ᠲᠦᠮᠡᠨ ᠪᠤᠷᠬᠠᠨᠲᠤ ᠰᠦᠮ᠎ᠡ
ᠨᠡᠶᠢᠲᠡᠯᠡᠭᠰᠡᠨ ᠴᠠᠭ᠄
2018/12/5
   
     ᠲᠦᠮᠡᠨ ᠪᠤᠷᠬᠠᠨᠲᠤ ᠰᠦᠮ᠎ᠡ ᠪᠣᠯᠬᠤᠷ 1680 ᠣᠨ ᠳᠤ ᠪᠠᠶᠢᠭᠤᠯᠵᠤ᠂ ᠣᠳᠣ ᠨᠢᠭᠡᠨᠲᠡ 330 ᠰᠢᠬᠠᠮ ᠵᠢᠯ ᠤᠨ ᠥᠨᠢ ᠤᠳᠠᠭᠠᠨ ᠲᠡᠦᠬᠡ ᠲᠠᠢ ᠪᠣᠯᠵᠠᠢ᠂ ᠰᠦᠮ᠎ᠡ ᠬᠡᠶᠢᠳ ᠶᠢ ᠠᠭᠤᠯᠠ ᠲᠦᠰᠢᠭᠦᠯᠦᠨ ᠪᠠᠶᠢᠭᠤᠯᠤᠭᠰᠠᠨ ᠪᠤᠯᠬᠤᠷ᠂ ᠰᠦᠷ ᠵᠢᠪᠬᠤᠯᠠᠩᠲᠠᠶ᠂ ᠲᠥᠪ ᠶᠡᠬᠡᠮᠰᠦᠭ ᠲᠥᠪᠯᠡᠭᠦᠨ ᠬᠠᠷᠠᠭᠳᠠᠳᠠᠭ ᠶᠣᠮ᠃      ᠲᠦᠮᠡᠨ ᠪᠤᠷᠬᠠᠨᠲᠤ ᠰᠦᠮ᠎ᠡ ᠳᠣᠲᠣᠷ᠎ᠠ ᠭᠤᠣᠯ ᠪᠠᠷᠢᠯᠭ᠎ᠠ ᠨᠢ ᠢᠯᠡᠳᠲᠡ ᠮᠢᠩ ᠤᠯᠤᠰ ᠴᠢᠩ ᠤᠯᠤᠰ ᠤᠨ ᠪᠤᠷᠬᠠᠨ ᠱᠠᠰᠢᠨ ᠤ ᠣᠨᠴᠠᠯᠢᠭ ᠪᠦᠬᠦᠢ ᠪᠠᠷᠢᠯᠭ᠎ᠠ ᠶᠢᠨ ᠬᠡᠪ ᠨᠠᠮᠪᠠ ᠲᠠᠢ ᠪᠠᠶᠢᠵᠤ᠂ ᠤᠳᠤ 30 ᠰᠢᠬᠠᠮ ᠳᠠᠰᠤᠯᠭ᠎ᠠ ᠪᠤᠷᠬᠠᠨ ᠤ ᠳᠤᠭᠠᠩ᠂ 20 ᠭᠠᠷᠤᠶ ᠲᠠᠰᠤᠯᠭ᠎ᠠ ᠭᠡᠷ ᠪᠠᠶᠢᠷᠢ ᠪᠠᠶᠢᠵᠤ᠂ ᠪᠤᠷᠬᠠᠨ ᠤ ᠳᠤᠭᠠᠩ ᠳᠣᠲᠣᠷ᠎ᠠ ᠡᠯᠳᠡᠪ ᠶᠠᠩᠵᠤ ᠶᠢᠨ ᠪᠤᠷᠬᠠᠨ ᠤ ᠬᠥᠷᠥᠭ ᠤᠨ ᠱᠤᠭᠤᠮᠠᠯ 20 ᠭᠠᠷᠤᠶ ᠰᠠᠭᠤᠷᠢ᠂ ᠴᠢᠩ ᠤᠯᠤᠰ ᠤᠨ ᠵᠢᠷᠤᠭ ᠰᠠᠶᠢᠯᠦᠮᠡᠯ ᠵᠢᠴᠢ ᠣᠷᠴᠢᠨ ᠦᠶ᠎ᠡ ᠳᠤ ᠰᠡᠷᠭᠦᠭᠡᠭᠰᠡᠨ ᠠᠮᠢᠳᠤᠯᠢᠭ ᠰᠠᠶᠢᠬᠠᠨ ᠬᠠᠨ᠎ᠠ ᠶᠢᠨ ᠵᠢᠷᠤᠭ 20 ᠭᠠᠷᠤᠶ ᠬᠤᠪᠢ ᠪᠠᠶᠢᠵᠤ᠂ ᠰᠦᠮ᠎ᠡ ᠶᠢᠨ ᠲᠣᠳᠤᠷ᠎ᠠ ᠬᠤᠶᠠᠷ ᠰᠠᠭᠤᠷᠢ 200 ᠭᠠᠷᠤᠶ ᠵᠢᠯ ᠤᠨ ᠡᠷᠲᠡᠨ ᠤ ᠬᠠᠶᠢᠯᠠᠰᠤ ᠤᠷᠭᠤᠵᠤ ᠪᠠᠶᠢᠳᠠᠭ᠂ ᠲᠡᠲᠡᠨ ᠤ ᠬᠡᠯᠪᠡᠷᠢ ᠪᠠᠶᠢᠳᠠᠯ ᠨᠢ ᠠᠳᠠᠯᠢ ᠪᠣᠰᠤ ᠪᠠᠶᠢᠵᠤ᠂ ᠡᠬᠡ ᠬᠦᠦ ᠮᠣᠳᠣ ᠬᠡᠮᠡᠳᠡᠭ᠃      ᠲᠦᠮᠡᠨ ᠪᠤᠷᠬᠠᠨᠲᠤ ᠰᠦᠮ᠎ᠡ ᠨᠢ ᠣᠷᠴᠢᠮ ᠤᠨ ᠵᠢᠯ ᠤᠨ ᠲᠠᠰᠤᠷᠠᠯᠳᠠ ᠦᠭᠡᠢ ᠵᠠᠰᠠᠨ ᠰᠡᠯᠪᠢᠬᠦ ᠥᠷᠭᠡᠳᠬᠡᠨ ᠪᠠᠶᠢᠭᠤᠯᠬᠤ ᠪᠠᠷ ᠳᠠᠮᠵᠢᠭᠠᠳ᠂ ᠨᠢᠭᠡᠨᠲᠡ ᠤᠤᠯ ᠤᠨ ᠬᠦᠷᠢᠶ᠎ᠡ ᠬᠡᠪᠴᠢᠶ᠎ᠡ ᠨᠢ ᠰᠡᠷᠭᠦᠭᠡᠭᠳᠡᠵᠦ᠂ 2015 ᠣᠨ ᠳᠤ ᠪᠠᠰᠠ ᠰᠢᠨ᠎ᠡ ᠪᠠᠷ ᠨᠢᠭᠡ ᠰᠠᠭᠤᠷᠢ ᠬᠤᠮᠰᠢᠮ ᠪᠣᠳᠢᠰᠠᠳ᠋ᠸ᠎ᠠ ᠶᠢᠨ ᠬᠥᠷᠥᠭ ᠪᠠ ᠪᠤᠷᠬᠠᠨ ᠤ ᠭᠡᠷ ᠪᠠᠶᠢᠭᠤᠯᠵᠤ᠂ ᠦᠪᠡᠳᠡᠭᠰᠢ ᠶᠡᠭᠡ ᠪᠤᠷᠬᠠᠨ ᠠᠮᠢᠯᠠᠭᠤᠯᠬᠤ ᠶᠣᠰᠣᠯᠠᠯ ᠶᠠᠪᠤᠭᠳᠠᠭᠤᠯᠤᠨ᠂ ᠣᠯᠠᠨ ᠮᠥᠷᠭᠦᠯᠴᠢᠨ ᠬᠤᠷᠠᠨ ᠴᠤᠭᠯᠠᠷᠠᠭᠰᠠᠨ ᠪᠠᠶᠢᠨ᠎ᠠ᠃ ᠶᠡᠷᠦ ᠶᠢᠨ ᠡᠳᠦᠷ ᠳᠤ ᠪᠠᠨ ᠲᠣᠭᠤᠷᠢᠨ ᠦᠵᠡᠵᠦ᠂ ᠬᠦᠵᠢ ᠡᠷᠭᠦᠬᠦ ᠬᠦᠮᠦᠰ ᠮᠠᠰᠢ ᠤᠯᠠᠨ ᠪᠠᠶᠢᠵᠤ᠂ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 4 ᠰᠠᠷ᠎ᠠ ᠶᠢᠨ 18 ᠤ ᠡᠳᠦᠷ᠂ 7 ᠰᠠᠷ᠎ᠠ ᠶᠢᠨ 10 ᠤ ᠡᠳᠦᠷ ᠵᠡᠷᠭᠡ ᠪᠤᠳ᠋ᠳ᠋ᠾᠠ ᠶᠢᠨ ᠱᠠᠰᠢᠨ ᠤ ᠬᠠᠤᠯᠢ ᠶᠢᠨ ᠡᠳᠦᠷ᠂ ᠵᠤᠭᠠᠴᠠᠭᠰᠠᠳ ᠨᠡᠩ ᠣᠯᠠᠨ ᠪᠠᠶᠢᠳᠠᠭ᠂ ᠢᠯᠠᠩᠭᠤᠶ᠎ᠠ ᠵᠢᠯ ᠪᠦᠷᠢ ᠶᠢᠨ 4 ᠰᠠᠷ᠎ᠠ ᠶᠢᠨ 18 ᠤ ᠡᠳᠦᠷ ᠤᠨ ᠰᠦᠮ᠎ᠡ ᠶᠢᠨ ᠬᠤᠷᠠᠯ ᠳᠡᠭᠡᠷ᠎ᠡ᠂ ᠪᠡᠭᠡᠵᠢᠩ᠂ ᠾᠧᠪᠧᠢ᠂ ᠯᠢᠶᠣᠤᠨᠢᠩ ᠵᠡᠷᠭᠡ ᠭᠠᠵᠠᠷ ᠤᠨ ᠪᠤᠷᠬᠠᠨ ᠱᠠᠰᠢᠨ ᠤ ᠰᠦᠰᠦᠭᠲᠡᠨ ᠲᠦᠮᠡᠨ ᠮᠥᠷᠭᠦᠯ ᠳᠤ ᠢᠷᠡᠳᠡᠭ ᠪᠠᠶᠢᠨ᠎ᠠ᠃
 
ᠢᠷᠡᠯᠲᠡ᠄ ᠰᠦᠩ ᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠲᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号