ᠴᠠᠬᠢᠯᠭᠠᠨ ᠬᠥᠳᠡᠯᠭᠡᠭᠦᠷᠲᠦ ᠲᠡᠷᠭᠡᠨ ᠳᠤ ᠫᠠᠶᠢᠰᠠ ᠤᠭᠰᠠᠷᠠᠬᠤ ᠠᠵᠢᠯᠯᠠᠭ᠎ᠠ ᠨᠡᠶᠢᠭᠡᠮ ᠲᠣᠭᠤᠷᠢᠭ ᠲᠤ | ᠤᠷᠤᠵᠤ ᠦᠢᠯᠡᠴᠢᠯᠡᠨ ᠬᠥᠮᠦᠰ ᠤᠨ ᠰᠡᠳᠬᠢᠯ ᠢ ᠳᠤᠯᠠᠭᠠᠴᠠᠭᠤᠯᠤᠨ᠎ᠠ | ᠴᠠᠬᠢᠯᠭᠠᠨ ᠬᠥᠳᠡᠯᠭᠡᠭᠦᠷᠲᠦ ᠲᠡᠷᠭᠡ ᠶᠢᠨ ᠬᠠᠮᠢᠶᠠᠷᠤᠯᠲᠠ ᠶᠢ ᠤᠯᠠᠮ ᠨᠢᠭᠡ ᠠᠯᠬᠤᠮ ᠵᠢᠷᠤᠮᠵᠢᠭᠤᠯᠵᠤ᠂ | ᠬᠤᠲᠠ ᠶᠢᠨ ᠪᠣᠯᠪᠠᠰᠤᠨ ᠤ ᠳᠦᠷᠢ ᠲᠥᠷᠬᠦ ᠶᠢ ᠳᠡᠭᠡᠭᠰᠢᠯᠡᠭᠦᠯᠬᠦ ᠶᠢᠨ ᠲᠥᠯᠥᠭᠡ᠂ 8 ᠰᠠᠷ᠎ᠠ ᠶᠢᠨ 28 ᠤ ᠡᠳᠦᠷ᠂ | ᠰᠥᠩ ᠵᠧᠤ ᠵᠡᠭᠡᠯᠢ ᠭᠤᠳᠤᠮᠵᠢ ᠶᠢᠨ ᠶᠤᠸᠠᠢ ᠵᠢᠶᠦ᠋ᠨ ᠨᠡᠶᠢᠭᠡᠮ ᠲᠣᠭᠤᠷᠢᠭ ᠤᠨ ᠰᠢᠨ᠎ᠡ ᠴᠠᠭ ᠦᠶ᠎ᠡ ᠶᠢᠨ | ᠪᠣᠯᠪᠠᠰᠤᠨ ᠤ ᠦᠢᠯᠡᠳᠦᠯᠭᠡ ᠶᠢᠨ ᠥᠷᠲᠡᠭᠡ ᠨᠢ ᠮᠥ ᠵᠢᠶᠠ ᠶᠢᠩᠽᠢ ᠪᠠᠯᠭᠠᠰᠤᠨ ᠤ ᠲᠣᠮᠢᠯᠠᠭᠰᠠᠨ ᠰᠠᠯᠪᠤᠷᠢ ᠲᠠᠢ | ᠬᠠᠮᠲᠤᠷᠠᠨ ᠵᠢᠵᠢᠭ ᠲᠣᠭᠤᠷᠢᠭ ᠲᠤ ︽ᠴᠠᠬᠢᠯᠭᠠᠨ ᠬᠥᠳᠡᠯᠭᠡᠭᠦᠷᠲᠦ ᠲᠡᠷᠭᠡ ᠶᠢ ᠲᠡᠮᠳᠡᠭᠯᠡᠨ ᠫᠠᠶᠢᠰᠠ ᠤᠭᠰᠠᠷᠠᠬᠤ︾ | ᠠᠵᠢᠯᠯᠠᠭ᠎ᠠ ᠥᠷᠨᠢᠭᠦᠯᠵᠦ᠂ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠡᠵᠡᠨ ᠢ ᠬᠡᠷ ᠤᠨ ᠡᠭᠦᠳᠡᠨ ᠳᠤᠨᠢ ᠫᠠᠶᠢᠰᠠ | ᠤᠭᠰᠠᠷᠠᠬᠤ ᠠᠵᠢᠯ ᠬᠢᠯᠭᠡᠵᠦ᠂ ᠣᠯᠠᠨ ᠲᠦᠮᠡᠨ ᠳᠤ ᠦᠢᠯᠡᠴᠢᠯᠡᠬᠦ ︽ᠡᠴᠦᠰ ᠤᠨ ᠨᠢᠭᠡ ᠺᠢᠯᠣᠮᠧᠲᠷ︾ ᠢ | ᠨᠡᠪᠲᠡᠷᠡᠭᠦᠯᠪᠡ᠃ | ᠪᠢ ᠮᠡᠳᠡᠨ᠎ᠡ᠂ ᠪᠢ ᠣᠷᠣᠯᠴᠠᠨ᠎ᠠ᠂ ᠪᠢ ᠬᠤᠪᠢ ᠨᠡᠮᠡᠷᠢ ᠦᠵᠡᠭᠦᠯᠦᠨ᠎ᠡ — ᠪᠢ ᠪᠣᠯ ᠬᠤᠳᠠ ᠶᠢ | ᠴᠣᠭᠴᠠᠯᠠᠭᠴᠢ ᠨᠢᠭᠡᠨ ᠭᠡᠰᠢᠭᠦᠨ | ᠪᠥᠬᠦ ᠤᠯᠤᠰ ᠤᠨ ᠪᠣᠯᠪᠠᠰᠤᠨ ᠬᠤᠲᠠ ᠶᠢ ᠡᠭᠦᠳᠦᠨ ᠪᠠᠶᠢᠭᠤᠯᠬᠤ ᠠᠵᠢᠯ ᠳᠤ ᠤᠯᠠᠮ ᠨᠢᠭᠡ ᠠᠯᠬᠤᠮ ᠬᠦᠴᠦ | ᠨᠠᠮᠡᠷᠢᠯᠡᠵᠦ᠂ ᠡᠭᠦᠳᠦᠨ ᠪᠠᠶᠢᠭᠤᠯᠬᠤ ᠬᠦᠷᠢᠶ᠎ᠡ ᠬᠡᠪᠴᠢᠶ᠎ᠡ ᠶᠢ ᠬᠡᠷ ᠪᠦᠯᠢ ᠪᠣᠯᠭᠠᠨ ᠳᠤ ᠬᠦᠷᠲᠡᠯ᠎ᠡ | ᠦᠷᠭᠦᠯᠵᠢᠯᠡᠭᠦᠯᠬᠦ ᠶᠢᠨ ᠲᠥᠯᠥᠭᠡ᠂ ᠣᠶᠢᠷ᠎ᠠ ᠳᠤ᠂ ᠢᠦᠶ ᠯᠦᠩ ᠵᠡᠭᠡᠯᠢ ᠭᠤᠳᠤᠮᠵᠢ ᠶᠢᠨ ᠬᠤᠸᠠ ᠹᠦ᠋ ᠱᠠᠩ ᠴᠧᠩ | ᠨᠡᠶᠢᠭᠡᠮ ᠲᠣᠭᠤᠷᠢᠭ ᠤᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠥᠷᠲᠡᠭᠡ ᠪᠣᠯᠤᠨ | ᠳᠠᠭᠠᠭᠠᠴᠢᠯᠠᠨ ᠬᠤᠯᠪᠤᠭᠠᠯᠠᠵᠤ ᠬᠠᠮᠲᠤ ᠪᠠᠷ ᠪᠠᠶᠢᠭᠤᠯᠬᠤ ᠨᠢᠭᠡᠴᠡ ᠤᠯᠠᠭᠠᠨᠬᠠᠳᠠ ᠬᠤᠲᠠ ᠶᠢᠨ ᠡᠮᠡᠭᠲᠡᠶᠢᠴᠦᠳ ᠤᠨ | ᠬᠤᠯᠪᠣᠭ᠎ᠠ ᠭᠠᠷ ᠬᠤᠯᠪᠣᠯᠴᠠᠨ᠂ ᠬᠤᠸᠠ ᠹᠦ᠋ ᠱᠠᠩ ᠴᠧᠩ ᠨᠡᠶᠢᠭᠡᠮ ᠲᠣᠭᠤᠷᠢᠭ ᠲᠤ ︽ᠪᠢ ᠪᠣᠯ ᠬᠤᠳᠠ ᠶᠢ | ᠴᠣᠭᠴᠠᠯᠠᠭᠴᠢ ᠨᠢᠭᠡᠨ ᠭᠡᠰᠢᠭᠦᠨ︾ ᠭᠠᠷ ᠤᠨ ᠥᠰᠥᠭ ᠵᠢᠷᠤᠵᠤ ᠦᠭᠡ ᠢᠯᠡᠭᠡᠬᠦ ᠠᠵᠢᠯᠯᠠᠭ᠎ᠠ ᠥᠷᠨᠢᠭᠦᠯᠪᠡ᠃ | ᠪᠣᠯᠪᠠᠰᠤᠨ ᠢ ᠬᠠᠷᠠᠬᠠᠨ ᠪᠠᠭ᠎ᠠ ᠠᠴᠠ ᠡᠬᠢᠯᠡᠵᠦ ᠮᠡᠳᠡᠷᠡᠭᠦᠯᠦᠨ᠎ᠡ | ᠣᠶᠢᠷ᠎ᠠ ᠳᠤ᠂ ᠵᠧᠨ ᠰᠢᠩ ᠵᠡᠭᠡᠯᠢ ᠭᠤᠳᠤᠮᠵᠢ ᠶᠢᠨ ᠹᠦ᠋ ᠬᠦᠶ ᠶᠤᠸᠠᠨ ᠨᠡᠶᠢᠭᠡᠮ ᠲᠣᠭᠤᠷᠢᠭ ᠤᠨ ᠬᠢᠨ | ᠬᠠᠷᠢᠶᠠᠲᠤ ᠣᠷᠣᠨ ᠤ ᠪᠠᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠢ ᠵᠣᠬᠢᠶᠠᠨ ᠪᠠᠶᠢᠭᠤᠯᠵᠤ ᠨᠠᠰᠤᠨ ᠳᠤ | ᠥᠯᠥ ᠭᠦᠷᠦᠭᠰᠡᠳ ᠢ ᠬᠠᠯᠠᠮᠵᠢᠯᠠᠨ ᠬᠠᠶᠢᠷᠠᠯᠠᠬᠤ ︽ᠪᠣᠯᠪᠠᠰᠤᠨ ᠢ ᠬᠠᠷᠠᠬᠠᠨ ᠪᠠᠭ᠎ᠠ ᠠᠴᠠ ᠨᠢ ᠡᠬᠢᠯᠡᠨ ᠬᠢᠬᠦ︾ | ᠠᠵᠢᠯᠯᠠᠭ᠎ᠠ ᠥᠷᠨᠢᠭᠦᠯᠵᠦ᠂ ᠶᠣᠰᠣ ᠵᠢᠷᠤᠮ ᠢ ᠰᠤᠷᠤᠯᠴᠠᠬᠤ᠂ ᠶᠣᠰᠣ ᠵᠢᠷᠤᠮ ᠢ ᠮᠡᠳᠡᠬᠦ ᠪᠠ ᠨᠠᠰᠤᠨ ᠳᠤ ᠥᠯᠥ | ᠭᠦᠷᠦᠭᠰᠡᠳ ᠢ ᠰᠠᠶᠢᠨ ᠰᠠᠶᠢᠬᠠᠨ ᠪᠣᠯᠪᠠᠰᠤᠨ ᠶᠣᠰᠣ ᠵᠠᠩᠰᠢᠯ ᠲᠠᠢ ᠪᠣᠯᠭᠠᠨ ᠬᠥᠮᠦᠵᠢᠭᠦᠯᠬᠦ ᠪᠠᠷ ᠭᠤᠤᠯᠳᠠᠯᠭ᠎ᠠ | ᠪᠣᠯᠭᠠᠵᠤ᠂ ᠨᠠᠰᠤᠨ ᠳᠤ ᠥᠯᠥ ᠭᠦᠷᠦᠭᠰᠡᠳ ᠢ ᠬᠠᠪᠰᠤᠷᠤᠨ ︽ᠠᠮᠢᠳᠤᠷᠠᠯ ᠤᠨ ᠠᠩᠬᠠᠨ ᠤ ᠲᠣᠪᠴᠢ ᠶᠢ ᠨᠢ | ᠰᠠᠶᠢᠲᠤᠷ ᠲᠤᠪᠴᠢᠯᠠᠭᠤᠯᠪᠠ︾᠃ |