ᠴᠠᠢ ᠬᠤ᠋ ᠯᠠᠨ ᠽᠢ ᠦᠷᠡᠭᠳᠡᠭᠰᠡᠨ ᠪᠠᠭᠠᠲᠤᠷᠴᠤᠳ ᠤᠨ ᠪᠣᠩᠬᠤᠨ ᠤ ᠬᠦᠷᠢᠶᠡᠯᠡᠩ
ᠨᠡᠶᠢᠲᠡᠯᠡᠭᠰᠡᠨ ᠴᠠᠭ᠄
2019/9/11
   
    ᠴᠠᠢ ᠬᠤ᠋ ᠯᠠᠨ ᠽᠢ ᠦᠷᠡᠭᠳᠡᠭᠰᠡᠨ ᠪᠠᠭᠠᠲᠤᠷᠴᠤᠳ ᠤᠨ ᠪᠣᠩᠬᠤᠨ ᠤ ᠬᠦᠷᠢᠶᠡᠯᠡᠩ ᠨᠢ ᠰᠥᠩᠱᠠᠨ ᠲᠣᠭᠤᠷᠢᠭ ᠠᠴᠠ ᠪᠠᠷᠠᠭᠤᠨ ᠬᠤᠶᠢᠰᠢ 45 ᠺᠢᠯᠣᠮᠧᠲᠷ ᠤᠨ ᠴᠢᠳᠬᠤᠯᠠᠩ ᠪᠠᠯᠭᠠᠰᠤ ᠶᠢᠨ ᠬᠢᠯᠢ ᠳᠣᠲᠣᠷᠠᠬᠢ ᠴᠠᠢ ᠬᠤ᠋ ᠯᠠᠨ ᠽᠢ ᠲᠣᠰᠬᠤᠨ ᠤ ᠵᠡᠭᠦᠨ ᠬᠤᠶᠢᠲᠤ ᠲᠠᠯ᠎ᠠ ᠶᠢᠨ ᠠᠭᠤᠯᠠᠨ ᠬᠥᠲᠥᠯ ᠤᠨ ᠭᠠᠵᠠᠷ ᠲᠤ ᠪᠠᠶᠢᠷᠢᠯᠠᠵᠤ᠂ 2 A ᠲᠡᠰ ᠤᠨ ᠦᠵᠡᠮᠵᠢ ᠶᠢᠨ ᠣᠷᠣᠨ ᠪᠠᠶᠢᠵᠤ᠂ ᠥᠪᠡᠷᠲᠡᠭᠡᠨ ᠵᠠᠰᠠᠬᠤ ᠣᠷᠣᠨ ᠤ ᠲᠡᠰ ᠤᠨ ᠬᠤᠪᠢᠰᠬᠠᠯ ᠤᠨ ᠲᠡᠤᠬᠡ ᠶᠢᠨ ᠪᠠᠭᠤᠷᠢ ᠶᠢ ᠬᠠᠮᠠᠭᠠᠯᠠᠬᠤ ᠨᠢᠭᠡᠴᠡ ᠳᠤ ᠬᠠᠷᠢᠶᠠᠯᠠᠭᠳᠠᠨ᠎ᠠ᠃ ᠪᠣᠩᠬᠤᠨ ᠤ ᠬᠦᠷᠢᠶᠡᠯᠡᠩ ᠢ 1971 ᠤᠨ 5 ᠰᠠᠷ᠎ᠠ ᠳᠤ ᠡᠬᠢᠯᠡᠨ ᠪᠠᠶᠢᠭᠤᠯᠵᠤ᠂ ᠨᠡᠶᠢᠲᠡ 15000 ᠲᠡᠭᠰᠢ ᠳᠥᠷᠪᠡᠯᠵᠢᠨ ᠮᠧᠲᠷ ᠲᠠᠯᠠᠪᠠᠢ ᠡᠵᠡᠯᠡᠨ᠂ ᠪᠠᠷᠢᠯᠭ᠎ᠠ ᠶᠢᠨ ᠲᠠᠯᠠᠪᠠᠢ ᠨᠢ 1774 . 4 ᠲᠡᠭᠰᠢ ᠳᠥᠷᠪᠡᠯᠵᠢᠨ ᠮᠧᠲᠷ ᠪᠠᠶᠢᠵᠤ᠂ ᠤᠯᠠᠭᠠᠨᠬᠠᠳᠠ ᠬᠤᠲᠠ ᠶᠢᠨ ᠨᠢᠭᠡᠨ ᠴᠢᠬᠤᠯᠠ ᠬᠤᠪᠢᠰᠬᠠᠯ ᠤᠨ ᠲᠡᠤᠬᠡ ᠶᠢᠨ ᠳᠤᠷᠠᠰᠬᠠᠯ ᠤᠨ ᠭᠠᠵᠠᠷ ᠪᠣᠯᠤᠭᠰᠠᠨ ᠪᠠᠶᠢᠨ᠎ᠠ᠂ 1975 ᠣᠨ ᠳᠤ ᠵᠤᠤ ᠤᠳᠠ ᠠᠶᠢᠮᠠᠭ ᠤᠨ ᠬᠤᠪᠢᠰᠬᠠᠯ ᠤᠨ ᠵᠥᠪᠯᠡᠯ ᠳᠤ ᠨᠢᠭᠡᠳᠦᠭᠡᠷ ᠪᠦᠯᠦᠭ ᠤᠨ ᠭᠤᠤᠯᠳᠠᠯᠭ᠎ᠠ ᠲᠠᠢ ᠲᠡᠤᠬᠡ ᠶᠢᠨ ᠳᠤᠷᠠᠰᠬᠠᠯᠲᠤ ᠵᠦᠶ᠋ᠯᠡᠰ ᠤᠨ ᠬᠠᠮᠠᠭᠠᠯᠠᠯᠲᠠ ᠶᠢᠨ ᠨᠢᠭᠡᠴᠢ ᠪᠠᠷ ᠵᠢᠭᠰᠠᠭᠠᠭᠳᠠᠵᠤ᠂ 1993 ᠤᠨ 12 ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠦᠷᠡᠭᠳᠡᠭᠰᠡᠨ ᠪᠠᠭᠠᠲᠤᠷᠴᠤᠳ ᠤᠨ ᠪᠠᠷᠢᠯᠭ᠎ᠠ ᠶᠢᠨ ᠬᠠᠮᠠᠭᠠᠯᠠᠯᠲᠠ ᠶᠢᠨ ᠨᠢᠭᠡᠴᠢ ᠪᠠᠷ ᠵᠢᠭᠰᠠᠭᠠᠭᠳᠠᠨ᠂ 1995 ᠤᠨ 10 ᠰᠠᠷ᠎ᠠ ᠳᠤ ᠰᠦᠩᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠠᠴᠠ ᠦᠷᠡᠭᠳᠡᠭᠰᠡᠨ ᠪᠠᠭᠠᠲᠤᠷᠴᠤᠳ ᠤᠨ ᠪᠣᠩᠬᠤᠨ ᠤ ᠬᠦᠷᠢᠶᠡᠯᠡᠩ ᠤᠨ ᠬᠠᠮᠠᠭᠠᠯᠠᠯᠲᠠ ᠶᠢᠨ ᠬᠦᠷᠢᠶ᠎ᠡ ᠬᠡᠪᠴᠢᠶ᠎ᠡ ᠶᠢ ᠵᠠᠭᠠᠭᠯᠠᠨ ᠲᠣᠭᠲᠠᠭᠠᠭᠰᠠᠨ ᠪᠥᠭᠡᠳ ᠬᠤᠪᠢᠰᠬᠠᠯ ᠤᠨ ᠳᠤᠷᠠᠰᠬᠠᠯ ᠤᠨ ᠭᠠᠵᠠᠷ ᠪᠠ ᠡᠬᠡ ᠣᠷᠣᠨᠴᠢ ᠦᠵᠡᠯ ᠤᠨ ᠬᠥᠮᠦᠵᠢᠯ ᠤᠨ ᠰᠠᠭᠤᠷᠢᠨ ᠭᠠᠵᠠᠷ ᠤᠨ ᠬᠤᠪᠢ ᠪᠠᠷ ᠣᠯᠠᠨ ᠲᠦᠮᠡᠨ ᠳᠤ ᠨᠡᠭᠡᠭᠡᠯᠲᠡ ᠬᠢᠵᠦ᠂ 1995 ᠤᠨ 12 ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠲᠡᠰ ᠤᠨ ᠡᠬᠡ ᠣᠷᠣᠨᠴᠢ ᠦᠵᠡᠯ ᠤᠨ ᠬᠥᠮᠦᠵᠢᠯ ᠤᠨ ᠰᠠᠭᠤᠷᠢᠨ ᠭᠠᠵᠠᠷ ᠲᠤ ᠤᠷᠤᠭᠰᠠᠨ ᠪᠠᠶᠢᠨ᠎ᠠ᠃     ᠪᠣᠩᠬᠤᠨ ᠤ ᠬᠦᠷᠢᠶᠡᠯᠡᠩ ᠨᠢ ᠠᠭᠤᠯᠠ ᠬᠠᠪᠢᠳᠠᠵᠤ᠂ ᠠᠭᠤᠯᠠᠨ ᠪᠠᠯ ᠳᠡᠭᠡᠷ᠎ᠡ ᠪᠠᠷᠢᠵᠤ᠂ ᠳᠥᠷᠪᠡᠯᠵᠢᠨ ᠬᠡᠯᠪᠡᠷᠢᠲᠡᠶ ᠪᠠᠶᠢᠳᠠᠭ᠃ ᠬᠦᠷᠢᠶᠡᠨ ᠳᠣᠲᠣᠷ᠎ᠠ ᠨᠠᠷᠠᠰᠤ ᠮᠠᠶᠢᠯᠠᠰᠤ᠂ ᠢᠭᠴᠤ ᠰᠠᠬᠤᠯᠢᠭ᠂ ᠳᠡᠷᠢ ᠲᠡᠭᠰᠢ ᠵᠢᠭᠳᠡᠷᠡᠵᠦ ᠪᠠᠶᠢᠳᠠᠭ᠃ ᠪᠣᠩᠬᠤᠨ ᠤ ᠬᠦᠷᠢᠶᠡᠯᠡᠩ ᠨᠢ ᠦᠷᠡᠭᠳᠡᠭᠰᠡᠨ ᠪᠠᠭᠠᠲᠤᠷᠴᠤᠳ ᠤᠨ ᠣᠩᠭᠤᠨ᠂ ᠦᠷᠡᠭᠳᠡᠭᠰᠡᠨ ᠪᠠᠭᠠᠲᠤᠷᠴᠤᠳ ᠤᠨ ᠲᠤᠷᠠᠰᠬᠠᠯ ᠤᠨ ᠬᠦᠰᠢᠶ᠎ᠡ᠂ ᠦᠵᠡᠭᠦᠯᠦᠯᠭᠡ ᠶᠢᠨ ᠥᠷᠥᠭᠡ ᠵᠡᠷᠭᠡ ᠭᠤᠷᠪᠠᠨ ᠬᠡᠰᠡᠭ ᠢᠶᠠᠷ ᠪᠦᠷᠢᠯᠳᠦᠵᠡᠶ᠃ ᠶᠡᠭᠡ ᠡᠭᠦᠳᠡᠨ ᠤ ᠬᠡᠯᠪᠡᠷᠢ ᠨᠢ ᠲᠣᠩᠭᠤᠷᠠᠭᠤ ᠵᠣᠭᠰᠣᠭᠰᠠᠨ ᠫᠤᠤ ᠶᠢᠨ ᠬᠡᠯᠪᠡᠷᠢ ᠪᠠᠶᠢᠵᠤ᠂ ᠪᠠᠭᠠᠲᠤᠷᠴᠤᠳ ᠤᠨ ᠡᠷᠡᠯᠬᠡᠭ ᠪᠠᠭᠠᠳᠤᠷᠯᠢᠭ ᠵᠣᠷᠢᠭ ᠰᠠᠨᠠᠭ᠎ᠠ ᠶᠢ ᠪᠡᠯᠭᠡᠳᠡᠵᠡᠢ᠃ ᠬᠦᠷᠢᠶᠡᠯᠡᠩ ᠳᠤ ᠤᠷᠤᠪᠠᠯ ᠪᠣᠯ ᠨᠢᠭᠡᠨ ᠠᠭᠤᠳᠠᠮ ᠲᠠᠯᠠᠪᠠᠢ ᠪᠣᠯᠤᠨ᠎ᠠ᠂ ᠠᠷᠪᠠᠨ ᠬᠤᠶᠠᠷ ᠳᠡᠭᠲᠡᠷ ᠱᠠᠲᠤ ᠶᠢ ᠭᠠᠷᠤᠭᠰᠠᠨ ᠤ ᠰᠡᠭᠦᠯᠡᠷ᠂ ᠬᠤᠶᠠᠳᠤᠭᠠᠷ ᠠᠭᠤᠳᠠᠮ ᠲᠠᠯᠠᠪᠠᠢ ᠳᠤ ᠬᠦᠷᠬᠦ ᠪᠣᠯᠤᠨ᠎ᠠ᠂ ᠠᠭᠤᠳᠠᠮ ᠲᠠᠯᠠᠪᠠᠢ ᠶᠢᠨ ᠵᠡᠭᠦᠨ ᠪᠠᠷᠠᠭᠤᠨ ᠬᠤᠶᠠᠷ ᠲᠠᠯ᠎ᠠ ᠳᠤ ᠵᠢᠭᠳᠡ ᠨᠢᠷᠤᠭᠤᠲᠤ ᠭᠡᠷ ᠪᠠᠶᠢᠳᠠᠭ᠂ ᠳᠠᠷᠤᠶ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠣᠷᠳᠣᠨ ᠪᠣᠯᠤᠨ ᠠᠵᠢᠯ ᠤᠨ ᠲᠠᠰᠤᠭ ᠪᠣᠯᠤᠨ᠎ᠠ᠃ ᠪᠣᠩᠬᠤᠨ ᠤ ᠬᠦᠷᠢᠶᠡᠯᠡᠩ ᠤᠨ ᠪᠠᠷᠠᠭᠤᠨ ᠲᠠᠯ᠎ᠠ ᠳᠤ ᠳᠡᠯᠭᠡᠨ ᠦᠵᠡᠭᠦᠯᠬᠦ ᠭᠡᠷ ᠪᠠᠶᠢᠵᠤ᠂ ᠬᠡᠰᠡᠭ ᠦᠷᠡᠭᠳᠡᠭᠰᠡᠨ ᠪᠠᠭᠠᠲᠤᠷ ᠤᠨ ᠬᠤᠪᠴᠠᠰᠤ ᠬᠤᠨᠠᠷ᠂ ᠡᠳ᠋ᠯᠡᠯ ᠬᠡᠷᠡᠭᠰᠡᠯ ᠤᠨ ᠬᠠᠭᠤᠯᠪᠤᠷᠢ ᠡᠳ᠋ ᠵᠢᠴᠢ ᠦᠷᠡᠭᠳᠡᠭᠰᠡᠨ ᠪᠠᠭᠠᠲᠤᠷ ᠤᠨ ᠨᠢᠭᠡ ᠨᠠᠰᠤᠨ ᠤ ᠦᠢᠯᠡ ᠶᠠᠪᠤᠳᠠᠯ᠂ ᠭᠡᠷᠡᠯ ᠵᠢᠷᠤᠭ ᠵᠢᠴᠢ ᠠᠵᠢᠯᠯᠠᠭ᠎ᠠ ᠶᠢᠨ ᠭᠡᠷᠡᠯ ᠵᠢᠷᠤᠭ ᠵᠡᠷᠭᠡ ᠶᠢ ᠡᠯᠭᠦᠵᠡᠶ᠃ ᠳᠠᠬᠢᠨ ᠳᠥᠴᠢᠨ ᠨᠢᠭᠡᠳᠦᠭᠡᠷ ᠳᠡᠭᠲᠡᠷ ᠱᠠᠳᠤᠨ ᠳᠡᠭᠡᠷ᠎ᠡ ᠭᠠᠷᠪᠠᠯ᠂ ᠳᠠᠷᠤᠶ ᠪᠣᠩᠬᠤᠨ ᠤ ᠬᠦᠷᠢᠶᠡᠯᠡᠩ ᠤᠨ ᠬᠠᠮᠤᠭ ᠥᠨᠳᠥᠷ ᠭᠠᠵᠠᠷ ᠪᠣᠯᠤᠨ᠎ᠠ᠂ ᠲᠡᠨᠳᠡ ᠥᠨᠳᠥᠷ ᠰᠦᠷᠯᠢᠭ ᠪᠣᠩᠬᠤᠨ ᠪᠠ ᠬᠤᠷᠢᠨ ᠬᠤᠶᠠᠷ ᠦᠷᠡᠭᠳᠡᠭᠰᠡᠨ ᠪᠠᠭᠠᠲᠤᠷᠴᠤᠳ ᠤᠨ ᠣᠩᠭᠤᠨ ᠰᠦᠨᠳᠡᠷᠯᠡᠵᠦ᠂ ᠦᠷᠡᠭᠳᠡᠭᠰᠡᠨ ᠪᠠᠭᠠᠲᠤᠷᠴᠤᠳ ᠤᠨ ᠣᠩᠭᠤᠨ ᠢ ᠪᠣᠩᠬᠤᠨ ᠤ ᠬᠤᠶᠢᠲᠤ ᠲᠠᠯ᠎ᠠ ᠶᠢᠨ ᠠᠭᠤᠯᠠᠨ ᠪᠠᠯ ᠳᠡᠭᠡᠷ᠎ᠡ ᠪᠣᠰᠬᠠᠵᠤ᠂ ᠦᠷᠡᠭᠳᠡᠭᠰᠡᠨ ᠪᠠᠭᠠᠲᠤᠷᠴᠤᠳ ᠤᠨ ᠲᠤᠷᠠᠰᠬᠠᠯ ᠤᠨ ᠬᠦᠰᠢᠶ᠎ᠡ ᠪᠣᠩᠬᠤᠨ ᠤ ᠡᠮᠦᠨ᠎ᠡ ᠰᠡᠬᠦ᠋ᠢᠨ ᠰᠦᠨᠳᠡᠷᠯᠡᠵᠦ᠂ ᠬᠥᠰᠢᠶ᠎ᠡ ᠶᠢᠨ ᠥᠨᠳᠥᠷ 15 ᠮᠧᠲᠷ ᠪᠠᠶᠢᠵᠤ᠂ ᠨᠢᠭᠤᠷ ᠲᠠᠯ᠎ᠠ ᠳᠤ ᠨᠢ ︽ᠬᠤᠪᠢᠰᠬᠠᠯ ᠤᠨ ᠦᠷᠡᠭᠳᠡᠭᠰᠡᠨ ᠪᠠᠭᠠᠲᠤᠷ ᠤᠨ ᠲᠤᠷᠠᠰᠬᠠᠯ ᠤᠨ ᠬᠦᠰᠢᠶ᠎ᠡ︾ ᠭᠡᠬᠦ ᠨᠠᠶ᠋ᠮᠠᠨ ᠲᠣᠮᠣ ᠦᠰᠦᠭ ᠰᠡᠶᠢᠯᠪᠡ᠃ ᠬᠥᠰᠢᠶ᠎ᠡ ᠶᠢᠨ ᠡᠮᠦᠨ᠎ᠡ ᠨᠢ ᠠᠭᠤᠯᠠᠨ ᠪᠠᠯ ᠳᠠᠭᠠᠤ ᠪᠣᠰᠬᠠᠭᠰᠠᠨ ᠱᠠᠲᠤ ᠪᠠᠶᠢᠵᠤ᠂ ᠱᠠᠲᠤ ᠶᠢᠨ ᠳᠤᠮᠳᠠ ᠨᠢ ᠱᠦᠢᠨᠢ ᠪᠠᠷ ᠱᠤᠭᠤᠭᠰᠠᠨ ᠲᠣᠭᠤᠷᠢᠭ ᠬᠡᠯᠪᠡᠷᠢᠲᠡᠶ ᠴᠡᠴᠡᠭ ᠤᠨ ᠴᠠᠭᠠᠷᠢᠭ ᠪᠠᠶᠢᠳᠠᠭ᠃ ᠪᠣᠩᠬᠤᠨ ᠤ ᠬᠦᠷᠢᠶᠡᠯᠡᠩ ᠳᠤ ᠴᠢᠯᠥᠭᠡᠯᠡᠬᠦ ᠳᠠᠶᠢᠨ ᠤ ᠦᠶ᠎ᠡ ᠶᠢᠨ ᠴᠠᠢ ᠬᠤ᠋ ᠯᠠᠨ ᠽᠢ ᠶᠢᠨ ᠬᠡᠷᠡᠭ ᠲᠤ ᠪᠡᠶ᠎ᠡ ᠦᠷᠡᠭᠳᠡᠭᠰᠡᠨ ᠾᠧᠪᠧᠶ ᠴᠠᠬᠠᠷ ᠷᠧ ᠾᠧ ᠯᠢᠶᠣᠤᠨᠢᠩ ᠤᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠾᠧᠪᠧᠶ ᠶᠢᠨ ᠵᠡᠭᠦᠨ ᠬᠡᠰᠡᠭ ᠤᠨ ᠲᠥᠯᠥᠭᠡᠯᠡᠭᠴᠢᠳ ᠤᠨ ᠪᠦᠯᠬᠦᠮ ᠤᠨ ᠪᠦᠷᠢᠯᠳᠦᠬᠦᠨ᠂ ᠾᠧᠪᠧᠶ ᠶᠢᠨ ᠵᠡᠭᠦᠨ ᠬᠡᠰᠡᠭ ᠤᠨ ᠣᠷᠣᠨ ᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠤᠨ ᠳᠠᠷᠤᠭ᠎ᠠ ᠰᠦ᠋ ᠯᠢᠨ ᠶᠠᠨ᠂ ᠾᠧᠪᠧᠶ ᠶᠢᠨ ᠵᠡᠭᠦᠨ ᠬᠡᠰᠡᠭ ᠤᠨ ᠠᠷᠪᠠᠨ ᠲᠠᠪᠤᠳᠤᠭᠠᠷ ᠬᠤᠪᠢᠶᠠᠷᠢ ᠲᠣᠭᠤᠷᠢᠭ ᠤᠨ ᠳᠡᠳ᠋ ᠺᠣᠮᠢᠰᠰᠠᠷ ᠸᠠᠩ ᠫᠢᠩ ᠮᠢᠨ᠂ ᠾᠧᠪᠧᠶ ᠶᠢᠨ ᠵᠡᠭᠦᠨ ᠬᠡᠰᠡᠭ ᠤᠨ ᠵᠠᠬᠢᠷᠭ᠎ᠠ ᠶᠢᠨ ᠵᠠᠰᠠᠭ ᠵᠠᠬᠢᠷᠭᠠᠨ ᠤ ᠲᠢᠩᠬᠢᠮ ᠤᠨ ᠳᠠᠷᠤᠭ᠎ᠠ ᠸᠠᠩ ᠺᠧ ᠺᠡ ᠦ᠋᠂ ᠾᠧᠪᠧᠶ ᠶᠢᠨ ᠵᠡᠭᠦᠨ ᠬᠡᠰᠡᠭ ᠤᠨ ᠠᠷᠪᠠᠨ ᠬᠤᠶᠠᠳᠤᠭᠠᠷ ᠬᠤᠪᠢᠶᠠᠷᠢ ᠲᠣᠭᠤᠷᠢᠭ ᠤᠨ ᠤᠯᠤᠰ ᠲᠥᠷᠦ ᠶᠢᠨ ᠬᠡᠯᠲᠡᠰ ᠤᠨ ᠡᠷᠬᠢᠯᠡᠭᠴᠢ ᠬᠤ᠋ ᠯᠢ ᠭᠤᠸᠠᠩ᠂ ᠾᠧᠪᠧᠶ ᠶᠢᠨ ᠵᠡᠭᠦᠨ ᠬᠡᠰᠡᠭ ᠤᠨ ᠱᠢ ᠦ᠋ ᠳ᠋ᠢ ᠵᠥᠪᠯᠡᠯ ᠤᠨ ᠤᠬᠠᠭᠤᠯᠬᠤ ᠬᠡᠯᠲᠡᠰ ᠤᠨ ᠳᠠᠷᠤᠭ᠎ᠠ ᠵᠢᠢ ᠭᠤᠸᠠᠩ ᠵᠡᠷᠭᠡ 22 ᠦᠷᠡᠭᠳᠡᠭᠰᠡᠨ ᠪᠠᠭᠠᠲᠤᠷ ᠤᠨ ᠣᠩᠭᠤᠨ ᠢ ᠣᠷᠤᠰᠢᠭᠤᠯᠵᠤ᠂ ᠪᠣᠩᠬᠤᠨ ᠤ ᠬᠦᠷᠢᠶᠡᠯᠡᠩ ᠨᠢ ᠨᠠᠷᠠᠰᠤ ᠮᠠᠶᠢᠯᠠᠰᠤᠨ ᠮᠣᠲᠤ ᠪᠠᠷ ᠬᠦᠷᠢᠶᠡᠯᠡᠭᠳᠡᠵᠦ᠂ ᠲᠤᠶᠢᠯ ᠤᠨ ᠲᠥᠪ ᠰᠦᠷᠯᠢᠭ ᠬᠠᠷᠠᠭᠳᠠᠭᠤᠯᠬᠤ ᠪᠣᠯᠭᠠᠵᠠᠢ᠃
 
ᠢᠷᠡᠯᠲᠡ᠄ ᠰᠦᠩ ᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠲᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号