8 ᠰᠠᠷ᠎ᠠ ᠶᠢᠨ 6 ᠤ ᠦᠳᠡ ᠶᠢᠨ ᠬᠤᠶᠢᠨ᠎ᠠ᠂ ᠰᠦᠩᠱᠠᠨ ᠲᠣᠭᠤᠷᠢᠭ ᠤᠨ ᠰᠣᠶᠣᠯ ᠵᠢᠭᠤᠯᠴᠢᠯᠠᠯ ᠪᠡᠶ᠎ᠡ ᠶᠢᠨ | ᠲᠠᠮᠢᠷ ᠤᠨ ᠲᠣᠪᠴᠢᠶ᠎ᠠ ᠠᠴᠠ ᠭᠤᠤᠯᠯᠠᠨ ᠡᠷᠭᠢᠯᠡᠭᠰᠡᠨ ᠪᠥᠬᠦ ᠲᠣᠭᠤᠷᠢᠭ ᠤᠨ ᠠᠵᠢᠯᠲᠠᠨ ᠠᠵᠢᠯᠴᠢᠨ ᠤ ᠰᠠᠭᠰᠤᠨ | ᠪᠥᠮᠪᠦᠭᠡ ᠶᠢᠨ ᠤᠷᠤᠯᠳᠤᠭᠠᠨ ᠲᠡᠭᠦᠰ ᠠᠮᠵᠢᠯᠲᠠ ᠲᠠᠢ ᠥᠨᠳᠥᠷᠯᠡᠪᠡ᠃ | ᠲᠣᠰ ᠤᠳᠠᠭᠠᠨ ᠤ ᠤᠷᠤᠯᠳᠤᠭᠠᠨ ᠨᠢ 4 ᠡᠳᠦᠷ ᠶᠠᠪᠤᠭᠳᠠᠪᠠ᠂ ᠡᠭᠦᠨ ᠳᠤ ᠰᠢᠶᠠᠩ ᠪᠠᠯᠭᠠᠰᠤ ᠵᠡᠭᠡᠯᠢ | ᠭᠤᠳᠤᠮᠵᠢ ᠶᠢᠨ ᠳᠤᠭᠤᠶᠢᠯᠠᠩ ᠤᠨ ᠤᠷᠤᠯᠳᠤᠭᠠᠨ᠂ ᠲᠣᠭᠤᠷᠢᠭ ᠤᠨ ᠰᠢᠭᠤᠳ ᠬᠠᠷᠢᠶ᠎ᠠ ᠪᠠᠶᠢᠭᠤᠯᠤᠯᠭ᠎ᠠ ᠶᠢᠨ | ᠳᠤᠭᠤᠶᠢᠯᠠᠩ ᠤᠨ ᠤᠷᠤᠯᠳᠤᠭᠠᠨ᠂ ᠠᠵᠤ ᠠᠬᠤᠶᠢᠯᠠᠯ ᠤᠨ ᠳᠤᠭᠤᠶᠢᠯᠠᠩ ᠤᠨ ᠤᠷᠤᠯᠳᠤᠭᠠᠨ᠂ ᠡᠮᠡᠭᠲᠡᠶ ᠶᠢᠨ | ᠳᠤᠭᠤᠶᠢᠯᠠᠩ ᠤᠨ ᠤᠷᠤᠯᠳᠤᠭᠠᠨ ᠪᠠᠭᠲᠠᠨ᠎ᠠ᠃ ᠬᠤᠷᠴᠠ ᠰᠢᠷᠦᠭᠦᠨ ᠥᠷᠢᠰᠥᠯᠳᠦᠭᠡᠨ ᠢᠶᠠᠷ ᠲᠠᠮᠵᠢᠨ᠂ | ᠲᠣᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠵᠠᠰᠠᠭ ᠤᠨ ᠤᠷᠳᠤᠨ ᠤ ᠠᠯᠪᠠᠨ ᠭᠡᠷ ᠰᠣᠶᠣᠯ ᠪᠡᠶ᠎ᠡ ᠶᠢᠨ | ᠲᠠᠮᠢᠷ ᠤᠨ ᠲᠥᠯᠥᠭᠡᠯᠡᠭᠴᠢᠳ ᠤᠨ ᠠᠩᠬᠢ᠂ ᠴᠢᠤᠸᠠᠨ ᠨᠢᠩ ᠵᠡᠭᠡᠯᠢ ᠭᠤᠳᠤᠮᠵᠢ ᠶᠢᠨ ᠲᠥᠯᠥᠭᠡᠯᠡᠭᠴᠢᠳ ᠤᠨ ᠠᠩᠬᠢ | ᠂ ᠰᠦᠩᠱᠠᠨ ᠤ ᠰᠠᠭᠰᠤᠨ ᠪᠥᠮᠪᠦᠭᠡ ᠶᠢᠨ ᠨᠡᠶᠢᠭᠡᠮᠯᠢᠭ ᠤᠨ ᠲᠥᠯᠥᠭᠡᠯᠡᠭᠴᠢᠳ ᠤᠨ ᠠᠩᠬᠢ᠂ ᠤᠯᠠᠭᠠᠨᠬᠠᠳᠠ ᠶᠢᠨ ᠶᠢᠨ | ᠼᠠᠢ ᠲᠥᠯᠥᠭᠡᠯᠡᠭᠴᠢᠳ ᠤᠨ ᠠᠩᠬᠢ ᠲᠤᠰ ᠲᠤᠰ ᠳᠤᠭᠤᠶᠢᠯᠠᠩ ᠤᠨ ᠤᠷᠤᠯᠳᠤᠭᠠᠨ ᠳᠤ ᠮᠠᠩᠯᠠᠶᠢᠯᠠᠪᠠ︔ | ᠲᠣᠭᠤᠷᠢᠭ ᠤᠨ ᠤᠯᠤᠰ ᠲᠥᠷᠥ ᠬᠠᠤᠯᠢ ᠴᠠᠭᠠᠵᠠ ᠤᠢ ᠰᠢᠭᠤᠢ ᠡᠪᠡᠰᠦ ᠪᠡᠯᠴᠢᠭᠡᠷ ᠰᠥᠩ ᠲᠸᠦ | ᠲᠥᠯᠥᠭᠡᠯᠡᠭᠴᠢᠳ ᠤᠨ ᠠᠩᠭᠢ᠂ ᠬᠠᠷᠠᠲᠤᠬᠤᠢ ᠪᠠᠯᠭᠠᠰᠤᠨ ᠤ ᠲᠥᠯᠥᠭᠡᠯᠡᠭᠴᠢᠳ ᠤᠨ ᠠᠩᠭᠢ᠂ ᠨᠢᠭᠡᠳᠦᠭᠡᠷ | ᠪᠡᠶ᠎ᠡ ᠶᠢᠨ ᠲᠠᠮᠢᠷ ᠤᠨ ᠲᠥᠯᠥᠭᠡᠯᠡᠭᠴᠢᠳ ᠤᠨ ᠠᠩᠭᠢ᠂ ᠨᠢᠭᠡᠳᠦᠭᠡᠷ ᠪᠡᠶ᠎ᠡ ᠶᠢᠨ ᠲᠠᠮᠢᠷ ᠤᠨ ᠡᠮᠡᠭᠲᠡᠶ ᠶᠢᠨ ᠠᠩᠭᠢ ᠶᠢᠨ | ᠲᠥᠯᠥᠭᠡᠯᠡᠭᠴᠢᠳ ᠤᠨ ᠠᠩᠭᠢ ᠲᠣᠰ ᠲᠣᠰ ᠳᠡᠳ᠋ᠯᠡᠪᠡ︔ ᠰᠦᠩᠱᠠᠨ ᠤ ᠳᠣᠲᠣᠭᠠᠳᠤ ᠶᠢ ᠬᠠᠮᠠᠭᠠᠯᠠᠬᠤ | ᠲᠥᠯᠥᠭᠡᠯᠡᠭᠴᠢᠳ ᠤᠨ ᠠᠩᠬᠢ᠂ ᠮᠦ ᠵᠢᠶᠠ ᠶᠢᠩᠽᠢ ᠪᠠᠯᠭᠠᠰᠤᠨ ᠤ ᠲᠥᠯᠥᠭᠡᠯᠡᠭᠴᠢᠳ ᠤᠨ ᠠᠩᠬᠢ᠂ | ᠤᠯᠠᠭᠠᠨᠬᠠᠳᠠ ᠶᠢᠨ ᠠᠩᠬ᠎ᠠ ᠤᠳᠠᠭ᠎ᠠ ᠶᠢᠨ ᠲᠥᠯᠥᠭᠡᠯᠡᠭᠴᠢᠳ ᠤᠨ ᠠᠩᠬᠢ᠂ ᡂᠢ ᠴᠧᠩ ᠰᠤᠷᠭᠠᠨ ᠬᠥᠮᠦᠵᠢᠯ ᠤᠨ | ᠲᠥᠯᠥᠭᠡᠯᠡᠭᠴᠢᠳ ᠤᠨ ᠠᠩᠬᠢ ᠲᠤᠰ ᠲᠤᠰ ᠭᠤᠷᠪᠠᠳᠤᠭᠠᠷ ᠲᠤ ᠣᠷᠣᠪᠠ᠃ | ᠲᠤᠰ ᠤᠳᠠᠭ᠎ᠠ ᠶᠢᠨ ᠤᠷᠤᠯᠳᠤᠭᠠᠨ ᠨᠢ ᠪᠦᠬᠦ ᠲᠣᠭᠤᠷᠢᠭ ᠤᠨ ᠥᠷᠭᠡᠨ ᠤᠯᠠᠨ ᠺᠠᠳ᠋ᠷ ᠠᠵᠢᠯᠳᠠᠨ ᠠᠵᠢᠯᠴᠢᠨ | ᠪᠣᠯᠤᠨ ᠤᠯᠠᠨ ᠲᠦᠮᠡᠨ ᠤ ᠠᠵᠢᠯ ᠤᠨ ᠴᠢᠯᠥᠭᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ | ᠤᠯᠠᠨ ᠢᠶᠠᠷ ᠢᠶᠠᠨ ᠪᠦᠯᠬᠦᠮᠳᠡᠨ ᠲᠠᠪᠰᠢᠵᠤ᠂ ᠴᠢᠷᠮᠠᠶᠢᠨ ᠲᠡᠮᠡᠴᠡᠬᠦ ᠤᠶᠤᠨ ᠰᠠᠨᠠᠭᠠᠨ ᠤ ᠳᠦᠷᠰᠦ ᠪᠠᠶᠢᠳᠠᠯ ᠢ | ᠢᠯᠡᠷᠡᠭᠦᠯᠵᠦ᠂ ᠪᠦᠬᠦ ᠠᠷᠠᠳ ᠤᠨ ᠪᠡᠶ᠎ᠡ ᠮᠠᠬᠠᠪᠣᠳ ᠢᠶᠠᠨ ᠴᠢᠭᠢᠷᠠᠭᠵᠢᠭᠤᠯᠬᠤ ᠬᠠᠯᠠᠭᠤᠨ ᠰᠡᠳᠬᠢᠯᠭᠡ ᠶᠢ ᠤᠯᠠᠮ | ᠴᠢᠨᠠᠭᠰᠢᠳᠠ ᠬᠥᠭᠵᠢᠭᠡᠵᠦ᠂ ᠨᠡᠩ ᠤᠯᠠᠨ ᠬᠥᠮᠦᠰ ᠢ ᠳᠠᠶᠢᠴᠢᠯᠠᠨ ᠲᠠᠮᠢᠷ ᠤᠨ ᠬᠥᠳᠡᠯᠭᠡᠭᠡᠨ ᠤ ᠳᠠᠳᠬᠠᠯ ᠲᠠᠢ | ᠪᠣᠯᠭᠠᠵᠤ᠂ ᠡᠷᠡᠭᠦᠯ ᠴᠢᠭᠢᠷᠠᠭ ᠪᠠ ᠪᠠᠶᠠᠷ ᠪᠠᠶᠠᠰᠤᠯ ᠢ ᠬᠠᠮᠲᠤᠪᠠᠷ ᠡᠳ᠋ᠯᠡᠭᠦᠯᠪᠡ᠃ |