ᠰᠦᠩᠱᠠᠨ ᠲᠤᠭᠤᠷᠢᠭ ᠤᠨ ᠲᠦᠢᠮᠣ ᠪᠠᠶᠢᠳᠠᠯ
ᠨᠡᠶᠢᠲᠡᠯᠡᠭᠰᠡᠨ ᠴᠠᠭ᠄
2022/8/24
      ᠭᠠᠵᠠᠷ ᠵᠦᠢ ᠶᠢᠨ ᠪᠠᠶᠢᠷᠢᠰᠢᠯ᠄ ᠤᠯᠠᠭᠠᠨᠬᠠᠳᠠ ᠬᠤᠳᠠ ᠶᠢᠨ ᠰᠦᠩᠱᠠᠨ ᠲᠣᠭᠤᠷᠢᠭ ᠤᠯᠠᠭᠠᠨᠬᠠᠳᠠ ᠬᠤᠳᠠ ᠶᠢᠨ ᠡᠮᠦᠨ᠎ᠡ ᠪᠡᠶ᠎ᠡ ᠳᠤ ᠪᠠᠶᠢᠷᠢᠯᠠᠵᠤ᠂ ᠪᠠᠷᠠᠭᠤᠨ ᠯᠢᠶᠣᠤᠾᠧ ᠭᠤᠣᠯ ᠤᠨ ᠤᠰᠤᠨ ᠰᠢᠰᠲ᠋ᠧᠮ ᠤᠨ ᠳᠡᠭᠡᠳᠦ ᠤᠷᠤᠰᠬᠠᠯ ᠳᠤ ᠣᠷᠣᠰᠢᠵᠤ ᠪᠠᠶᠢᠳᠠᠭ᠃ ᠭᠠᠵᠠᠷ ᠵᠦᠶ ᠶᠢᠨ ᠪᠠᠶᠢᠷᠢᠯᠠᠯ ᠨᠢ ᠤᠮᠠᠷᠠᠲᠤ ᠥᠷᠭᠡᠷᠢᠭ ᠤᠨ 42°01′~42°43′᠂ ᠵᠡᠭᠦᠨ ᠤᠷᠲᠤᠷᠢᠭ ᠤᠨ 117°47′~119°39′᠃ ᠵᠡᠭᠦᠨ ᠦᠵᠦᠭᠦᠷ ᠨᠢ ᠬᠠᠷᠠᠲᠤᠬᠤᠢ ᠪᠠᠯᠭᠠᠰᠤᠨ ᠤ ᠯᠠᠩ ᠵᠢᠶᠦ᠋ᠨ ᠬᠠᠷ᠎ᠠ ᠠᠭᠤᠯᠠᠨ ᠠᠴᠠ ᠵᠡᠭᠦᠨᠰᠢ 4.5 ᠺᠢᠯᠣᠮᠧᠳ᠋ᠷ ᠤᠨ ᠯᠣᠣ ᠬᠠ ᠭᠤᠣᠯ ᠤᠨ ᠵᠡᠭᠦᠨ ᠡᠷᠭᠢ᠂ ᠪᠠᠷᠠᠭᠤᠨ ᠦᠵᠦᠭᠦᠷ ᠨᠢ ᠳ᠋ᠡ ᠭᠤᠸᠠᠩ ᠳ᠋ᠢᠩ ᠽᠢ ᠠᠭᠤᠯᠠ᠂ ᠡᠮᠦᠨ᠎ᠡ ᠦᠵᠦᠭᠦᠷ ᠨᠢ ᠬᠠᠭᠤᠴᠢᠨ ᠬᠤᠷᠤᠭ᠎ᠠ ᠪᠠᠯᠭᠠᠰᠤᠨ ᠤ ᠶᠠᠩ ᠱᠤ᠋ ᠸᠠᠨ ᠽᠢ ᠲᠣᠰᠬᠤᠨ ᠤ ᠡᠮᠦᠨ᠎ᠡ ᠪᠡᠶ᠎ᠡ᠂ ᠬᠤᠶᠢᠲᠤ ᠦᠵᠦᠭᠦᠷ ᠨᠢ ᠬᠠᠷᠠᠲᠤᠬᠤᠢ ᠪᠠᠯᠭᠠᠰᠤᠨ ᠤ ᠲᠤᠤ ‍ᠤᠤᠢ ᠶᠢᠩᠽᠢ ᠶᠢᠨ ᠪᠸᠢ ᠱᠢ ᠮᠧᠨ ᠭᠤᠤ ᠪᠠᠶᠢᠵᠤ᠂ ᠵᠡᠭᠦᠨᠰᠢ ᠪᠠᠷᠠᠭᠤᠨᠰᠢ ᠬᠠᠮᠤᠭ ᠣᠷᠳᠣ ᠨᠢ 152.5 ᠺᠢᠯᠣᠮᠧᠳ᠋ᠷ᠂ ᠡᠮᠦᠨᠡᠰᠢ ᠤᠮᠠᠷᠠᠰᠢ ᠬᠠᠮᠤᠭ ᠥᠷᠭᠡᠨ ᠨᠢ 77 ᠺᠢᠯᠣᠮᠧᠳ᠋ᠷ ᠪᠠᠶᠢᠳᠠᠭ᠃ ᠵᠡᠭᠦᠨ ᠲᠠᠯ᠎ᠠ ᠪᠠᠷ ᠢᠶᠠᠨ ᠠᠤᠬᠠᠨ ᠬᠤᠰᠢᠭᠤ ᠲᠠᠢ ᠨᠢᠭᠤᠷᠯᠠᠵᠤ᠂ ᠡᠮᠦᠨ᠎ᠡ ᠲᠠᠯ᠎ᠠ ᠪᠠᠷ ᠢᠶᠠᠨ ᠬᠠᠷᠠᠴᠢᠨ ᠬᠤᠰᠢᠭᠤ᠂ ᠬᠤᠩᠱᠠᠨ ᠲᠣᠭᠤᠷᠢᠭ᠂ ᠶᠤᠸᠠᠨ ᠪᠦᠦ ᠱᠠᠨ ᠲᠤᠭᠤᠷᠢᠭ ᠲᠠᠢ ᠵᠠᠬ᠎ᠠ ᠨᠡᠶᠢᠯᠡᠵᠦ᠂ ᠪᠠᠷᠠᠭᠤᠨ ᠲᠠᠯ᠎ᠠ ᠪᠠᠷ ᠢᠶᠠᠨ ᠾᠤᠪᠸᠢ ᠮᠤᠵᠢ ᠶᠢᠨ ᠸᠧᠶ ᠴᠠᠩ ᠰᠢᠶᠠᠨ ᠲᠠᠢ ᠬᠥᠷᠰᠢᠯᠡᠵᠦ᠂ ᠪᠠᠷᠠᠭᠤᠨ ᠬᠤᠶᠢᠲᠤ ᠲᠠᠯ᠎ᠠ ᠪᠠᠷ ᠢᠶᠠᠨ ᠬᠡᠰᠢᠭᠲᠡᠨ ᠬᠤᠰᠢᠭᠤ ᠲᠠᠢ ᠵᠠᠬ᠎ᠠ ᠨᠡᠶᠢᠯᠡᠵᠦ᠂ ᠬᠤᠶᠢᠲᠤ ᠲᠠᠯ᠎ᠠ ᠪᠠᠷ ᠢᠶᠠᠨ ᠣᠩᠨᠢᠭᠤᠳ ᠬᠤᠰᠢᠭᠤ ᠲᠠᠢ ᠵᠠᠯᠭᠠᠯᠳᠤᠵᠤ ᠪᠠᠶᠢᠨ᠎ᠠ᠃       ᠭᠠᠵᠠᠷ ᠤᠨ ᠲᠥᠷᠬᠦ᠄ ᠰᠦᠩᠱᠠᠨ ᠲᠣᠭᠤᠷᠢᠭ ᠤᠨ ᠭᠠᠵᠠᠷ ᠤᠨ ᠪᠠᠶᠢᠴᠠ ᠨᠢ ᠪᠠᠷᠠᠭᠤᠨ ᠢᠶᠠᠨ ᠥᠨᠳᠥᠷ ᠵᠡᠭᠦᠨ ᠢᠶᠠᠨ ᠳᠣᠣᠷ᠎ᠠ ᠪᠠᠶᠢᠵᠤ᠂ ᠭᠤᠣᠯ ᠮᠥᠷᠡᠨ ᠨᠢ ᠦᠨᠳᠦᠰᠦᠨ ᠳᠡᠭᠡᠨ ᠪᠠᠶᠢᠭᠠᠯᠢ ᠶᠢᠨ ᠭᠠᠵᠠᠷ ᠤᠨ ᠪᠠᠶᠢᠴᠠ ᠶᠢ ᠳᠠᠭᠠᠵᠤ ᠪᠠᠷᠠᠭᠤᠨ ᠠᠴᠠ ᠵᠡᠭᠦᠨᠰᠢ ᠣᠷᠣᠰᠴᠤ᠂ ᠯᠣᠣ ᠬᠠ ᠭᠤᠣᠯ ᠳᠤ ᠤᠷᠤᠰᠤᠨ ᠣᠷᠣᠨ᠎ᠠ᠃ ᠬᠠᠮᠤᠭ ᠥᠨᠳᠥᠷ ᠴᠡᠭ ᠨᠢ ᠰᠦᠩᠱᠠᠨ ᠲᠣᠭᠤᠷᠢᠭ᠂ ᠬᠡᠰᠢᠭᠲᠡᠨ ᠬᠤᠰᠢᠭᠤ ᠪᠠ ᠸᠧᠶ ᠴᠠᠩ ᠰᠢᠶᠠᠨ ᠤ ᠬᠤᠭᠤᠷᠣᠨᠳᠣᠬᠢ ᠳ᠋ᠠ ᠭᠤᠸᠠᠩ ᠳ᠋ᠢᠩ ᠽᠢ ᠠᠭᠤᠯᠠ ᠪᠠᠶᠢᠵᠤ᠂ ᠳᠠᠯᠠᠶ ᠶᠢᠨ ᠲᠦᠪᠰᠢᠨ ᠠᠴᠠ 2067 ᠮᠧᠲᠷ ᠡᠷᠭᠦᠭᠳᠡᠵᠦ᠂ ᠬᠠᠮᠤᠭ ᠳᠣᠣᠷ᠎ᠠ ᠭᠠᠵᠠᠷ ᠨᠢ ᠶᠠᠩ ᠴᠠᠩ ᠽᠢ ᠭᠤᠣᠯ ᠪᠣᠯᠤᠨ ᠯᠣᠣ ᠬᠠ ᠭᠤᠣᠯ ᠤᠨ ᠤᠷᠤᠰᠬᠠᠯ ᠨᠡᠶᠢᠯᠡᠵᠦ ᠪᠠᠶᠢᠭ᠎ᠠ ᠪᠥᠸᠧ ᠯᠦᠸᠧ ᠾᠧ ᠱᠦᠸᠧ ᠣᠷᠣᠨ ᠪᠠᠶᠢᠵᠤ᠂ ᠳᠠᠯᠠᠶ ᠶᠢᠨ ᠲᠦᠪᠰᠢᠨ ᠠᠴᠠ 440 ᠮᠧᠲᠷ ᠣᠷᠴᠢᠮ ᠡᠷᠭᠦᠭᠳᠡᠭᠰᠡᠨ ᠪᠠᠶᠢᠨ᠎ᠠ᠃ ᠬᠠᠷᠢᠴᠠᠩᠭᠤᠶ ᠥᠨᠳᠥᠷ ᠤᠨ ᠵᠥᠷᠢᠶ᠎ᠡ ᠨᠢ 1627 ᠮᠧᠲᠷ ᠪᠠᠶᠢᠵᠤ᠂ ᠳᠤᠮᠳᠠᠴᠢ ᠪᠠᠷ ᠳᠠᠯᠠᠶ ᠶᠢᠨ ᠲᠦᠪᠰᠢᠨ ᠠᠴᠠ 500 ~ 700 ᠮᠧᠲᠷ ᠡᠷᠭᠦᠭᠳᠡᠭᠰᠡᠨ ᠪᠠᠶᠢᠨ᠎ᠠ᠃ ᠪᠦᠬᠦ ᠬᠢᠯᠢ ᠶᠢᠨ ᠲᠤᠳᠤᠷ᠎ᠠ ᠳᠠᠯᠠᠶ ᠶᠢᠨ ᠲᠦᠪᠰᠢᠨ ᠠᠴᠠ 1000 ᠮᠧᠲᠷ ᠠᠴᠠ ᠳᠡᠭᠡᠭᠰᠢ ᠡᠷᠭᠦᠭᠳᠡᠭᠰᠡᠨ ᠠᠭᠤᠯᠠᠨ ᠣᠷᠭᠢᠯ 81 ᠪᠠᠶᠢᠵᠤ᠂ ᠡᠭᠦᠨ ᠤ ᠳᠣᠲᠣᠷ᠎ᠠ 1500 ᠮᠧᠲᠷ ᠠᠴᠠ ᠳᠡᠭᠡᠭᠰᠢ ᠨᠢ 15 ᠪᠤᠶ᠃       ᠬᠥᠷᠥᠰᠥ ᠰᠢᠷᠣᠶ᠄ ᠪᠥᠬᠦ ᠲᠤᠭᠤᠷᠢᠭ ᠤᠨ ᠶᠡᠷᠦᠩᠬᠡᠶ ᠲᠠᠯᠠᠪᠠᠶ 842.7 ᠲᠦᠮᠡᠨ ᠮᠥ ᠪᠠᠶᠢᠵᠤ᠂ ᠲᠠᠷᠢᠶᠠᠯᠠᠬᠤ ᠳᠤ ᠳᠣᠭᠢᠷᠠᠬᠤ ᠭᠠᠵᠠᠷ ᠨᠢ ᠪᠥᠬᠦ ᠲᠠᠯᠠᠪᠠᠶ ᠶᠢᠨ 22.8% ᠶᠢ ᠡᠵᠡᠯᠡᠵᠦ᠂ ᠮᠠᠯᠵᠢᠬᠤ ᠳᠤ ᠳᠣᠭᠢᠷᠠᠬᠤ ᠭᠠᠵᠠᠷ ᠨᠢ ᠪᠥᠬᠦ ᠲᠠᠯᠠᠪᠠᠶ ᠶᠢᠨ 30.3% ᠶᠢ ᠡᠵᠡᠯᠡᠨ᠎ᠡ᠃ ᠪᠥᠬᠦ ᠲᠤᠭᠤᠷᠢᠭ ᠤᠨ ᠬᠥᠷᠥᠰᠥ ᠰᠢᠷᠣᠶ ᠨᠡᠶᠢᠲᠡ 7 ᠲᠥᠷᠥᠯ ᠬᠡᠯᠪᠡᠷᠢ ᠲᠠᠢ ᠪᠠᠶᠢᠵᠤ᠂ ᠤᠯᠠᠪᠤᠷ ᠬᠥᠷᠥᠰᠥᠨ ᠤ ᠲᠠᠯᠠᠪᠠᠶ ᠨᠢ 160.6 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 19.1% ᠶᠢ ᠡᠵᠡᠯᠡᠨ᠎ᠡ︔ ᠬᠦᠷᠡᠩ ᠰᠢᠷᠣᠶ 326.9 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 38.8% ᠶᠢ ᠡᠵᠡᠯᠡᠨ᠎ᠡ︔ ᠰᠢᠷ᠎ᠠ ᠬᠥᠪᠰᠥᠭᠡᠷ ᠰᠢᠷᠣᠶ 249.2 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 29.6% ᠶᠢ ᠡᠵᠡᠯᠡᠨ᠎ᠡ︔ ᠡᠯᠡᠰᠦᠨ ᠰᠢᠭᠤᠷᠭᠠᠲᠤ ᠬᠥᠷᠥᠰᠥ 18.2 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 2.2% ᠢ ᠡᠵᠡᠯᠡᠨ᠎ᠡ︔ ᠨᠤᠭᠤ ᠶᠢᠨ ᠬᠥᠷᠥᠰᠥ 15.6 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 1.9% ᠶᠢ ᠡᠵᠡᠯᠡᠨ᠎ᠡ︔ ᠬᠠᠷ᠎ᠠ ᠺᠠᠯᠽᠳᠤ ᠬᠥᠷᠥᠰᠥ 26.1 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 3.1% ᠶᠢ ᠡᠵᠡᠯᠡᠨ᠎ᠡ︔ ᠬᠠᠷ᠎ᠠ ᠬᠥᠷᠥᠰᠥᠲᠦ ᠰᠢᠷᠣᠶ 21.1 ᠲᠦᠮᠡᠨ ᠮᠥ ᠪᠠᠶᠢᠵᠤ᠂ ᠶᠡᠷᠦᠩᠬᠡᠶ ᠲᠠᠯᠠᠪᠠᠶ ᠶᠢᠨ 2.5% ᠶᠢ ᠡᠵᠡᠯᠡᠨ᠎ᠡ᠃       ᠤᠷᠭᠤᠮᠠᠯ ᠤᠨ ᠬᠤᠴᠢᠯᠭ᠎ᠠ᠄ ᠰᠦᠩᠱᠠᠨ ᠲᠣᠭᠤᠷᠢᠭ ᠰᠤᠩᠭᠠᠷᠢ ᠮᠥᠷᠡᠨ ᠬᠢᠭᠡᠳ ᠯᠢᠶᠣᠤᠾᠧ ᠭᠤᠣᠯ ᠤᠨ ᠲᠠᠯ᠎ᠠ ᠭᠠᠵᠠᠷ᠂ ᠥᠪᠥᠷ ᠮᠣᠩᠭᠤᠯ ᠤᠨ ᠥᠨᠳᠦᠷᠯᠢᠭ ᠤᠨ ᠳᠤᠮᠳᠠ ᠬᠡᠰᠡᠭ ᠲᠤ ᠣᠷᠣᠰᠢᠵᠤ᠂ ᠤᠮᠠᠷᠠᠲᠤ ᠣᠷᠣᠨ ᠤ ᠤᠷᠭᠤᠮᠠᠯ ᠤᠨ ᠣᠷᠣᠨ ᠤ ᠰᠢᠰᠲ᠋ᠧᠮ ᠬᠢᠭᠡᠳ ᠵᠡᠭᠦᠨ ᠬᠤᠶᠢᠲᠤ ᠶᠢᠨ ᠤᠷᠭᠤᠮᠠᠯ ᠤᠨ ᠣᠷᠣᠨ ᠤ ᠰᠢᠰᠲ᠋ᠧᠮ ᠤᠨ ᠠᠭᠤᠯᠵᠠᠷ ᠲᠤ ᠬᠠᠷᠢᠶᠠᠯᠠᠭᠳᠠᠵᠤ᠂ ᠵᠡᠭᠦᠨ ᠬᠤᠶᠢᠲᠤ ᠣᠷᠣᠨ᠂ ᠤᠮᠠᠷᠠᠲᠤ ᠣᠷᠣᠨ ᠤ ᠤᠷᠭᠤᠮᠠᠯ ᠪᠦᠷ ᠪᠠᠶᠢᠳᠠᠭ᠃ ᠪᠠᠷᠠᠭᠤᠨ ᠬᠡᠰᠡᠭ ᠤᠨ ᠠᠭᠤᠯᠠᠷᠬᠠᠭ ᠣᠷᠣᠨ ᠳᠤ ᠣᠶ ᠰᠢᠭᠤᠶ ᠨᠤᠲᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠲᠠᠷᠬᠠᠵᠤ᠂ ᠳᠤᠮᠳᠠ ᠵᠡᠭᠦᠨ ᠬᠡᠰᠡᠭ ᠤᠨ ᠪᠣᠭᠤᠨᠢ ᠠᠭᠤᠯᠠ ᠳᠣᠪᠣᠷᠬᠠᠭ ᠣᠷᠣᠨ ᠳᠤ ᠭᠠᠩ ᠬᠠᠭᠤᠷᠠᠶ ᠬᠡᠭᠡᠷ᠎ᠡ ᠲᠠᠯ᠎ᠠ ᠶᠢᠨ ᠤᠷᠭᠤᠮᠠᠯ ᠤᠨ ᠬᠤᠴᠢᠯᠭ᠎ᠠ ᠲᠠᠷᠬᠠᠵᠤ ᠪᠠᠶᠢᠳᠠᠭ᠃       ᠵᠠᠰᠠᠭ ᠵᠠᠬᠢᠷᠭᠠᠨ ᠤ ᠣᠷᠣᠨ ᠬᠤᠪᠢᠶᠠᠷᠢᠯᠠᠯ᠄ ᠰᠦᠩᠱᠠᠨ ᠲᠣᠭᠤᠷᠢᠭ ᠤᠯᠠᠭᠠᠨᠬᠠᠳᠠ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠪᠠᠶᠢᠵᠤ᠂ ᠪᠦᠬᠦ ᠬᠤᠳᠠ ᠶᠢᠨ ᠤᠯᠤᠰ ᠲᠦᠷᠦ᠂ ᠰᠣᠶᠣᠯ ᠤᠨ ᠲᠥᠪ ᠪᠣᠯᠤᠨ᠎ᠠ᠃ ᠪᠥᠬᠦ ᠲᠤᠭᠤᠷᠢᠭ ᠲᠤ 9 ᠪᠠᠯᠭᠠᠰᠤ 5 ᠰᠢᠶᠠᠩ᠂ 7 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ 244 ᠵᠠᠰᠠᠭ ᠵᠠᠬᠢᠷᠭᠠᠨ ᠤ ᠲᠣᠰᠬᠤᠨ᠂ 44 ᠬᠤᠲᠠ ᠶᠢᠨ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠵᠥᠪᠯᠡᠯ᠂ 3 ᠬᠥᠳᠡᠭᠡ ᠲᠣᠰᠬᠤᠨ ᠤ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠵᠥᠪᠯᠡᠯ ᠪᠤᠢ᠃ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠡᠷᠬᠢᠯᠡᠬᠦ ᠭᠠᠵᠠᠷ ᠤᠨ ᠪᠠᠶᠢᠭᠤᠯᠤᠮᠵᠢ ᠨᠢ ᠪᠣᠳᠠᠲᠠᠶ ᠪᠠᠷ᠄ ᠮᠦ ᠵᠢᠶᠠ ᠶᠢᠩᠽᠢ ᠪᠠᠯᠭᠠᠰᠤ᠂ ᠬᠠᠭᠤᠴᠢᠨ ᠬᠤᠷᠤᠭ᠎ᠠ ᠪᠠᠯᠭᠠᠰᠤ᠂ ᠴᠢᠳᠬᠤᠯᠠᠩ ᠪᠠᠯᠭᠠᠰᠤ᠂ ᠲᠠᠢ ᠫᠢᠩ ᠳ᠋ᠢ ᠪᠠᠯᠭᠠᠰᠤ᠂ ᠸᠠᠩ ᠤᠨ ᠬᠤᠷᠤᠭ᠎ᠠ ᠪᠠᠯᠭᠠᠰᠤ᠂ ᠳ᠋ᠠ ᠮᠢᠶᠣᠣ ᠪᠠᠯᠭᠠᠰᠤ᠂ ᠠᠩᠴᠢᠨ ᠪᠠᠯᠭᠠᠰᠤ᠂ ᠬᠠᠷᠠᠲᠤᠬᠤᠢ ᠪᠠᠯᠭᠠᠰᠤ᠂ ᠱᠠᠩ ᠭᠤᠸᠠᠨ ᠳ᠋ᠢ ᠪᠠᠯᠭᠠᠰᠤ᠂ ᠰᠢᠶᠠ ᠵᠢᠶᠠ ᠳ᠋ᠢᠶᠠᠨ ᠰᠢᠶᠠᠩ᠂ ᠳ᠋ᠠᠩ ᠫᠦ᠋ ᠳ᠋ᠢ ᠶᠢᠨ ᠮᠠᠨᠵᠤ ᠦᠨᠳᠦᠰᠦᠲᠡᠨ ᠤ ᠰᠢᠶᠠᠩ᠂ ᠭᠠᠩᠽᠢ ᠰᠢᠶᠠᠩ᠂ ᠴᠧᠩᠽᠢ ᠰᠢᠶᠠᠩ᠂ ᠳ᠋ᠠᠢ ᠹᠦ᠋ ᠶᠢᠩᠽᠢ ᠰᠢᠶᠠᠩ᠂ ᠰᠢᠶᠠᠩ ᠶᠠᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠵᠧᠨ ᠰᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠰᠦᠩᠵᠧᠦ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠲᠢᠶᠧ ᠳ᠋ᠦᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠬᠢᠩᠭᠠᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠢᠦᠢ ᠯᠦᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠴᠢᠤᠸᠠᠨ ᠨᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠤᠯᠤᠨ᠎ᠠ᠃
 
ᠢᠷᠡᠯᠲᠡ᠄ ᠰᠦᠩ ᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠲᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号