ᠴᠠᠰᠤ ᠲᠠᠢ ᠡᠳᠦᠷ ᠲᠡᠷᠭᠡ ᠵᠢᠯᠤᠭᠤᠳᠬᠤ ᠳᠤ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2022/2/16
    1 . ᠬᠠᠷᠠᠭ᠎ᠠ ᠰᠠᠶᠢᠨ ᠪᠠᠶᠢᠬᠤ ᠶᠢ ᠪᠠᠲᠤᠯᠠᠬᠤ ᠬᠡᠷᠡᠭᠲᠡᠶ       ᠴᠠᠰᠤ ᠲᠠᠢ ᠡᠳᠦᠷ ᠲᠡᠷᠭᠡ ᠵᠢᠯᠣᠭᠤᠳᠬᠤ ᠳᠤ ᠬᠠᠷᠠᠭ᠎ᠠ ᠮᠠᠰᠢ ᠴᠢᠬᠤᠯᠠ᠂ ᠡᠮᠦᠨ᠎ᠡ ᠲᠠᠯ᠎ᠠ ᠶᠢᠨ ᠰᠠᠯᠬᠢ ᠬᠠᠯᠬᠠᠯᠠᠬᠤ ᠰᠢᠯ᠂ ᠠᠷᠤ ᠬᠠᠷᠠᠭᠠᠨ ᠰᠢᠯ ᠤᠨ ᠲᠣᠳᠣᠷᠬᠠᠶ ᠴᠡᠪᠡᠷ ᠪᠠᠶᠢᠬᠤ ᠶᠢ ᠪᠠᠲᠤᠯᠠᠬᠤ ᠬᠡᠷᠡᠭᠲᠡᠶ᠃ ᠲᠡᠷᠭᠡᠨ ᠴᠣᠩᠬᠤᠨ ᠳᠤ ᠮᠠᠨᠠᠨ ᠲᠠᠲᠠᠪᠠᠯ ᠠᠭᠠᠷ ᠲᠣᠬᠢᠷᠠᠭᠤᠯᠤᠭᠴᠢ ᠶᠢᠨ ᠬᠠᠯᠠᠭᠤᠨ ᠰᠠᠯᠬᠢ ᠶᠢ ᠦᠯᠢᠶᠡᠯᠭᠡᠵᠦ ᠡᠮᠦᠨ᠎ᠡ ᠰᠢᠯ ᠤᠨ ᠮᠠᠨᠠᠨ ᠢ ᠠᠷᠢᠯᠭᠠᠵᠤ ᠪᠣᠯᠤᠨ᠎ᠠ᠃     2 . ᠲᠡᠷᠭᠡᠨ ᠬᠤᠷᠳᠤᠴᠠ ᠶᠢ ᠡᠵᠡᠮᠳᠡᠵᠦ᠂ ᠠᠮᠤᠷ ᠲᠦᠪᠰᠢᠨ ᠤ ᠵᠠᠶ ᠶᠢ ᠪᠠᠲᠤᠯᠠᠬᠤ ᠬᠡᠷᠡᠭᠲᠡᠶ       ᠲᠡᠷᠭᠡ ᠮᠥᠰᠥ ᠴᠠᠰᠤᠨ ᠤ ᠵᠠᠮ ᠳᠡᠭᠡᠷ᠎ᠡ ᠲᠣᠷᠮᠣᠰᠯᠠᠬᠤ ᠦᠶᠡᠰ᠂ ᠲᠣᠷᠮᠣᠰᠯᠠᠬᠤ ᠵᠠᠶ ᠨᠢ ᠶᠡᠭᠡ ᠬᠡᠮᠵᠢᠶ᠎ᠡ ᠪᠠᠷ ᠤᠷᠲᠤᠳᠠᠨ᠎ᠠ᠃ ᠮᠥᠰᠥ ᠴᠠᠰᠤᠨ ᠤ ᠵᠠᠮ ᠳᠡᠭᠡᠷ᠎ᠡ ᠲᠡᠷᠭᠡ ᠵᠢᠯᠣᠭᠤᠳᠬᠤ ᠳᠤ᠂ ᠲᠡᠷᠭᠡᠨ ᠤ ᠬᠤᠷᠳᠤᠴᠠ ᠶᠢ ᠪᠠᠭᠤᠷᠠᠭᠤᠯᠬᠤ ᠶᠢᠨ ᠬᠠᠮᠲᠤ᠂ ᠡᠮᠦᠨᠡᠬᠢ ᠲᠡᠷᠭᠡ ᠯᠦᠭᠡ ᠶᠢᠨ ᠬᠤᠭᠤᠷᠣᠨᠳᠣᠬᠢ ᠠᠮᠤᠷ ᠲᠦᠪᠰᠢᠨ ᠤ ᠵᠠᠶ ᠶᠢ ᠨᠡᠮᠡᠭᠳᠡᠭᠦᠯᠵᠦ᠂ ᠥᠪᠡᠷ ᠤᠨ ᠪᠡᠶ᠎ᠡ ᠳᠡᠭᠡᠨ  ᠭᠦᠢᠴᠡᠳ ᠲᠤᠰᠬᠠᠯ ᠤᠨ ᠴᠠᠭ ᠦᠯᠡᠳᠡᠭᠡᠵᠦ᠂ ᠵᠠᠮ ᠬᠠᠷᠢᠯᠴᠠᠭᠠᠨ ᠤ ᠠᠳᠡᠯ ᠭᠠᠷᠬᠤ ᠠᠴᠠ ᠵᠠᠶᠢᠯᠠᠰᠬᠢᠬᠦ ᠬᠡᠷᠡᠭᠲᠡᠶ᠃     3. ᠳ᠋ᠧᠩ ᠤᠨ ᠭᠡᠷᠡᠯ ᠢ ᠵᠥᠪ ᠬᠡᠷᠡᠭᠯᠡᠬᠦ ᠬᠡᠷᠡᠭᠲᠡᠢ       ᠴᠠᠰᠤ ᠲᠠᠢ ᠡᠳᠦᠷ ᠦᠵᠡᠭᠳᠡᠴᠡ ᠳᠤᠤᠷ᠎ᠠ᠂ ᠳ᠋ᠧᠩ ᠤᠨ ᠬᠡᠷᠡᠯ ᠢ ᠵᠥᠪ ᠬᠡᠷᠡᠭᠯᠡᠬᠦ ᠶᠢ ᠠᠩᠬᠠᠷᠬᠤ ᠬᠡᠷᠡᠭᠲᠡᠶ᠄ ᠨᠢᠭᠡ ᠳᠤ᠂ ᠮᠠᠨᠠᠨ ᠤ ᠳ᠋ᠧᠩ᠂ ᠣᠶᠢᠷ᠎ᠠ ᠬᠡᠷᠡᠯ ᠤᠨ ᠳ᠋ᠧᠩ ᠢ ᠠᠰᠠᠭᠠᠵᠤ᠂ ᠵᠢᠯᠣᠭᠤᠴᠢ ᠶᠢ ᠬᠠᠪᠰᠤᠷᠤᠨ ᠡᠮᠦᠨᠡᠬᠢ ᠪᠠᠶᠢᠳᠠᠯ ᠢ ᠲᠣᠳᠣᠷᠬᠠᠶ ᠣᠯᠵᠤ ᠦᠵᠡᠬᠦ ᠪᠣᠯᠭᠠᠨ᠎ᠠ︔ ᠬᠤᠶᠠᠷ ᠲᠤ᠂ ᠪᠣᠷᠣ ᠲᠥᠯᠥᠪ ᠢ ᠦᠵᠡᠭᠦᠯᠬᠦ ᠳ᠋ᠧᠩ ᠪᠠ ᠡᠮᠦᠨ᠎ᠡ ᠬᠤᠶᠢᠨ᠎ᠠ ᠪᠠᠶᠢᠷᠢ ᠶᠢᠨ ᠳ᠋ᠧᠩ ᠢ ᠨᠣᠴᠣᠭᠠᠵᠤ᠂ ᠥᠪᠡᠷ ᠤᠨ ᠲᠡᠷᠭᠡ ᠣᠷᠣᠰᠢᠵᠤ ᠪᠠᠶᠢᠬᠤ ᠪᠠᠨ ᠮᠡᠳᠡᠭᠳᠡᠵᠦ᠂ ᠡᠮᠦᠨ᠎ᠡ ᠬᠤᠶᠢᠨ᠎ᠠ ᠶᠠᠪᠤᠵᠤ ᠪᠠᠶᠢᠭ᠎ᠠ ᠲᠡᠷᠭᠡ ᠳᠤ ᠥᠪᠡᠷ ᠤᠨ ᠪᠣᠳᠠᠲᠠᠶ ᠣᠷᠣᠨ ᠪᠠᠶᠢᠷᠢ ᠪᠠ ᠨᠡᠪᠲᠡᠷᠡᠬᠦ ᠪᠠᠶᠢᠳᠠᠯ ᠢᠶᠠᠨ ᠦᠵᠡᠭᠦᠯᠵᠦ᠂ ᠪᠤᠰᠤᠳ ᠬᠥᠮᠦᠨ ᠤ ᠵᠣᠬᠢᠴᠠᠩᠭᠤᠶ ᠠᠷᠭ᠎ᠠ ᠬᠡᠮᠵᠢᠶ᠎ᠡ ᠠᠪᠬᠤ ᠳᠤ ᠳᠥᠭᠦᠮ ᠪᠣᠯᠭᠠᠨ᠎ᠠ᠃     4. ᠵᠠᠮ ᠤᠨ ᠪᠠᠶᠢᠳᠠᠯ ᠢ ᠢᠯᠭᠠᠨ ᠲᠠᠨᠢᠵᠤ᠂ ᠠᠯᠢ ᠴᠢᠳᠠᠬᠤ ᠪᠠᠷ ᠲᠡᠷᠭᠡ ᠳᠠᠪᠠᠵᠤ ᠪᠣᠯᠬᠤ ᠦᠭᠡᠢ     ᠮᠥᠰᠥ ᠴᠠᠰᠤᠨ ᠤ ᠵᠠᠮ ᠳᠡᠭᠡᠷ᠎ᠡ ᠶᠠᠪᠤᠪᠠᠯ ᠬᠠᠮᠤᠭ ᠰᠠᠶᠢᠨ ᠨᠢ ᠲᠡᠷᠭᠡ ᠳᠠᠪᠠᠭ᠋ᠤ ᠦᠭᠡᠢ᠂ ᠵᠢᠭᠳᠡ ᠬᠤᠷᠳᠤᠴᠠ ᠪᠠᠷ ᠶᠠᠪᠤᠨ᠎ᠠ᠃ ᠶᠠᠪᠤᠬᠤ ᠳᠤᠮᠳᠠ᠂ ᠴᠢᠬᠤᠯᠠ ᠪᠤᠰᠤ ᠪᠤᠯ ᠲᠡᠷᠭᠡᠨ ᠵᠠᠮ ᠢ ᠬᠤᠪᠢᠷᠠᠭᠤᠯᠬᠤ ᠶᠢ ᠠᠯᠢ ᠴᠢᠳᠠᠬᠤ ᠪᠠᠷ ᠪᠠᠭᠠᠰᠬᠠᠵᠤ᠂ ᠴᠠᠰᠤ ᠲᠠᠢ ᠡᠳᠦᠷ ᠵᠠᠮ ᠬᠠᠯᠲᠤᠷᠢᠬᠤ᠂ ᠲᠡᠷᠭᠡ ᠡᠵᠡᠮᠳᠡᠯ ᠢᠶᠠᠨ ᠠᠯᠳᠠᠬᠤ ᠠᠴᠠ ᠪᠣᠯᠵᠤ ᠠᠳᠡᠯ ᠭᠠᠷᠬᠤ ᠠᠴᠠ ᠰᠡᠷᠭᠡᠶᠢᠯᠡᠨ᠎ᠡ᠃     5 . ᠪᠠᠶᠢᠳᠠᠯ ᠲᠣᠬᠢᠶᠠᠯᠳᠤᠪᠠᠯ ᠤᠷᠢᠳᠴᠢᠯᠠᠨ ᠬᠤᠷᠳᠤᠴᠠ ᠪᠠᠨ ᠪᠠᠭᠠᠰᠬᠠᠵᠤ᠂ ᠭᠡᠨᠡᠳᠲᠡ ᠲᠤᠷᠮᠤᠰᠤᠯᠠᠬᠤ ᠶᠢ ᠴᠡᠭᠡᠷᠯᠡᠨ᠎ᠡ       ᠵᠠᠮ ᠤᠨ ᠭᠠᠳᠠᠷᠭᠤ ᠮᠥᠰᠥ ᠬᠥᠯᠳᠡᠬᠦ ᠪᠠᠶᠢᠳᠠᠯ ᠳᠤᠤᠷ᠎ᠠ ᠥᠷᠥᠯᠲᠡ ᠶᠢᠨ ᠢᠯᠡᠳᠬᠡᠮᠵᠢ ᠨᠢ ᠮᠠᠰᠢ ᠲᠦᠷᠭᠡᠨ ᠳᠣᠷᠣᠭᠰᠢᠯᠠᠵᠤ᠂ ᠵᠢᠯᠣᠭᠤᠴᠢ ᠬᠡᠷᠪᠡ ᠭᠡᠨᠡᠳᠲᠡ ᠲᠣᠷᠮᠣᠰᠯᠠᠪᠠᠯ ᠲᠡᠷᠭᠡ ᠶᠢ ᠲᠦᠢᠯ ᠤᠨ ᠲᠣᠭᠲᠠᠪᠤᠷᠢ ᠦᠭᠡᠢ ᠪᠠᠶᠢᠳᠠᠯ ᠳᠤ ᠣᠷᠣᠭᠤᠯᠵᠤ᠂ ᠲᠡᠷᠭᠡ ᠬᠠᠵᠠᠭᠤ ᠲᠡᠶᠢᠰᠢ ᠪᠠᠨ ᠭᠤᠯᠭᠤᠬᠤ ᠴᠢᠨᠠᠭᠰᠢᠯᠠᠨ ᠬᠥᠷᠪᠡᠬᠦ ᠠᠶᠤᠯ ᠲᠠᠢ᠃ ᠡᠶᠢᠮᠦ ᠠᠴᠠ᠂ ᠵᠢᠯᠣᠭᠤᠴᠢ ᠤᠷᠢᠳᠴᠢᠯᠠᠨ ᠰᠡᠷᠡᠮᠵᠢᠯᠡᠬᠦ ᠴᠢᠳᠠᠪᠤᠷᠢ ᠪᠠᠨ ᠳᠡᠭᠡᠭᠰᠢᠯᠡᠭᠦᠯᠬᠦ ᠬᠡᠷᠡᠭᠲᠡᠶ᠂ ᠪᠠᠴᠢᠮ ᠪᠠᠶᠢᠳᠠᠯ ᠲᠤᠯᠭᠠᠷᠠᠪᠠᠯ᠂ ᠬᠥᠩᠭᠡᠨ ᠰᠢᠭ ᠲᠣᠷᠮᠣᠰᠯᠠᠨ ᠵᠣᠭᠰᠣᠭᠠᠵᠤ᠂ ᠵᠠᠯᠠᠭᠤᠷ ᠢᠶᠠᠨ ᠯᠠᠪᠳᠠᠭᠤᠨ ᠠᠳᠬᠤᠵᠤ᠂ ᠴᠢᠬᠤᠯᠠ ᠲᠠᠢ ᠦᠶ᠎ᠡ ᠳᠤ ᠲᠡᠷᠭᠡᠨ ᠳᠡᠰ ᠢᠶᠠᠨ ᠪᠠᠭᠤᠷᠠᠭᠤᠯᠬᠤ ᠪᠤᠶᠤ ᠭᠠᠷ  ᠲᠤᠷᠮᠤᠰᠤᠯᠠᠭᠤᠷ ᠢᠶᠠᠨ ᠲᠠᠲᠠᠬᠤ ᠵᠡᠷᠭᠡ ᠠᠷᠭ᠎ᠠ ᠮᠠᠶ᠋ᠢᠭ ᠢᠶᠠᠷ ᠬᠤᠷᠳᠤᠴᠠ ᠪᠠᠨ ᠪᠠᠭᠠᠰᠬᠠᠵᠤ᠂ ᠲᠡᠷᠭᠡ ᠬᠥᠰᠬᠡ ᠪᠠᠨ ᠢᠮᠠᠭᠲᠠ ᠥᠪᠡᠷ ᠤᠨ ᠡᠵᠡᠮᠰᠢᠯ ᠳᠡᠭᠡᠨ  ᠪᠠᠶᠢᠯᠭᠠᠬᠤ ᠬᠡᠷᠡᠭᠲᠡᠶ᠃     6 . ᠲᠡᠷᠭᠡ ᠬᠥᠰᠬᠡ ᠬᠥᠳᠡᠯᠬᠦ᠂ ᠮᠤᠷᠦ᠋ᠢᠬᠤ᠂ ᠥᠭᠡᠳᠡ ᠭᠠᠷᠬᠤ ᠤᠷᠤᠭᠤ ᠪᠠᠭᠤᠬᠤ ᠳᠠᠭᠠᠨ ᠠᠯᠭᠤᠷ ᠪᠠᠶᠢᠬᠤ ᠬᠡᠷᠡᠭᠲᠡᠶ       ᠴᠠᠰᠤ ᠲᠠᠢ ᠴᠠᠭ ᠠᠭᠤᠷ ᠲᠤ ᠵᠠᠮ ᠬᠠᠯᠲᠤᠷᠢᠬᠤ ᠪᠤᠯᠬᠤᠷ ᠲᠡᠷᠭᠡ ᠠᠯᠭᠤᠷᠬᠠᠨ ᠬᠥᠳᠡᠯᠵᠦ᠂ ᠮᠤᠷᠦ᠋ᠢᠬᠤ ᠦᠶᠡᠰ ᠠᠭᠠᠵᠢᠮ ᠢᠶᠠᠷ ᠵᠠᠯᠠᠭᠤᠷ ᠢᠶᠠᠨ ᠵᠠᠯᠠᠵᠤ᠂ ᠠᠭᠠᠵᠢᠮ ᠢᠶᠠᠷ ᠮᠤᠷᠦ᠋ᠢᠵᠤ᠂ ᠠᠭᠠᠵᠢᠮ ᠢᠶᠠᠷ ᠲᠣᠷᠮᠣᠰᠯᠠᠵᠤ᠂ ᠪᠠᠴᠢᠮ ᠲᠣᠷᠮᠣᠰᠯᠠᠬᠤ ᠠᠴᠠ ᠰᠡᠷᠭᠡᠶᠢᠯᠡᠨ᠎ᠡ︔ ᠴᠠᠰᠤ   ᠲᠠᠢ ᠴᠠᠭ ᠠᠭᠤᠷ ᠨᠢ ᠠᠭᠤᠯᠠᠷᠬᠠᠭ ᠣᠷᠣᠨ ᠤ ᠵᠠᠰᠠᠮᠠᠯ ᠵᠠᠮ ᠪᠠ ᠬᠤᠲᠠ ᠶᠢᠨ ᠬᠥᠭᠦᠷᠭᠡ ᠶᠢᠨ ᠲᠣᠭᠤᠷᠢᠭ ᠤᠨ ᠨᠠᠯᠠᠤ ᠵᠠᠮ ᠢᠶᠠᠷ ᠲᠡᠷᠭᠡ ᠶᠠᠪᠤᠬᠤ ᠬᠦᠴᠢᠷᠳᠡᠯ ᠢ ᠨᠡᠮᠡᠭᠳᠡᠭᠦᠯᠵᠦ᠂ ᠤᠷᠤᠭᠤ ᠪᠠᠭᠤᠬᠤ ᠳᠤ ᠴᠥᠮ ᠳᠤᠤᠷ᠎ᠠ ᠲᠠᠰ  ᠢᠶᠠᠷ ᠲᠣᠭᠲᠠᠭᠤᠨ ᠢᠶᠠᠷ ᠥᠩᠭᠡᠷᠡᠵᠦ᠂ ᠲᠡᠷᠭᠡᠨ ᠳᠡᠰ ᠢᠶᠠᠨ ᠰᠣᠯᠢᠬᠤ ᠳᠤ ᠲᠣᠬᠢᠷᠠᠮᠵᠢ ᠥᠬᠡᠶ ᠪᠠᠶᠢᠵᠤ᠂ ᠨᠠᠯᠠᠤ ᠥᠭᠡᠳᠡ ᠭᠠᠷᠪᠠᠯ ᠲᠡᠷᠭᠡ ᠤᠨᠲᠠᠷᠠᠭᠠᠬᠤ ᠠᠴᠠ ᠰᠡᠷᠭᠡᠶᠢᠯᠡᠵᠦ᠂ ᠤᠷᠤᠭᠤ ᠪᠠᠭᠤᠬᠤ ᠳᠤ ᠬᠤᠭᠤᠰᠣᠨ ᠳᠡᠰ ᠪᠠᠷ ᠭᠤᠯᠭᠤᠬᠤ ᠶᠢ ᠡᠷᠡᠰ ᠴᠠᠭᠠᠵᠠᠯᠠᠨ᠎ᠠ᠃
 
ᠢᠷᠡᠯᠲᠡ᠄ ︽ᠥᠨᠥᠳᠦᠷ ᠤᠨ ᠰᠥᠩᠱᠠᠨ︾ ᠨᠡᠶᠢᠲᠡ ᠶᠢᠨ ᠳᠠᠪᠴᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号