ᠰᠢᠨ᠎ᠡ ᠴᠠᠭ ᠦᠶ᠎ᠡ ᠳᠤ ᠰᠢᠨ᠎ᠡ ᠰᠦᠩᠱᠠᠨ ᠳᠤ ᠡᠷᠡᠯᠬᠡᠭᠯᠡᠨ ᠤᠷᠤᠭᠰᠢᠯᠠᠭᠰᠠᠨ ᠢ ᠮᠠᠭᠲᠠᠨ ᠰᠠᠶᠢᠰᠢᠶᠠᠨᠠᠮ — ᠤᠯᠠᠭᠠᠨᠬᠠᠳᠠ ᠶᠢᠨ ᠨᠠᠶᠢᠷᠠᠯ ᠬᠥᠭᠵᠢᠮ ᠤᠨ ᠪᠦᠯᠬᠦᠮ ᠤᠨ ᠰᠦᠩᠱᠠᠨ ᠲᠣᠭᠤᠷᠢᠭ ᠤᠨ ᠲᠤᠰᠬᠠᠢ ᠲᠠᠯᠠᠪᠠᠢ ᠶᠢᠨ ᠳᠠᠭᠤᠤ ᠬᠥᠭᠵᠢᠮ ᠤᠨ ᠦᠳᠡᠰᠢᠯᠡᠭᠡ 
ᠨᠡᠶᠢᠲᠡᠯᠡᠭᠰᠡᠨ ᠴᠠᠭ᠄
2023/3/13
     2 ᠰᠠᠷ᠎ᠠ ᠶᠢᠨ 23 ᠤ ᠦᠳᠡ ᠶᠢᠨ ᠬᠤᠶᠢᠨ᠎ᠠ᠂ ᠤᠯᠠᠭᠠᠨᠬᠠᠳᠠ ᠶᠢᠨ ᠨᠠᠶᠢᠷᠠᠯ ᠬᠥᠭᠵᠢᠮ ᠤᠨ ᠪᠦᠯᠬᠦᠮ ᠰᠦᠩᠱᠠᠨ ᠲᠣᠭᠤᠷᠢᠭ  ᠲᠤ ᠲᠤᠰᠬᠠᠢ ᠲᠠᠯᠠᠪᠠᠢ ᠶᠢᠨ ᠳᠠᠭᠤᠤ ᠬᠥᠭᠵᠢᠮ ᠤᠨ ᠦᠳᠡᠰᠢᠯᠡᠭᠡ  ᠭᠠᠷᠭᠠᠨ ᠥᠷᠭᠡᠨ ᠤᠯᠠᠨ ᠬᠤᠳᠠ ᠶᠢᠨ ᠠᠷᠠᠳ ᠲᠤ ᠢᠷᠠᠭᠤ ᠰᠠᠶᠢᠬᠠᠨ ᠤᠷᠠᠯᠢᠭ ᠤᠨ ᠦᠪᠡᠳᠡᠭᠰᠢ ᠨᠠᠶᠢᠷ ᠢ ᠬᠦᠷᠭᠡᠪᠡ᠃ ᠲᠣᠭᠤᠷᠢᠭ ᠤᠨ ᠤᠳᠤᠷᠢᠳᠤᠯᠭ᠎ᠠ ᠴᠢᠨ ᠢᠦᠢ ᠬᠤᠤ᠂ ᠵᠤᠤ ᠶᠠ ᠳ᠋ᠦᠩ᠂ ᠰᠦᠩ ᠳ᠋ᠡ ᠹᠦ᠋ ᠲᠤᠬᠠᠢ ᠶᠢᠨ ᠲᠠᠯᠠᠪᠠᠢ ᠳᠤ ᠳᠠᠭᠤᠤ ᠬᠥᠭᠵᠢᠮ ᠤᠨ ᠦᠳᠡᠰᠢᠯᠡᠭᠡ ᠶᠢ ᠰᠤᠨᠢᠷᠬᠠᠪᠠ᠃      ᠳᠠᠭᠤᠤ ᠬᠥᠭᠵᠢᠮ ᠤᠨ ᠦᠳᠡᠰᠢᠯᠡᠭᠡ ᠨᠢ ᠤᠷᠺᠤᠰᠲᠷᠠ ᠶᠢᠨ ︽ᠴᠠᠭᠠᠨ ᠰᠠᠷ᠎ᠠ ᠶᠢᠨ ᠣᠷᠣᠰᠢᠯ ᠬᠥᠭᠵᠢᠮ︾ ᠤᠨ ᠳᠤᠮᠳᠠ ᠬᠥᠰᠢᠭᠡ ᠪᠠᠨ ᠰᠡᠬᠦᠵᠦ᠂ ᠬᠥᠭᠵᠢᠮ ᠤᠨ ᠠᠶ᠎ᠠ ᠨᠢ ᠴᠢᠬᠢᠨ ᠳᠤ ᠠᠶᠠᠲᠠᠶ ᠤᠷᠤᠰᠤᠮ᠎ᠠ᠂ ᠣᠷᠭᠢᠯᠤᠮ᠎ᠠ ᠬᠠᠯᠠᠭᠤᠨ ᠰᠡᠳᠬᠢᠯᠭᠡ ᠲᠠᠢ᠂ ᠦᠨᠳᠦᠰᠦᠲᠡᠨ ᠤ ᠬᠡᠪ ᠨᠠᠮᠪᠠ ᠪᠠᠷ ᠥᠳᠬᠡᠨ ᠪᠠᠶᠢᠵᠤ᠂ ᠳᠠᠬᠢᠨ ᠤᠷᠺᠤᠰᠲᠷᠠ ᠶᠢᠨ ᠠᠶ᠎ᠠ ︽ᠮᠢᠨᠦ ᠳᠤᠮᠳᠠᠳᠤ ᠤᠯᠤᠰ︾ ᠲᠠᠢ ᠬᠠᠮᠲᠤ ᠪᠠᠷ ᠬᠥᠮᠦᠰ ᠤᠨ ᠡᠬᠡ ᠤᠯᠤᠰ ᠢᠶᠠᠨ ᠬᠠᠶᠢᠷᠠᠯᠠᠬᠤ ᠰᠡᠳᠬᠢᠯᠭᠡ ᠶᠢ ᠬᠥᠭᠵᠢᠭᠡᠭᠰᠡᠨ ᠪᠠᠶᠢᠨ᠎ᠠ᠃      ᠳᠠᠭᠤᠤ ᠬᠥᠭᠵᠢᠮ ᠤᠨ ᠦᠳᠡᠰᠢᠯᠡᠭᠡ ᠳᠤ ᠳᠣᠲᠣᠭᠠᠳᠤ ᠭᠠᠳᠠᠭᠠᠳᠤ ᠶᠢᠨ ᠨᠡᠷᠡᠲᠦ ᠬᠥᠭᠵᠢᠮ ᠬᠤᠷᠠᠨ ᠴᠤᠭᠯᠠᠷᠠᠵᠤ᠂ ᠰᠡᠳᠬᠢᠯ ᠵᠢᠷᠦᠬᠡ ᠶᠢ ᠳᠣᠭᠳᠣᠯᠤᠭᠤᠯᠤᠮ᠎ᠠ ︽ᠪᠤᠭᠤᠷᠤᠯ ᠬᠡᠦᠬᠡᠨ ᠤ ᠲᠠᠭᠠᠮᠠᠭ ᠠᠶᠠᠰ︾᠂ ᠬᠠᠩᠭᠢᠨᠠᠮ᠎ᠠ ᠲᠡᠭᠦᠯᠳᠡᠷ ᠬᠤᠭᠤᠷ ᠤᠨ ᠲᠣᠳᠣᠷᠠᠭᠤᠯᠤᠯᠲᠠ ᠬᠥᠭᠵᠢᠮ ︽ᠬᠠᠳᠤᠨ ᠭᠤᠣᠯ︾ ᠵᠡᠷᠭᠡ ᠬᠥᠮᠦᠨ ᠪᠦᠬᠦᠨ ᠤ ᠮᠡᠳᠡᠳᠡᠭ ᠳᠤᠮᠳᠠᠳᠤ ᠤᠯᠤᠰ ᠤᠨ ᠰᠣᠩᠭᠤᠳᠠᠭ ᠠᠯᠳᠠᠷᠲᠤ ᠠᠶ᠎ᠠ ᠪᠠᠶᠢᠬᠤ ᠪᠠᠷ ᠪᠠᠷᠠᠬᠤ ᠦᠭᠡᠢ᠂ ᠪᠠᠰᠠ ︽ᠬᠤᠶᠠᠳᠤᠭᠠᠷ ᠸᠠᠯᠽᠤᠷ ᠠᠶᠠᠰ︾᠂ ︽ᠬᠠᠪᠤᠷ ᠤᠨ ᠲᠠᠭᠤᠨ ᠤ ᠸᠠᠯᠽᠤᠷ ᠠᠶᠠᠰ︾᠂ ︽ᠬᠠᠩᠭᠠᠷᠢ ᠶᠢᠨ ᠪᠥᠵᠢᠭ ᠤᠨ ᠠᠶᠠᠰ︾ ᠵᠡᠷᠭᠡ ᠥᠷᠥᠨᠡᠳᠠᠬᠢᠨ ᠤ ᠰᠣᠩᠭᠤᠳᠠᠭ ᠤᠷᠺᠤᠰᠲᠷᠠ ᠶᠢᠨ ᠪᠦᠲᠦᠭᠡᠯ ᠤᠳ ᠴᠦ ᠪᠠᠶᠢᠵᠤ᠂ ᠲᠤᠬᠠᠶ ᠶᠢᠨ ᠲᠠᠯᠠᠪᠠᠢ ᠶᠢᠨ ᠦᠵᠡᠭᠴᠢᠳ ᠤᠨ ᠬᠠᠯᠠᠭᠤᠨ ᠠᠯᠠᠭ᠎ᠠ ᠲᠠᠰᠢᠯᠳᠠ ᠶᠢ ᠣᠯᠤᠭᠰᠠᠨ ᠪᠠᠶᠢᠨ᠎ᠠ᠃       ᠳᠠᠭᠤᠤ ᠬᠥᠭᠵᠢᠮ ᠤᠨ ᠦᠳᠡᠰᠢᠯᠡᠭᠡ ᠨᠢ ᠬᠠᠮᠤᠭ ᠡᠴᠦᠰ ᠲᠤ ︽ᠷᠠᠳᠤᠰᠺᠢ ᠶᠢᠨ ᠤᠷᠤᠭᠰᠢᠯᠠᠯᠲᠠ ᠶᠢᠨ ᠬᠥᠭᠵᠢᠮ︾ ᠤᠨ ᠣᠮᠤᠭ ᠲᠡᠭᠦᠯᠳᠡᠷ ᠤᠷᠤᠭᠰᠢᠯᠠᠯᠲᠠ ᠶᠢᠨ ᠬᠥᠭ ᠠᠶᠠᠰ ᠤᠨ ᠳᠤᠮᠳᠠ ᠲᠡᠭᠦᠰ ᠠᠮᠵᠢᠯᠲᠠ ᠲᠠᠢ ᠪᠠᠷ ᠥᠨᠳᠥᠷᠯᠡᠪᠡ᠃
 
ᠢᠷᠡᠯᠲᠡ᠄ ︽ᠥᠨᠥᠳᠦᠷ ᠤᠨ ᠰᠥᠩᠱᠠᠨ︾ ᠨᠡᠶᠢᠲᠡ ᠶᠢᠨ ᠳᠠᠪᠴᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号