ᠤᠯᠢᠶᠠᠰᠤ ᠠᠮᠢ ᠠᠬᠤᠢ ᠶᠢᠨ ᠵᠣᠭᠠᠴᠠᠯ ᠤᠨ ᠦᠵᠡᠮᠵᠢᠳᠦ ᠣᠷᠤᠨ ᠨᠢ ᠰᠦᠩ ᠱᠠᠨ ᠲᠤᠭᠤᠷᠢᠭ ᠤᠨ ᠯᠠᠥ | ᠹᠦ᠋ ᠪᠠᠯᠭᠠᠰᠤ ᠶᠢᠨ ᠶᠡᠭᠡ ᠤᠯᠢᠶᠠᠰᠤ ᠲᠤᠰᠬᠤᠨ ᠤ ᠬᠢᠯᠢ ᠳᠠᠬᠢ ᠤᠯᠢᠶᠠᠰᠤ ᠠᠭᠤᠯᠠᠨ ᠰᠢᠰᠲ᠋ᠧᠮ ᠳᠤ ᠪᠠᠶᠢᠷᠢᠯᠠᠵᠤ᠂ | ᠶᠡᠭᠡ᠂ ᠪᠠᠭ᠎ᠠ ᠤᠯᠢᠶᠠᠰᠤ ᠬᠤᠶᠠᠷ ᠬᠡᠰᠡᠭ ᠬᠤᠪᠢᠶᠠᠨ᠎ᠠ᠂ ᠶᠡᠷᠦᠩᠬᠡᠢ ᠲᠠᠯᠠᠪᠠᠢ ᠨᠢ 1.5 ᠲᠦᠮᠡᠨ ᠮᠦ ᠪᠣᠯᠤᠨ᠎ᠠ᠃ | ᠤᠯᠢᠶᠠᠰᠤ ᠠᠭᠤᠯᠠ ᠨᠢ ᠶᠠᠨᠱᠠᠨ ᠨᠢᠷᠤᠭᠤᠨ ᠤ ᠴᠢᠯᠡᠲᠦ ᠠᠭᠤᠯᠠ ᠶᠢᠨ ᠦᠷᠭᠦᠯᠵᠢᠯᠡᠭᠰᠡᠨ ᠨᠢᠷᠤᠭᠤ ᠪᠣᠯᠤᠨ᠎ᠠ᠂ | ᠠᠭᠤᠯᠠ ᠨᠢ ᠵᠡᠭᠦᠨᠰᠢ ᠪᠠᠷᠠᠭᠤᠨᠰᠢ ᠦᠷᠭᠦᠯᠵᠢᠯᠡᠨ᠂ ᠳᠠᠯᠠᠢ ᠶᠢᠨ ᠲᠦᠪᠰᠢᠨ ᠤ ᠡᠷᠭᠦᠭᠳᠡᠴᠡ ᠨᠢ 1740 ᠮᠧᠳ᠋ᠷ | ᠪᠣᠯᠤᠨ᠎ᠠ᠃ ᠵᠡᠭᠦᠨ ᠬᠡᠰᠡᠭ ᠨᠢ ᠮᠣᠩᠭᠤᠯ ᠪᠠᠭᠤᠴᠠ ᠶᠢᠨ ᠰᠠᠬᠢᠭᠤᠯᠰᠠᠨ ᠭᠤᠤ ᠶᠢᠨ ᠦᠵᠡᠮᠵᠢ ᠶᠢᠨ ᠣᠷᠤᠨ ᠲᠠᠢ | ᠨᠡᠪᠳᠡᠷᠡᠵᠦ᠂ ᠬᠤᠶᠢᠳᠤ ᠬᠡᠰᠡᠭ ᠨᠢ ᠡᠯ ᠳ᠋ᠣᠣ ᠾᠧ ᠽᠢ ᠤᠰᠤᠨ ᠴᠦᠬᠦᠷᠦᠮ ᠤᠨ ᠦᠵᠡᠮᠵᠢ ᠶᠢᠨ ᠤᠷᠤᠨ ᠲᠠᠢ | ᠵᠡᠷᠭᠡᠯᠡᠭᠳᠡᠨ᠂ ᠫᠢᠩ ᠳ᠋ᠢᠩ ᠱᠠᠨ ᠤ ᠮᠦᠯᠠᠨ ᠶᠡᠭᠡ ᠪᠠᠭᠤᠴᠠ ᠪᠠ ᠾᠧᠪᠧᠢ ᠮᠤᠵᠢ ᠤᠨ ᠸᠧᠢ ᠴᠠᠩ ᠪᠠ ᠱᠠᠩ | ᠦᠵᠡᠮᠵᠢ ᠶᠢᠨ ᠣᠷᠤᠨ ᠨᠢ ᠮᠦᠨ ᠤᠶᠢᠷᠠᠯᠴᠠᠭ᠎ᠠ ᠪᠠᠶᠢᠨ᠎ᠠ᠃ ᠠᠳᠡᠬᠢ ᠶᠢᠨ ᠠᠭᠤᠯᠠ ᠤᠰᠤ ᠵᠠᠯᠭᠠᠯᠳᠤᠨ᠂ ᠦᠩᠭᠡ | ᠦᠵᠡᠮᠵᠢ ᠰᠦᠷᠯᠢᠭ ᠰᠠᠶᠢᠬᠠᠨ ᠪᠠᠶᠢᠳᠠᠭ᠃ | ᠤᠯᠢᠶᠠᠰᠤ ᠠᠮᠢ ᠠᠬᠤᠢ ᠶᠢᠨ ᠵᠣᠭᠠᠴᠠᠯ ᠤᠨ ᠦᠵᠡᠮᠵᠢᠳᠦ ᠣᠷᠤᠨ ᠨᠢ ᠦᠨᠢᠷ ᠪᠠᠶᠠᠯᠢᠭ ᠠᠮᠢ ᠠᠬᠤᠢ ᠤᠨ | ᠡᠬᠢ ᠪᠠᠶᠠᠯᠢᠭ ᠪᠠ ᠣᠨᠴᠠᠭᠠᠢ ᠭᠠᠵᠠᠷ ᠵᠦᠢ ᠶᠢᠨ ᠦᠵᠡᠮᠵᠢ ᠲᠠᠢ ᠪᠠᠶᠢᠳᠠᠭ᠃ ᠬᠢᠯᠢ ᠶᠢᠨ ᠲᠣᠲᠤᠷ᠎ᠠ ᠨᠢ ᠪᠠᠶᠢᠭᠠᠯᠢᠭ | ᠣᠢ ᠰᠢᠭᠤᠢ ᠲᠦᠮᠡ ᠭᠠᠷᠤᠢ ᠮᠦ ᠪᠠᠶᠢᠵᠦ᠂ ᠭᠠᠵᠠᠷ ᠵᠦᠢ ᠶᠢᠨ ᠦᠵᠡᠮᠵᠢ 20 ᠭᠠᠷᠤᠢ ᠭᠠᠵᠠᠷ ᠪᠠᠶᠢᠨ᠎ᠠ᠂ ᠶᠢᠰᠦᠨ | ᠲᠣᠯᠣᠭᠠᠶᠢᠲᠤ ᠠᠭᠤᠯᠠ᠂ ᠲᠠᠭᠲᠠᠭ᠎ᠠ ᠲᠠᠭᠲᠤ᠂ ᠳ᠋ᠢ ᠱᠦᠢ ᠬᠤ᠋ ᠨᠠᠭᠤᠷ᠂ ᠭᠦ᠋ ᠯᠢ ᠽᠢ᠂ ᠨᠣᠭᠤᠭᠠᠨ ᠬᠦᠪᠳᠦ | ᠨᠠᠮᠤᠭ ᠭᠠᠵᠠᠷ ᠵᠡᠷᠭᠡ ᠪᠠᠶᠢᠭᠠᠯᠢ ᠶᠢᠨ ᠦᠵᠡᠮᠵᠢ ᠶᠢᠨ ᠣᠷᠤᠨ ᠪᠠ ᠲᠦᠲᠡᠭ ᠤᠨ ᠴᠣᠩᠵᠢ᠂ ᠭᠠᠯ ᠤᠨ ᠲᠠᠭᠲᠤ᠂ | ᠰᠠᠬᠢᠭᠤᠯᠰᠤᠨ ᠰᠦᠮ᠎ᠡ ᠵᠡᠷᠭᠡ ᠬᠦᠮᠦᠨ ᠰᠣᠶᠤᠯ ᠤᠨ ᠦᠵᠡᠮᠵᠢ ᠨᠢ ᠭᠤᠶᠢᠲᠠ ᠰᠠᠶᠢᠬᠠᠨ ᠪᠠᠶᠢᠭᠠᠯᠢᠭ ᠦᠵᠡᠮᠵᠢ ᠶᠢᠨ | ᠵᠢᠷᠤᠭ ᠢ ᠪᠦᠷᠢᠯᠳᠦᠭᠦᠯᠦᠭᠰᠡᠨ ᠪᠠᠶᠢᠨ᠎ᠠ᠃ ᠲᠤᠰ ᠭᠠᠵᠠᠷ ᠤᠨ ᠪᠠᠶᠢᠭᠠᠯᠢᠭ ᠮᠤᠳᠤᠨ ᠤ ᠲᠦᠷᠦᠯ ᠨᠢ ᠭᠤᠣᠯᠳᠠᠭᠤ᠄ | ᠬᠤᠰᠤ ᠮᠣᠲᠤ᠂ ᠴᠠᠷᠠᠰᠤ ᠮᠤᠳᠤ᠂ ᠥᠩᠭᠡᠲᠦ ᠮᠣᠲᠤ᠂ ᠪᠠᠳᠤᠴᠠᠭᠠᠨ ᠮᠣᠲᠤ᠂ ᠤᠯᠢᠶᠠᠰᠤ ᠮᠣᠲᠤ᠂ ᠬᠤᠰᠢᠭ᠎ᠠ ᠶᠢᠨ | ᠮᠣᠲᠤ ᠵᠡᠷᠭᠡ 25 ᠲᠦᠷᠦᠯ ᠵᠦᠢᠯ ᠪᠠᠶᠢᠵᠤ᠂ ᠡᠭᠦᠨ ᠤ ᠬᠠᠮᠲᠤ᠂ ᠬᠦᠮᠦᠨ ᠤ ᠬᠦᠴᠦ ᠪᠠᠷ ᠤᠷᠭᠤᠭᠤᠯᠤᠭᠰᠠᠨ | ᠲᠣᠰᠤᠨ ᠨᠠᠷᠠᠰᠤ᠂ ᠬᠠᠷ᠎ᠠ ᠮᠣᠲᠤ 4000 ᠢᠯᠡᠭᠦᠦ ᠮᠦ ᠪᠣᠢ᠃ ᠮᠥᠭᠦ᠂ ᠠᠯᠲᠠᠨ ᠵᠤᠯᠠ᠂ ᠤᠶᠢᠮ᠎ᠠ᠂ ᠬᠠᠯᠠᠭᠠᠢ᠂ | ᠵᠠᠷᠠᠭᠠᠨ ᠮᠥᠭᠦ᠂ ᠬᠠᠷ᠎ᠠ ᠳᠡᠯᠳᠡᠭᠦᠦ᠂ ᠠᠭᠤᠯᠠᠨ ᠴᠠᠢ ᠵᠡᠷᠭᠡ 150 ᠭᠠᠷᠤᠢ ᠲᠦᠷᠦᠯ ᠵᠦᠢᠯ ᠤᠨ ᠡᠪᠡᠰᠤ ᠪᠠ | ᠮᠣᠲᠤᠯᠢᠭ ᠤᠷᠭᠤᠮᠠᠯ ᠪᠠᠶᠢᠵᠤ᠂ ᠬᠢᠲᠠᠳ ᠡᠪᠡᠰᠦᠨ ᠡᠮ ᠤ ᠲᠦᠭᠦᠬᠡᠢ ᠡᠳ᠋ ᠮᠢᠩᠭ᠎ᠠ ᠭᠠᠷᠤᠢ ᠵᠦᠢᠯ ᠪᠣᠢ᠃ | ᠬᠡᠭᠡᠷ᠎ᠡ ᠶᠢᠨ ᠲᠠᠤᠯᠠᠢ᠂ ᠭᠤᠷᠭᠤᠤᠯ᠂ ᠪᠣᠷᠤ ᠭᠦᠷᠦᠭᠡᠰᠦ᠂ ᠦᠨᠡᠭᠡ ᠵᠡᠷᠭᠡ 20 ᠭᠠᠷᠤᠢ ᠲᠦᠷᠦᠯ ᠤᠨ ᠬᠡᠭᠡᠷ᠎ᠡ ᠶᠢᠨ | ᠠᠮᠢᠲᠠᠨ ᠪᠠᠶᠢᠨ᠎ᠠ᠃ ᠪᠦᠷᠢᠳᠬᠡᠯ ᠤᠨ ᠦᠨᠳᠦᠰᠦᠯᠡᠪᠡᠯ᠂ ᠤᠯᠢᠶᠠᠰᠤ ᠠᠮᠢ ᠠᠬᠤᠢ ᠶᠢᠨ ᠵᠣᠭᠠᠴᠠᠯ ᠤᠨ ᠦᠵᠡᠮᠵᠢᠳᠦ | ᠣᠷᠤᠨ ᠤ ᠵᠢᠯ ᠪᠦᠷᠢ ᠶᠢᠨ ᠵᠤᠭᠠᠴᠠᠭᠰᠠᠳ ᠤᠨ ᠲᠤᠭ᠎ᠠ ᠨᠢ 1.5 ᠲᠦᠮᠡᠨ ᠬᠦᠮᠦᠨ ᠤᠳᠠᠭ᠎ᠠ ᠳᠤ ᠬᠦᠷᠴᠦ ᠪᠠᠶᠢᠨ᠎ᠠ᠃ | |