ᠬᠡᠷᠪᠡ ᠭᠠᠭᠴᠠ ᠬᠦ ᠰᠠᠶᠢᠨ ᠢ ᠡᠮᠦᠰᠴᠦ ᠠᠮᠲᠠᠲᠠᠨ ᠢ ᠢᠳᠡᠵᠦ᠂ ᠰᠠᠶᠢᠨ ᠮᠣᠷᠢ ᠶᠢ ᠤᠨᠤᠵᠤ᠂ ᠰᠠᠶᠢᠬᠠᠨ | ᠡᠬᠡᠨᠡᠷ ᠲᠤᠷ ᠢᠨᠠᠭᠯᠠᠪᠠᠰᠤ᠂ ᠳᠠᠷᠤᠢ ᠪᠢᠳᠡᠨ ᠤ ᠡᠬᠢᠯᠡᠨ ᠪᠠᠶᠢᠭᠤᠯᠤᠭᠰᠠᠨ ᠵᠦᠳᠡᠭᠦᠷᠢ ᠶᠢ ᠤᠮᠠᠷᠳᠠᠮᠤᠢ᠃ ᠠᠯᠢᠪᠠ | ᠬᠦᠮᠦᠨ ᠤ ᠥᠭᠭᠦᠭᠰᠡᠨ ᠲᠤᠰᠠ᠂ ᠬᠦᠷᠭᠡᠭᠰᠡᠨ ᠠᠴᠢ ᠶᠢ ᠬᠠᠷᠠᠩᠭᠤᠢ ᠰᠦᠨᠢ ᠴᠦ ᠵᠡᠭᠦᠳᠦᠨ ᠳᠤ ᠪᠠᠨ ᠪᠣᠳᠣᠵᠤ᠂ | ᠬᠡᠬᠡᠨ ᠡᠳᠦᠷ ᠴᠦ ᠴᠡᠭᠡᠵᠢᠨ ᠳᠤ ᠪᠠᠨ ᠰᠠᠨᠠᠵᠤ ᠶᠠᠪᠤ᠃ | ᠬᠠᠮᠤᠭ ᠠᠴᠠ ᠴᠢᠬᠤᠯᠠ ᠠᠨᠤ ᠠᠷᠠᠳ ᠪᠦᠭᠦᠳᠡᠭᠡᠷ ᠨᠠᠶᠢᠷᠠᠮᠳᠠᠯ ᠲᠠᠢ᠂ ᠬᠠᠷᠢᠯᠴᠠᠨ ᠬᠠᠶᠢᠷᠠᠯᠠᠯᠲᠠᠢ ᠪᠠᠶᠢᠵᠤ | ᠬᠦᠭᠰᠢᠳ ᠶᠠᠳᠠᠭᠤᠰ ᠢ ᠦᠷᠦᠪᠳᠦᠨ ᠬᠦᠨᠳᠦᠯᠡ᠃ | ᠬᠠᠶᠢᠷᠠᠯᠠᠬᠤ ᠶᠠᠭᠤᠮ᠎ᠠ ᠣᠯᠠᠨ ᠪᠣᠯᠪᠠᠴᠤ ᠬᠠᠯᠠᠭᠤᠨ ᠠᠮᠢ ᠶᠢ ᠬᠠᠮᠤᠭ ᠠᠴᠠ ᠬᠠᠶᠢᠷᠠᠯᠠ᠃ | ᠶᠠᠮᠪᠠᠷ ᠨᠢᠭᠡᠨ ᠬᠦᠮᠦᠨ ᠨᠠᠰᠤᠨ ᠲᠡᠭᠦᠰᠴᠦ ᠪᠡᠶ᠎ᠡ ᠪᠠᠷᠠᠭᠰᠠᠨ ᠤ ᠬᠤᠶᠢᠨ᠎ᠠ᠂ ᠦᠷ᠎ᠡ ᠬᠡᠥᠬᠡᠳ ᠦᠭᠡᠢ ᠪᠣᠯ | ᠲᠡᠭᠦᠨ ᠤ ᠡᠳ᠋ ᠬᠦᠷᠦᠩᠭᠡ ᠶᠢ ᠬᠠᠭᠠᠨ ᠡᠵᠡᠨ ᠠᠪᠬᠤ ᠬᠡᠷᠡᠭ ᠦᠭᠡᠢ᠂ ᠲᠡᠭᠦᠨ ᠢ ᠠᠮᠢᠳᠤ ᠪᠠᠶᠢᠬᠤ ᠳᠤ ᠠᠰᠠᠷᠠᠨ | ᠲᠤᠰᠠᠯᠠᠭᠰᠠᠨ ᠬᠦᠮᠦᠨ ᠳᠤ ᠥᠭᠬᠦ ᠢᠨᠦ ᠵᠣᠬᠢᠯᠲᠠᠢ᠃ | ᠡᠪᠦᠭᠡᠳ ᠤᠨ ᠠᠷᠤ ᠠᠴᠠ ᠣᠴᠢᠬᠤ ᠦᠭᠡᠢ ᠶᠤᠮ ᠰᠢᠬ ᠦᠬᠦᠯ ᠥᠪᠡᠷ ᠠᠴᠠ ᠴᠢᠨᠢ ᠲᠣᠭᠤᠷᠢᠬᠤ ᠮᠡᠲᠦ ᠪᠢᠲᠡᠬᠡᠢ | ᠪᠣᠳᠤ᠃ | ᠰᠢᠯᠤᠭᠤᠨ ᠴᠢᠭᠡᠴᠢ᠂ ᠲᠥᠪ ᠰᠢᠳᠤᠷᠭᠤ᠂ ᠴᠢᠳᠠᠯ ᠡᠷᠳᠡᠮ ᠲᠠᠢ ᠰᠡᠴᠡᠨ ᠤᠬᠠᠭᠠᠨ ᠲᠠᠢ ᠬᠦᠮᠦᠨ ᠢ ᠬᠡᠨ ᠴᠦ | ᠪᠠᠶᠢᠭᠰᠠᠨ ᠬᠦᠨᠳᠦᠯᠡᠵᠦ ᠶᠠᠪᠤᠬᠤ ᠬᠡᠷᠡᠭᠲᠡᠢ᠃ ᠰᠠᠷᠠᠭᠤᠯ ᠤᠬᠠᠭᠠᠨ ᠠᠴᠠ ᠢᠯᠡᠭᠦᠦ ᠰᠠᠶᠢᠨ ᠨᠦᠬᠦᠷ ᠪᠠᠶᠢᠳᠠᠭ ᠦᠭᠡᠢ | ᠂ ᠮᠤᠩᠬᠠᠭ ᠭᠢᠯᠢᠩ ᠠᠴᠠ ᠢᠯᠡᠭᠦᠦ ᠮᠠᠭᠤ ᠳᠠᠶᠢᠰᠤᠨ ᠪᠠᠶᠢᠳᠠᠭ ᠦᠭᠡᠢ᠃ | ᠬᠡᠨ ᠴᠦ ᠬᠦᠮᠦᠨ ᠬᠦᠪᠡᠭᠦᠨ ᠳᠡᠭᠦᠦ ᠨᠠᠷ ᠢᠶᠠᠨ ᠰᠤᠷᠭᠠᠨ ᠴᠡᠭᠡᠷᠯᠡᠭᠦᠯᠬᠦ ᠳᠤ ᠪᠠᠨ ᠤᠯᠤᠰ ᠦᠨᠳᠦᠰᠦᠲᠠᠨ ᠤ ᠪᠠᠨ | ᠤᠭ ᠶᠣᠰᠤ ᠶᠢ ᠪᠦᠦ ᠮᠠᠷᠲᠠᠭᠤᠯ᠃ | ᠬᠠᠷᠢ ᠶᠢᠨ ᠭᠠᠵᠠᠷ ᠠᠷᠭ᠎ᠠ ᠴᠢᠳᠠᠯ ᠢᠶᠠᠨ ᠪᠠᠬᠢᠯᠡᠵᠦ ᠶᠠᠪᠤ᠂ ᠬᠠᠯᠠᠭᠤᠨ ᠵᠠᠭᠤᠷ᠎ᠠ ᠡᠪ ᠨᠢᠭᠡᠳᠦᠯ ᠢᠶᠠᠨ | ᠬᠢᠴᠢᠶᠡᠵᠦ ᠶᠠᠪᠤ᠂ ᠡᠪ ᠨᠠᠶᠢᠷᠠᠮᠳᠠᠯ ᠠᠴᠠ ᠢᠯᠡᠭᠦᠦ ᠶᠡᠭᠡ ᠬᠦᠴᠦ ᠡᠨᠡ ᠳᠡᠯᠡᠬᠡᠢ ᠳᠤ ᠪᠠᠶᠢᠬᠤ ᠦᠭᠡᠢ᠃ | | | | | | | | | | | ᠁ |