ᠤᠢᠢᠷ᠎ᠠ ᠶᠢᠨ ᠵᠢᠯ ᠠᠴᠠ᠂ ᠲᠢᠶᠧ ᠳ᠋ᠦᠩ ᠵᠡᠭᠡᠯᠢ ᠭᠤᠳᠤᠮᠵᠢ ᠶᠢᠨ ᠹᠦ᠋ ᠱᠠᠨ ᠵᠢᠶᠠ ᠶᠤᠸᠠᠨ ᠨᠡᠶᠢᠭᠡᠮ ᠲᠣᠭᠤᠷᠢᠭ | ︽ᠰᠦᠩᠱᠠᠨ ᠰᠢᠶᠤᠤ ᡁᠢ︾ ᠤᠶᠤᠨᠲᠤ ᠨᠡᠶᠢᠭᠡᠮ ᠲᠣᠭᠤᠷᠢᠭ ᠤᠨ ᠲᠠᠪᠴᠠᠩ ᠢᠶᠠᠷ ᠠᠴᠢᠶᠠᠯᠠᠪᠤᠷᠢ ᠪᠣᠯᠭᠠᠵᠤ᠂ | ᠦᠨᠳᠦᠰᠦᠨ ᠱᠠᠲᠤᠨ ᠤ ᠨᠡᠶᠢᠭᠡᠮ ᠤᠨ ᠵᠠᠰᠠᠯᠲᠠ ᠶᠢᠨ ︽ᠡᠴᠦᠰ ᠤᠨ ᠨᠢᠭᠡ ᠺᠢᠯᠤᠮᠧᠲᠷ︾ ᠢ ᠨᠡᠪᠲᠡᠷᠡᠭᠦᠯᠪᠡ᠃ | ᠰᠠᠭᠤᠭᠠᠯᠢ ᠠᠷᠠᠳ ᠸᠢᠴᠠᠲ ᠤᠨ ᠵᠢᠵᠢᠭ ᠫᠷᠤᠭ᠍ᠷᠠᠮ ᠤᠨ ︽ᠰᠦᠩᠱᠠᠨ ᠰᠢᠶᠤᠤ ᡁᠢ︾ ᠤᠶᠤᠨᠲᠤ ᠨᠡᠶᠢᠭᠡᠮ | ᠲᠣᠭᠤᠷᠢᠭ ᠤᠨ ᠲᠠᠪᠴᠠᠩ ᠳᠤ ᠭᠠᠷᠴᠤ ᠬᠠᠮᠢᠶ᠎ᠠ ᠪᠥᠬᠦᠶ ᠬᠦᠰᠡᠯ ᠱᠠᠭᠠᠷᠳᠠᠯᠭ᠎ᠠ ᠳᠤᠷᠠᠳᠪᠠᠯ ᠳᠠᠷᠤᠶ ᠳᠤᠨᠢ ᠲᠤᠰᠬᠠᠶ | ᠬᠥᠮᠦᠨ ᠢᠶᠠᠷ ᠭᠦᠢᠴᠡᠳᠬᠡᠭᠦᠯᠵᠦ᠂ ᠡᠭᠦᠨ ᠤ ᠤᠯᠠᠮ ᠠᠴᠠ ᠣᠯᠠᠨ ᠲᠦᠮᠡᠨ ᠤ ᠭᠤᠮᠣᠳᠠᠯ ᠱᠠᠭᠠᠷᠳᠠᠯᠭ᠎ᠠ ᠶᠢ ︽ᠨᠢᠭᠡ | ᠰᠧᠺᠦ᠋ᠨ᠋ᠳ᠋ ᠢᠶᠠᠷ ᠶᠠᠪᠤᠭᠤᠯᠬᠤ︾᠂ ᠨᠡᠶᠢᠭᠡᠮ ᠤᠨ ᠪᠠᠶᠢᠳᠠᠯ ᠠᠷᠠᠳ ᠤᠨ ᠰᠠᠨᠠᠭ᠎ᠠ ᠶᠢ ︽ᠨᠢᠭᠡ ᠰᠦᠯᠵᠢᠶ᠎ᠡ ᠪᠠᠷ | ᠱᠦᠭᠦᠬᠦ︾᠂ ᠨᠠᠶᠢᠳᠠᠪᠤᠷᠢᠵᠢᠭᠤᠯᠤᠭᠰᠠᠨ ᠪᠠᠶᠢᠳᠠᠯ ᠢ ︽ᠨᠢᠭᠡ ᠳᠠᠷᠤᠪᠴᠢ ᠪᠠᠷ ᠬᠠᠷᠢᠭᠤ ᠲᠤᠰᠬᠠᠬᠤ︾ ᠶᠢ | ᠪᠡᠶᠡᠯᠡᠭᠦᠯᠪᠡ᠃ ᠲᠠᠪᠴᠠᠩ ᠢ ᠰᠦᠯᠵᠢᠶᠡᠨ ᠳᠤ ᠣᠷᠣᠭᠤᠯᠤᠭᠰᠠᠨ ᠠᠴᠠ ᠨᠠᠰᠢ᠂ ᠬᠠᠷᠢᠶᠠᠲᠤ ᠣᠷᠣᠨ ᠳᠤ ᠨᠢᠭᠡᠨᠲᠡ | 5000 ᠢᠯᠡᠭᠦᠦ ᠬᠥᠮᠦᠨ ᠬᠡᠷᠡᠭᠯᠡᠵᠦ᠂ ᠡᠯ᠎ᠡ ᠲᠥᠷᠥᠯ ᠤᠨ ᠭᠤᠮᠣᠳᠠᠯ ᠱᠠᠭᠠᠷᠳᠠᠯᠭ᠎ᠠ ᠶᠢᠨ ᠠᠰᠠᠭᠤᠳᠠᠯ᠂ | ᠲᠥᠷᠥ ᠶᠢᠨ ᠪᠣᠳᠣᠯᠭ᠎ᠠ ᠶᠢᠨ ᠯᠠᠪᠯᠠᠭ᠎ᠠ ᠶᠢᠨ ᠮᠡᠳᠡᠭᠡ ᠵᠠᠩᠭᠢ ᠶᠢ ᠨᠡᠶᠢᠲᠡ ᠵᠠᠭᠤ ᠭᠠᠷᠤᠶ ᠭᠥᠯᠢᠶᠡᠨ ᠠᠪᠤᠪᠠ︔ | ᠡᠭᠦᠨ ᠤ ᠬᠠᠮᠲᠤ ᠪᠠᠰᠠ ᠰᠦᠯᠵᠢᠶᠡᠨ ᠭᠠᠳᠠᠨᠠᠬᠢ ᠬᠠᠶᠢᠷ᠎ᠠ ᠬᠠᠯᠠᠮᠵᠢ ᠶᠢᠨ ᠬᠤᠪᠢ ᠬᠤᠷᠠᠮᠳᠤᠭᠤᠯᠬᠤ ᠬᠡᠲᠦ | ᠳᠡᠯᠭᠡᠭᠦᠷ ᠢ ᠰᠦᠯᠵᠢᠶᠡᠨ ᠳᠡᠭᠡᠷ᠎ᠡ ᠵᠡᠷᠭᠡ ᠳᠤᠨᠢ ᠬᠦᠷᠭᠡᠵᠦ᠂ ᠰᠠᠭᠤᠭᠠᠯᠢ ᠠᠷᠠᠳ ᠭᠠᠯ ᠲᠣᠭᠤᠭᠠᠨ ᠤ ᠬᠡᠷᠡᠭᠰᠡᠯ᠂ | ᠠᠮᠤ ᠲᠣᠰᠣ ᠵᠡᠷᠭᠡ ᠠᠮᠢᠳᠤᠷᠠᠯ ᠤᠨ ᠬᠡᠷᠡᠭᠰᠡᠯ ᠢ ᠰᠣᠯᠢᠵᠤ ᠪᠣᠯᠤᠨ᠎ᠠ᠂ ᠣᠲᠣ ᠪᠣᠯᠲᠠᠯ᠎ᠠ ᠵᠠᠭᠤ ᠰᠢᠬᠠᠮ ᠬᠥᠮᠦᠨ | ᠤᠷᠤᠯᠴᠠᠪᠠ᠃ ︽ᠰᠦᠩᠱᠠᠨ ᠰᠢᠶᠤᠤ ᡁᠢ︾ ᠤᠶᠤᠨᠲᠤ ᠨᠡᠶᠢᠭᠡᠮ ᠲᠣᠭᠤᠷᠢᠭ ᠤᠨ ᠲᠠᠪᠴᠠᠩ ᠪᠠᠰᠠ ︽ᠪᠢ | ᠨᠡᠶᠢᠭᠡᠮ ᠲᠣᠭᠤᠷᠢᠭ ᠤᠨ ᠱᠦᠵᠢ ᠳᠤ ᠬᠡᠯᠡᠨ᠎ᠡ︾ ᠭᠡᠬᠦ ᠬᠡᠰᠡᠭ ᠭᠠᠷᠭᠠᠵᠤ᠂ ᠨᠢᠭᠡᠨᠲᠡ ᠬᠦᠴᠦᠨ ᠪᠥᠬᠦᠶ 26 | ᠵᠤᠷᠪᠤᠰ ᠦᠭᠡ ᠶᠢ ᠲᠤᠰᠪᠠ᠃ ᠠᠵᠢᠯᠲᠠᠳ ᠪᠠᠰᠠ ︽ᠰᠦᠩᠱᠠᠨ ᠰᠢᠶᠤᠤ ᡁᠢ︾ ᠤᠶᠤᠨᠲᠤ ᠨᠡᠶᠢᠭᠡᠮ | ᠲᠣᠭᠤᠷᠢᠭ ᠤᠨ ᠲᠠᠪᠴᠠᠩ ᠢᠶᠠᠷ ᠳᠠᠮᠵᠢᠭᠤᠯᠤᠨ ᠰᠠᠭᠤᠭᠠᠯᠢ ᠲᠣᠭᠤᠷᠢᠭ ᠤᠨ ᠣᠷᠴᠢᠨ ᠲᠣᠭᠤᠷᠢᠨ᠂ ᠪᠣᠯᠪᠠᠰᠤᠨ ᠢᠶᠠᠷ | ᠨᠣᠬᠠᠶ ᠲᠡᠵᠢᠭᠡᠬᠦ᠂ ᠠᠳᠠᠯ ᠠᠬᠤᠶ ᠶᠢᠨ ᠦᠢᠯᠡᠴᠢᠯᠡᠭᠡ ᠵᠡᠷᠭᠡ ᠳᠤ ᠴᠢᠭᠯᠡᠭᠦᠯᠦᠨ 10 ᠭᠠᠷᠤᠶ ᠤᠳᠠᠭ᠎ᠠ ᠰᠦᠯᠵᠢᠶᠡᠨ | ᠳᠡᠭᠡᠷ᠎ᠡ ᠬᠡᠷᠡᠭ ᠵᠥᠪᠯᠡᠵᠦ᠂ 20 ᠬᠤᠪᠢ ᠣᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠠᠮᠵᠢᠯᠲᠠ ᠲᠠᠢ ᠪᠠᠷ | ᠵᠥᠪᠳᠡᠯᠴᠡᠨ ᠰᠢᠢᠳᠪᠦᠷᠢᠯᠡᠪᠡ᠃ |