᠷᠰᠤᠭ ᠠᠨᠤ ᠲᠦᠷᠪᠡᠨ ᠦᠩᠭᠡ᠂ ᠴᠢᠨᠠᠭᠰᠠᠨ ᠴᠠᠢ ᠨᠢᠭᠡᠨ ᠲᠠᠪᠤᠷ᠎ᠠ᠂ ᠲᠡᠭᠷᠢ ᠶᠢᠨ | ᠡᠯᠴᠢᠨ ᠤ ᠠᠪᠴᠤ ᠶᠠᠪᠤᠭ᠎ᠠ ᠴᠠᠢ ᠶᠢᠨ ᠠᠶᠠᠭᠠᠨ ᠳᠤᠷ ᠠᠨᠤ ᠴᠠᠢ ᠠᠶᠠᠭᠠᠯᠠᠨ ᠪᠠᠷᠢᠪᠠᠢ᠃︺ᠴᠠᠢ ᠶᠢᠨ ᠰᠢᠷᠡᠭᠡᠨ ᠢ | ᠬᠤᠷᠢᠶᠠᠨ ᠰᠢᠭᠦᠰᠦ ᠣᠷᠣᠭᠤᠯᠪᠠᠢ᠂ ᠦᠬᠡᠷ ᠬᠤᠨᠢᠨ ᠮᠢᠬ᠎ᠠ ᠲᠤᠰᠪᠤᠷᠢ ᠨᠢᠭᠡᠨ ᠲᠡᠪᠰᠢ ᠪᠣᠯᠠᠢ᠃ ᠬᠤᠷᠢᠶᠠᠭᠠᠳ | ᠲᠡᠬᠢᠨ ᠳᠠᠷᠠᠰᠤᠨ ᠰᠢᠷᠡᠭᠡ ᠵᠠᠰᠠᠵᠤᠬᠤᠢ᠃ ᠴᠠᠭᠠᠨ ᠱᠠᠭᠠᠵᠠᠩ ᠬᠤᠨᠳᠠᠭ᠎ᠠ ᠶᠢᠰᠦ᠂ ᠤᠴᠣᠭᠳᠤ ᠭᠠᠤᠯᠢᠨ ᠬᠤᠨᠳᠠᠭ᠎ᠠ | ᠬᠤᠶᠠᠷ ᠢ ᠵᠡᠷᠭᠡᠴᠡᠭᠦᠯᠦᠨ ᠦᠷᠦᠵᠦ᠂ ᠳᠠᠷᠠᠰᠤ ᠬᠡᠮᠨᠡᠬᠦᠢ ᠳᠤᠷ ᠲᠣᠰᠠᠯᠠᠭᠴᠢ ᠪᠠᠷ ᠰᠦᠭᠦᠳᠦᠨ ᠮᠡᠳᠡᠭᠦᠯᠦᠭᠰᠡᠨ ᠠᠨᠤ | ᠲᠡᠭᠷᠢ ᠶᠢᠨ ᠡᠯᠴᠢᠨ ᠳᠤᠷ ᠨᠠᠢᠮᠠᠨ ᠬᠦᠯᠦᠭ᠂ ᠲᠣᠣᠷᠠᠬᠢ ᠬᠦᠮᠦᠨ ᠳᠤᠷ ᠨᠢᠵᠡᠭᠡᠳ ᠬᠦᠯᠦᠭ ᠪᠡᠯᠡᠭᠯᠡᠰᠦᠭᠡᠢ | ᠬᠡᠮᠡᠭᠰᠡᠨ ᠳᠤᠷ ᠳᠠᠳᠠᠭᠠᠯᠵᠠᠨ᠂ ᠵᠠᠷᠯᠢᠭ ᠢ ᠬᠢᠴᠢᠶᠡᠩᠭᠦ᠋ᠢᠯᠡᠨ ᠡᠯᠴᠢᠨ ᠤ ᠡᠭᠦᠷᠬᠡ ᠪᠠᠨ ᠰᠠᠶᠢᠳᠤᠷ ᠪᠡᠶᠡᠯᠡᠭᠦᠯᠰᠦᠭᠡᠢ | ᠬᠡᠮᠡᠨ ᠲᠠᠬᠢᠨ ᠲᠠᠪᠳᠠᠨ ᠶᠣᠰᠤᠯᠠᠨ ᠳᠠᠳᠠᠭᠠᠯᠵᠠᠪᠠᠢ᠃ ᠠᠷᠭ᠎ᠠ ᠪᠣᠰᠤ ᠡᠭᠡᠭᠦᠯᠪᠡᠢ᠃ ᠡᠮᠦᠨ᠎ᠠ ᠢᠨᠦ ᠪᠢᠴᠢᠭᠰᠡᠨ ᠰᠢᠭ | ᠠᠯᠢᠪᠠ ᠬᠠᠷᠢᠭᠤ ᠪᠡᠯᠡᠭ ᠢ ᠰᠠᠶᠢᠬᠠᠨ ᠦᠭᠡ ᠪᠠᠷ ᠬᠤᠷᠢᠭᠯᠠᠨ ᠳᠠᠳᠠᠭᠠᠯᠵᠠᠭᠰᠠᠨ ᠪᠦᠯᠦᠭᠡ᠃ ᠮᠣᠩᠭᠤᠯ ᠬᠡᠯᠡᠨ ᠤ | ᠵᠠᠷᠯᠢᠭ ᠤᠨ ᠪᠢᠴᠢᠭ ᠨᠢᠭᠡᠨ ᠬᠤᠪᠢ︹ᠤᠷᠴᠢᠭᠤᠯᠤᠭᠴᠢ ᠪᠣᠶᠤ ᠡᠭᠦᠷᠭᠡ ᠬᠦᠢᠴᠡᠳᠭᠡᠵᠦ ᠪᠠᠶᠢᠭ᠎ᠠ ᠬᠦᠮᠦᠨ | ᠲᠣᠮᠳᠠ ᠠᠴᠠ ᠠᠨᠤ ᠭᠦᠷᠢᠮᠳᠡᠭᠰᠡᠨ ᠲᠦᠯᠦᠪᠳᠡᠢ︺ ᠶᠢ ᠤᠷᠴᠢᠭᠤᠯᠤᠭᠴᠢ ᠶᠢ ᠵᠠᠷᠯᠢᠭᠳᠠᠨ ᠠᠳᠡᠬᠢ | ᠪᠢᠴᠢᠭᠡᠴᠢ︹ᠳᠣᠳᠤᠷ᠎ᠠ ᠭᠠᠵᠠᠷ ᠤᠨ ᠪᠢᠴᠢᠭᠡᠴᠢ ᠪᠣᠯᠠᠢ︺ ᠪᠠᠷ ᠬᠠᠳᠤᠨ ᠤ ᠡᠮᠦᠨ᠎ᠠ ᠳᠠᠭᠤᠳᠠᠭᠤᠯᠬᠤᠢ ᠳᠤᠷ | ᠤᠭᠰᠠᠭ᠎ᠠ ᠶᠢᠨ ᠤᠯᠠᠨ ᠤ ᠬᠠᠮᠳᠤ ᠬᠦᠷᠢᠶᠡᠯᠡᠨ ᠰᠣᠨᠣᠰᠬᠤ ᠶᠢᠨ ᠳᠠᠭᠠᠤ ᠭᠠᠷ ᠢᠶᠠᠨ ᠬᠠᠮᠳᠣᠳᠬᠠᠨ ᠬᠢᠴᠢᠶᠡᠩᠭᠦ᠋ᠢᠯᠡᠨ | ᠪᠠᠶᠢᠭ᠎ᠠ ᠠᠨᠤ ᠡᠵᠡᠨ ᠳᠤᠷ ᠢᠭᠳᠦᠯᠡᠨ ᠳᠠᠯᠠᠷᠬᠠᠵᠤ ᠪᠠᠶᠢᠭ᠎ᠠ ᠲᠦᠯᠦᠪᠳᠡᠢ᠃ ᠬᠠᠳᠤᠨ ᠪᠠᠷ ᠪᠠᠭ᠎ᠠ ᠪᠠᠶᠢᠰᠡ ᠶᠢ | ᠳᠠᠭᠠᠭᠤᠯᠤᠨ ᠲᠠᠬᠢᠨ ᠬᠠᠳᠠᠭ ᠪᠠᠷᠢᠬᠤᠢ ᠳᠤᠷ ᠮᠦᠨ ᠪᠡᠯᠡᠭ ᠰᠡᠯᠳᠡ ᠶᠢᠨ ᠵᠦᠢᠯ ᠢ ᠠᠨᠤ ᠡᠰᠡ ᠠᠪᠤᠭᠰᠠᠨ ᠳᠤᠷ | ᠰᠡᠳᠬᠢᠯᠭᠡ ᠪᠠᠨ ᠡᠰᠡ ᠢᠯᠡᠷᠬᠡᠶᠢᠯᠡᠨ ᠬᠦᠷᠰᠢ ᠤᠯᠠᠨ ᠤ ᠡᠯᠡᠭᠯᠡᠯ ᠪᠣᠯᠬᠤ ᠠᠴᠠ ᠡᠮᠢᠶᠡᠨ ᠵᠣᠪᠠᠭᠰᠠᠨ ᠠᠵᠤᠭᠤ᠃ | ᠲᠠᠶᠢᠨ ᠬᠦ ᠬᠠᠳᠠᠭ ᠢ ᠠᠨᠤ ᠬᠦᠯᠢᠶᠡᠨ ᠠᠪᠴᠤ᠂ ᠬᠢᠳᠤᠭ᠎ᠠ᠂ ᠵᠢᠭᠠᠷ ᠤᠨ ᠬᠠᠪᠳᠠᠭ᠎ᠠ᠂ ᠬᠦᠬᠦᠷ᠂ ᠬᠠᠭᠰᠠᠭᠠᠭᠰᠠᠨ | ᠲᠠᠮᠠᠬᠢ ᠲᠡᠷᠢᠭᠦᠳᠡᠨ ᠢ ᠬᠠᠷᠢᠭᠤ ᠪᠣᠯᠭᠠᠨ ᠪᠠᠷᠢᠵᠤ᠂ ᠵᠢᠭᠠᠬᠠᠨ ᠤᠳᠠᠰᠬᠢᠭᠡᠳ ᠪᠣᠰᠴᠤ ᠠᠶᠠᠯᠠᠬᠤᠢ ᠳᠤᠷ ᠬᠠᠳᠤᠨ | ᠪᠣᠯᠣᠨ ᠤᠭᠰᠠᠭ᠎ᠠ ᠶᠢᠨ ᠤᠯᠠᠨ ᠪᠠᠷ ᠬᠤᠯᠠ ᠭᠠᠷᠳᠠᠯ᠎ᠠ ᠦᠳᠡᠬᠦ ᠬᠡᠮᠡᠭᠰᠡᠨ ᠳᠤᠷ ᠢᠳᠬᠠᠨ ᠵᠣᠭᠰᠣᠭᠠᠯᠤᠭᠠ᠃ ᠮᠣᠭᠠᠢ | ᠴᠠᠭ ᠲᠤᠷ ᠯᠤᠤᠳᠤᠪᠠᠨ ᠢ ᠦᠩᠭᠡᠷᠡᠨ ᠵᠣᠭᠰᠣᠯ ᠦᠭᠡᠢ ᠶᠠᠪᠤᠭᠰᠠᠭᠠᠷ ᠲᠡᠬᠢᠶ᠎ᠠ ᠴᠠᠭ ᠤᠨ ᠡᠬᠢᠨ ᠢᠶᠠᠷ ᠶᠡᠭᠡ ᠪᠠᠶᠢᠰᠢᠩ | ᠬᠦᠷᠴᠦ ᠬᠤᠨᠤᠭᠯᠠᠪᠠᠢ᠃ ᠳᠠᠷᠠᠭ᠎ᠠ ᠡᠳᠦᠷ ᠤᠨ ᠦᠳᠡ ᠶᠢᠨ ᠬᠤᠶᠢᠨ᠎ᠠ ᠵᠠᠪᠰᠢᠶᠠᠨ ᠢᠶᠠᠷ ᠴᠠᠰᠤ ᠵᠤᠭᠰᠤᠨ ᠲᠡᠭᠷᠢ | ᠴᠡᠯᠮᠡᠪᠡᠢ᠃ ᠲᠡᠳᠦ᠋ᠢᠯᠡ ᠶᠡᠭᠡ ᠶᠠᠳᠠᠷᠠᠭᠰᠠᠨ ᠦᠭᠡᠢ ᠪᠣᠯᠠᠢ᠃ ᠴᠠᠭᠠᠨ ᠰᠠᠷ᠎ᠠ ᠶᠢᠨ ᠠᠷᠪᠠᠨ ᠲᠦᠷᠪᠡᠨ ᠠᠴᠠ ᠤᠳᠣ | ᠪᠣᠯᠳᠠᠯ᠎ᠠ ᠠᠷᠪᠠᠨ ᠲᠣᠯᠣᠭᠠᠨ ᠡᠳᠦᠷ ᠵᠠᠮᠨᠠᠭᠰᠠᠨ ᠠᠵᠤᠭᠤ᠃ ᠮᠣᠩᠭᠤᠯ ᠦᠷᠳᠡᠭᠡᠨ ᠤ ᠤᠯᠠᠭ᠎ᠠ ᠵᠠᠮ ᠠᠨᠤ | ᠲᠤᠭᠳᠠᠪᠤᠷᠢ ᠦᠭᠡᠢ᠂ ᠭᠠᠵᠠᠷ ᠤᠨ ᠵᠠᠢ ᠶᠢ ᠬᠡᠮᠵᠢᠶᠡᠯᠡᠬᠦᠢ ᠳᠤᠷ ᠲᠤᠪᠴᠢᠯᠠᠬᠤ ᠪᠦᠯᠦᠭᠡ᠃ ᠰᠣᠨᠣᠰᠤᠯᠳᠠ ᠪᠠᠷ | ᠨᠡᠶᠢᠰᠯᠡᠯ ᠠᠴᠠ ᠠᠳᠡ ᠬᠦᠷᠳᠡᠯ᠎ᠠ ᠮᠢᠩᠭ᠎ᠠ ᠵᠢᠷᠭᠤᠭᠠᠨ ᠵᠠᠭᠤᠨ ᠢᠯᠡᠭᠦᠦ ᠭᠠᠵᠠᠷ ᠬᠡᠮᠡᠮᠦ᠃ ᠡᠨᠡ ᠤᠳᠠᠭᠠᠨ ᠤ | ᠠᠯᠪᠠ ᠶᠢ ᠲᠠᠭᠤᠰᠬᠠᠬᠤᠢ ᠳᠤᠷ ᠠᠷᠪᠠᠨ ᠲᠤᠯᠤᠭᠠᠨ ᠡᠳᠦᠷ ᠪᠣᠴᠡᠨ ᠠᠶᠠᠯᠠᠬᠤ ᠪᠣᠯᠠᠢ᠃ ᠪᠣᠴᠠᠬᠤᠢ ᠳᠤᠷ ᠤᠴᠢᠷ | ᠶᠠᠪᠤᠳᠠᠯ ᠦᠭᠡᠢ ᠶᠢᠨ ᠲᠤᠯᠠᠳᠠ ᠳᠠᠮᠳᠡᠭᠯᠡᠭᠰᠡᠨ ᠦᠭᠡᠢ ᠪᠣᠯᠠᠢ᠃ ᠬᠠᠪᠤᠷ ᠤᠨ ᠳᠣᠮᠳᠠ ᠰᠠᠷ᠎ᠠ ᠶᠢᠨ ᠬᠤᠷᠢᠨ | ᠨᠠᠢᠮᠠᠨ ᠳᠤᠷ ᠨᠡᠶᠢᠰᠯᠡᠯ ᠳᠤᠷ ᠬᠦᠷᠴᠦᠬᠦᠢ᠃ ᠯᠢᠦᠢ ᠽᠦ ᠶᠢᠨ ᠠᠰᠠᠷ ᠲᠤᠷ ᠪᠠᠭᠤᠳᠠᠯᠯᠠᠨ ᠠᠮᠠᠷᠠᠨ ᠳᠠᠳ᠋ ᠡᠳᠦᠷ ᠢᠨᠦ | ᠬᠦᠷᠢᠶᠡᠯᠡᠩ ᠳᠤᠷ ᠬᠦᠷᠴᠦ ᠵᠠᠷᠯᠢᠭ ᠢ ᠪᠣᠴᠠᠭᠠᠪᠠᠢ᠃ ᠮᠣᠷᠳᠠᠭᠰᠠᠨ ᠠᠴᠠ ᠢᠨᠠᠭᠰᠢᠬᠢ ᠤᠴᠢᠷ ᠢᠶᠠᠨ ᠲᠡᠮᠳᠡᠭᠯᠡᠭᠴᠢ | ᠲᠦᠰᠢᠮᠡᠯ ᠳᠤᠷ ᠲᠦᠭᠦᠮᠬᠡᠨ ᠬᠡᠯᠡᠨ ᠦᠭᠴᠦᠬᠦᠢ᠃ ᠳᠠᠷᠠᠭ᠎ᠠ ᠡᠳᠦᠷ ᠢᠨᠦ ᠬᠠᠮᠳᠤ ᠪᠠᠷ ᠡᠵᠡᠨ ᠳᠤᠷ ᠪᠠᠷᠠᠭᠠᠯᠠᠨ | ᠬᠡᠰᠢᠭ ᠲᠤᠷ ᠮᠦᠷᠭᠦᠨ ᠶᠠᠪᠤᠵᠤ ᠰᠠᠭᠤᠭᠰᠠᠨ ᠢᠶᠠᠨ ᠨᠢᠭᠡᠳ ᠨᠢᠭᠡ ᠪᠠᠷ ᠠᠶᠢᠯᠠᠳᠬᠠᠨ ᠮᠡᠳᠡᠭᠦᠯᠦᠭᠰᠡᠨ ᠳᠤᠷ ᠯᠣᠣ ᠶᠢᠨ | ᠴᠢᠷᠠᠢ ᠳᠤᠷ ᠮᠦᠰᠢᠶᠡᠳᠦ ᠲᠤᠳᠤᠷᠠᠪᠠᠢ᠂ ᠦᠳᠡ ᠪᠣᠯᠬᠤᠢ ᠳᠤᠷ ᠭᠡᠷ ᠲᠤᠷ ᠢᠶᠠᠨ ᠬᠠᠷᠢᠪᠠᠢ᠃ |