ᠰᠦᠩᠱᠠᠨ ᠲᠣᠭᠤᠷᠢᠭ ᠤᠨ ᠲᠣᠮᠣ ᠬᠡᠯᠪᠡᠷᠢ ᠶᠢᠨ ᠬᠡᠲᠦ ᠳᠡᠯᠭᠡᠭᠦᠷ ᠢᠳᠡᠰᠢᠨ ᠨᠣᠭᠤᠭ᠎ᠠ ᠶᠢᠨ ᠪᠣᠭᠤᠳᠠᠯ ᠭᠠᠷᠭᠠᠪᠠ
ᠨᠡᠶᠢᠲᠡᠯᠡᠭᠰᠡᠨ ᠴᠠᠭ᠄
2022/9/7
     ᠬᠢᠵᠢᠭ ᠤᠨ ᠪᠠᠶᠢᠳᠠᠯ ᠤᠨ ᠭᠡᠨᠡᠳᠲᠡ ᠶᠢᠨ ᠪᠠᠶᠢᠳᠠᠯ ᠢ ᠪᠦᠲᠦᠮᠵᠢᠲᠡᠶ ᠠᠷᠭᠠᠴᠠᠵᠤ᠂ ᠠᠮᠢᠳᠤᠷᠠᠯ ᠤᠨ ᠴᠢᠬᠤᠯᠠ ᠬᠡᠷᠡᠭᠴᠡᠭᠡᠨ ᠤ ᠵᠦᠢᠯ ᠤᠨ ᠬᠠᠩᠭᠠᠯᠭ᠎ᠠ ᠶᠢ ᠪᠠᠲᠤᠯᠠᠬᠤ ᠠᠵᠢᠯ ᠢ ᠰᠠᠶᠢᠲᠤᠷ ᠬᠢᠵᠦ᠂ ᠬᠤᠲᠠ ᠶᠢᠨ ᠠᠷᠠᠳ ᠤᠨ ᠬᠤᠳᠠᠯᠳᠤᠭᠠᠨ ᠤ ᠬᠡᠲᠦ ᠳᠡᠯᠭᠡᠭᠦᠷ ᠲᠤ ᠬᠤᠳᠠᠯᠳᠤᠨ ᠠᠪᠬᠤ ᠪᠠᠷ ᠵᠤᠭᠰᠤᠬᠤ ᠴᠠᠭ ᠢ ᠪᠠᠭᠠᠰᠬᠠᠬᠤ ᠶᠢᠨ ᠲᠥᠯᠥᠭᠡ᠂ ᠰᠦᠩᠱᠠᠨ ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠠᠴᠠ ᠬᠤᠯᠪᠣᠭᠳᠠᠯ ᠪᠥᠬᠦᠶ ᠠᠵᠤ ᠠᠬᠤᠶᠢᠯᠠᠯ ᠢ ᠰᠢᠪᠠᠳᠠᠵᠤ ᠪᠠᠶᠢᠭᠠᠳ ᠣᠯᠠᠨ  ᠵᠦᠢᠯ ᠤᠨ ᠨᠣᠭᠤᠭ᠎ᠠ ᠠᠭᠤᠯᠤᠭᠰᠠᠨ ᠢᠳᠡᠰᠢᠨ ᠨᠣᠭᠤᠭᠠᠨ ᠤ ᠪᠣᠭᠤᠳᠠᠯ ᠭᠠᠷᠭᠠᠯᠭᠠᠵᠤ᠂ ᠬᠤᠲᠠ ᠶᠢᠨ ᠠᠷᠠᠳ ᠤᠨ ᠰᠣᠩᠭᠤᠵᠤ ᠬᠤᠳᠠᠯᠳᠤᠨ ᠠᠪᠬᠤ ᠳᠤ ᠵᠣᠷᠢᠭᠤᠯᠪᠠ᠃      ᠭᠠᠷᠭᠠᠬᠤ ᠪᠠᠷ ᠲᠥᠯᠥᠪᠯᠡᠵᠦ ᠪᠠᠶᠢᠭ᠎ᠠ ᠢᠳᠡᠰᠢᠨ ᠨᠣᠭᠤᠭ᠎ᠠ ᠶᠢᠨ ᠪᠣᠭᠤᠳᠠᠯ ᠨᠡᠶᠢᠲᠡ 2 ᠵᠦᠢᠯ ᠪᠠᠶᠢᠵᠤ᠂ ᠦᠨ᠎ᠡ ᠨᠢ 35 ᠲᠥᠭᠦᠷᠢᠭ \ ᠪᠣᠭᠤᠳᠠᠯ ᠪᠣᠯᠤᠨ᠎ᠠ᠃ ᠨᠢᠭᠡ ᠵᠦᠢᠯ ᠤᠨ ᠢᠳᠡᠰᠢᠨ ᠨᠣᠭᠤᠭ᠎ᠠ ᠶᠢᠨ ᠪᠣᠭᠤᠳᠠᠯ ᠳᠤ ᠴᠠᠭᠠᠨ ᠨᠣᠭᠤᠭ᠎ᠠ 2 ᠵᠢᠩ ︵ᠵᠢᠩ ᠪᠦᠷᠢ ᠳᠡᠭᠡᠨ 1.49 ᠲᠥᠭᠦᠷᠢᠭ︶᠂ ᠬᠠᠰᠢ 2 ᠵᠢᠩ ︵ᠵᠢᠩ ᠪᠦᠷᠢ ᠳᠡᠭᠡᠨ 4.49 ᠲᠥᠭᠦᠷᠢᠭ︶᠂ ᠴᠢᠨᠵᠦᠦ 2 ᠵᠢᠩ ︵ᠵᠢᠩ ᠪᠦᠷᠢ ᠳᠡᠭᠡᠨ 2.49 ᠲᠥᠭᠦᠷᠢᠭ︶᠂ ᠲᠥᠮᠥᠰᠥ 3 ᠵᠢᠩ ︵ᠵᠢᠩ ᠪᠦᠷᠢ ᠳᠡᠭᠡᠨ 1.59 ᠲᠥᠭᠦᠷᠢᠭ︶᠂ ᠪᠥᠭᠡᠷᠡᠩᠬᠡᠶ ᠰᠣᠩᠭᠢᠨ᠎ᠠ 2 ᠵᠢᠩ ︵ᠵᠢᠩ ᠪᠦᠷᠢ ᠳᠡᠭᠡᠨ 1.49 ᠲᠥᠭᠦᠷᠢᠭ︶᠂ ᠯᠠᠩᠭᠤᠸᠠ 2 ᠵᠢᠩ ︵ᠵᠢᠩ ᠪᠦᠷᠢ ᠳᠡᠭᠡᠨ 2.49 ᠲᠥᠭᠦᠷᠢᠭ︶᠂ ᠥᠷᠭᠡᠰᠦᠲᠦ ᠬᠡᠮᠬᠡ 1 ᠵᠢᠩ ︵ᠵᠢᠩ ᠪᠦᠷᠢ ᠳᠡᠭᠡᠨ 4.49 ᠲᠥᠭᠦᠷᠢᠭ︶ ᠪᠠᠭᠲᠠᠨ᠎ᠠ︔ ᠨᠥᠭᠦᠭᠡ ᠨᠢᠭᠡ ᠵᠦᠢᠯ ᠤᠨ ᠨᠣᠭᠤᠭ᠎ᠠ ᠶᠢᠨ ᠪᠣᠭᠤᠳᠠᠯ ᠳᠤ ᠴᠤᠭᠤᠷ ᠨᠣᠭᠤᠭ᠎ᠠ 2 ᠵᠢᠩ ︵ᠵᠢᠩ ᠪᠦᠷᠢ ᠳᠡᠭᠡᠨ 2.30 ᠲᠥᠭᠦᠷᠢᠭ︶᠂ ᠬᠠᠰᠢ 2 ᠵᠢᠩ ︵ᠵᠢᠩ ᠪᠦᠷᠢ ᠳᠡᠭᠡᠨ 4.49 ᠲᠥᠭᠦᠷᠢᠭ︶᠂ ᠰᠢᠬᠤᠯᠤ 2 ᠵᠢᠩ ︵ᠵᠢᠩ ᠪᠦᠷᠢ ᠳᠡᠭᠡᠨ 3.79 ᠲᠥᠭᠦᠷᠢᠭ︶᠂ ᠲᠥᠮᠥᠰᠥ 2 ᠵᠢᠩ ︵ᠵᠢᠩ ᠪᠦᠷᠢ ᠳᠡᠭᠡᠨ 1.59 ᠲᠥᠭᠦᠷᠢᠭ︶᠂ ᠲᠥᠪᠡᠳ ᠬᠠᠰᠢ 2 ᠵᠢᠩ ︵ᠵᠢᠩ ᠪᠦᠷᠢ ᠳᠡᠭᠡᠨ 3.89 ᠲᠥᠭᠦᠷᠢᠭ︶ ᠂ ᠦᠬᠡᠷ ᠤᠨ ᠵᠢᠷᠦᠬᠡᠨ ᠨᠣᠭᠤᠭ᠎ᠠ 2 ᠵᠢᠩ ︵ᠵᠢᠩ ᠪᠦᠷᠢ ᠳᠡᠭᠡᠨ 1.19 ᠲᠥᠭᠦᠷᠢᠭ︶ ᠪᠠᠭᠲᠠᠨ᠎ᠠ᠃ 2 ᠵᠦᠢᠯ ᠤᠨ ᠢᠳᠡᠰᠢᠨ ᠨᠣᠭᠤᠭ᠎ᠠ ᠶᠢᠨ ᠪᠤᠭᠤᠳᠠᠯ ᠳᠤ ᠢᠳᠡᠰᠢᠨ ᠨᠣᠭᠤᠭ᠎ᠠ ᠶᠢᠨ ᠡᠳᠦᠷ ᠪᠦᠷᠢ ᠶᠢᠨ ᠦᠨ᠎ᠡ ᠶᠢᠨ ᠬᠤᠪᠢᠷᠠᠯᠲᠠ ᠶᠢᠨ ᠪᠠᠶᠢᠳᠠᠯ ᠢ ᠦᠨᠳᠦᠰᠦᠯᠡᠨ ᠲᠣᠬᠢᠷᠠᠭᠤᠯᠤᠯᠲᠠ ᠬᠢᠨ᠎ᠡ᠃      9 ᠰᠠᠷ᠎ᠠ ᠶᠢᠨ 6 ᠤ ᠡᠳᠦᠷ ᠪᠣᠯᠲᠠᠯ᠎ᠠ᠂ ᠰᠦᠩᠱᠠᠨ ᠲᠣᠭᠤᠷᠢᠭ ᠤᠨ 8 ᠲᠣᠮᠣ ᠬᠡᠯᠪᠡᠷᠢ ᠶᠢᠨ ᠬᠡᠲᠦ ᠳᠡᠯᠭᠡᠭᠦᠷ ᠤᠨ ᠠᠮᠢᠳᠤᠷᠠᠯ ᠤᠨ ᠴᠢᠬᠤᠯᠠ ᠬᠡᠷᠡᠭᠴᠡᠭᠡᠨ ᠤ ᠵᠦᠢᠯ ᠤᠨ ᠵᠢᠵᠢᠭᠯᠡᠨ ᠬᠤᠳᠠᠯᠳᠤᠬᠤ ᠦᠨ᠎ᠡ ᠶᠡᠷᠦᠩᠬᠡᠶ ᠳᠡᠭᠡᠨ ᠪᠠᠭᠤᠷᠠᠪᠠ᠂ ᠡᠭᠦᠨ ᠳᠤ ᠴᠠᠭᠠᠨ ᠨᠣᠭᠤᠭ᠎ᠠ᠂ ᠴᠢᠨᠵᠦᠤ᠂ ᠥᠷᠭᠡᠰᠦᠲᠦ ᠬᠡᠮᠬᠡ ᠶᠢᠨ ᠪᠥᠭᠡᠮ ᠢᠶᠠᠷ ᠬᠤᠳᠠᠯᠳᠤᠬᠤ ᠦᠨ᠎ᠡ ᠨᠡᠯᠢᠶᠡᠳ ᠶᠡᠭᠡ ᠪᠠᠭᠤᠷᠠᠵᠠᠶ︔ ᠬᠤ ᠯᠤᠤᠪᠠᠩ ᠪᠣᠯᠤᠨ ᠲᠥᠪᠡᠳ ᠬᠠᠰᠢ ᠶᠢᠨ ᠪᠥᠭᠡᠮ ᠢᠶᠠᠷ ᠬᠤᠳᠠᠯᠳᠤᠬᠤ ᠦᠨ᠎ᠡ ᠪᠠᠭ᠎ᠠ ᠥᠰᠴᠡᠶ᠃
 
ᠢᠷᠡᠯᠲᠡ᠄ ︽ᠥᠨᠥᠳᠦᠷ ᠤᠨ ᠰᠥᠩᠱᠠᠨ︾ ᠨᠡᠶᠢᠲᠡ ᠶᠢᠨ ᠳᠠᠪᠴᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号