ᠴᠢᠩᠭᠢᠰ ᠬᠠᠭᠠᠨ ᠤ ᠦᠶ᠎ᠡ ᠶᠢᠨ ᠲᠦᠷᠦ ᠶᠢᠨ ᠳᠠᠭᠤᠯᠠᠯ ᠪᠤᠯᠪᠠᠰᠤ ᠴᠡᠷᠢᠭ ᠤᠨ ᠰᠦᠷ ᠡᠵᠡᠨ ᠤ ᠪᠤᠶᠠᠨ ᠢ | ᠮᠠᠭᠲᠠᠵᠤ ᠳᠠᠭᠤᠯᠠᠭᠰᠠᠨ ᠲᠦᠷᠦ ᠶᠢᠨ ᠳᠠᠭᠤᠯᠠᠯ ᠶᠡᠭᠡ ᠤᠯᠠᠨ ᠪᠤᠢ᠃ ᠲᠡᠷᠡ ᠴᠠᠭ ᠲᠤᠷ ᠴᠢᠩᠭᠢᠰ ᠬᠠᠭᠠᠨ ᠳᠠᠷᠠᠰᠤ | ᠤᠤᠭᠤᠬᠤ ᠪᠦᠷᠢ ᠴᠡᠩᠬᠡᠯᠳᠦᠬᠦ ᠳᠠᠭᠤᠯᠠᠯ ᠳᠤᠷ ᠶᠡᠭᠡ ᠲᠠᠭᠠᠯᠠᠮᠵᠢᠲᠠᠢ ᠲᠤᠯᠠ ᠠᠵᠤᠮᠡᠷᠭᠡᠨ ᠨᠡᠷᠡᠲᠦ ᠬᠦᠮᠦᠨ ᠳᠠᠭᠤᠯᠠᠯ | ᠡᠭᠡᠰᠢᠭ ᠢ ᠰᠠᠶᠢᠲᠤᠷ ᠨᠡᠶᠢᠯᠡᠭᠦᠯᠦᠨ ᠴᠢᠳᠠᠮᠤᠢ᠃ ᠲᠡᠶᠢᠮᠦ ᠶᠢᠨ ᠲᠤᠯᠠᠳᠠ ᠴᠢᠩᠭᠢᠰ ᠪᠤᠭᠳᠠ ᠡᠨᠡ ᠠᠵᠤᠮᠡᠷᠭᠡᠨ ᠢ | ᠬᠡᠵᠢᠶᠡᠲᠡ ᠳᠡᠷᠭᠡᠲᠡᠭᠡᠨ ᠠᠪᠴᠤ ᠶᠡᠭᠡ ᠦᠷᠦᠰᠢᠶᠡᠨ ᠶᠠᠪᠤᠪᠠᠢ᠃ ᠡᠨᠡ ᠠᠵᠤᠮᠡᠷᠭᠡᠨ ᠪᠤᠯᠪᠠᠰᠤ ᠲᠦᠷᠦᠭᠰᠡᠨ ᠶᠡᠭᠡ | ᠬᠤᠷᠴᠠ᠂ ᠶᠠᠮᠠᠷ ᠬᠡᠷᠡᠭ ᠢ ᠳᠠᠷᠤᠢ ᠤᠬᠠᠭᠠᠴᠢᠯᠠᠨ ᠳᠠᠭᠤᠯᠠᠯ ᠵᠤᠬᠢᠶᠠᠵᠤ ᠠᠶᠠᠯᠭᠤ ᠶᠢ ᠡᠪᠯᠡᠵᠤ᠂ ᠬᠦᠮᠦᠨ ᠤ | ᠰᠡᠳᠬᠢᠯ ᠯᠦᠭᠡ ᠨᠡᠶᠢᠴᠡᠭᠦᠯᠦᠨ ᠴᠢᠳᠠᠬᠤ ᠲᠤᠯᠠ ᠲᠡᠷᠡ ᠴᠠᠭ ᠲᠤᠷ ᠠᠵᠤᠮᠡᠷᠭᠡᠨ ᠢ ᠬᠦᠮᠦᠰ ᠴᠦᠮ ᠲᠤᠳᠢ ᠬᠡᠮᠡᠨ | ᠨᠡᠷᠡᠳᠡᠪᠠᠢ᠃ ᠪᠠᠷᠤᠭ ᠡᠷᠲᠡᠨ ᠤ ᠳᠠᠭᠤᠯᠠᠯ ᠠᠵᠤᠮᠡᠷᠭᠡᠨ ᠤ ᠤᠯᠠᠨ ᠪᠤᠢ᠃ | ᠴᠢᠩᠭᠢᠰ ᠬᠠᠭᠠᠨ ᠤ ᠲᠦᠷᠦ ᠶᠢᠨ ᠳᠠᠭᠤᠯᠠᠯ | ᠡᠵᠡᠨ ᠲᠦᠷᠦ ᠶᠢᠨ ᠡᠩᠬᠡ ᠪᠠᠷ | ᠡᠶᠡᠯᠡᠵᠤ ᠬᠠᠮᠲᠤ ᠵᠢᠷᠭᠠᠶ᠎ᠠ᠂ | ᠬᠠᠭᠠᠨ ᠤ ᠶᠡᠭᠡ ᠪᠤᠶᠠᠨ ᠢᠶᠠᠷ | ᠬᠠᠮᠤᠭ ᠤᠯᠤᠰ ᠢ ᠬᠠᠮᠲᠤᠳᠬᠠᠶᠠ᠂ | ᠡᠷᠬᠢᠮ ᠱᠠᠰᠢᠨ ᠤ ᠭᠡᠭᠡᠨ ᠳᠤ | ᠡᠶᠡᠪᠡᠷ ᠬᠠᠮᠲᠤ ᠵᠢᠷᠭᠠᠶ᠎ᠠ᠂ | ᠬᠠᠭᠠᠨ ᠡᠴᠢᠭᠡ ᠶᠢᠨ ᠪᠤᠶᠠᠨ ᠢᠶᠠᠷ | ᠬᠠᠷᠬᠢᠰ ᠮᠠᠭᠤ ᠶᠢ ᠠᠷᠢᠯᠭᠠᠶ᠎ᠠ᠃ | ᠪᠤᠭᠳᠠ ᠡᠵᠡᠨ ᠤ ᠪᠤᠶᠠᠨ ᠢᠶᠠᠷ | ᠪᠦᠬᠦᠨ ᠤᠯᠤᠰ ᠠᠮᠤᠷ᠎ᠠ᠃ | ᠡᠵᠡᠨ ᠤ ᠮᠢᠨᠤ ᠰᠦᠷ ᠢᠶᠠᠷ | ᠶᠢᠷᠲᠢᠨᠴᠤ ᠶᠢ ᠳᠠᠷᠤᠬᠤ᠂ | ᠡᠶᠡᠯᠳᠡᠭ ᠨᠠᠶᠢᠷ ᠡᠶᠡᠯᠡᠵᠦ | ᠡᠭᠦᠷᠢᠳᠡ ᠪᠢᠳᠠ ᠵᠢᠷᠭᠠᠶ᠎ᠠ᠂ | ᠡᠨᠡ ᠳᠠᠭᠤᠨ ᠤ ᠪᠡᠯᠭᠡ ᠪᠠᠷ | ᠡᠩᠬᠡ ᠬᠠᠮᠲᠤ ᠵᠢᠷᠭᠠᠶ᠎ᠠ᠂ | ᠦᠷᠦᠰᠢᠶᠡᠯᠲᠦ ᠬᠠᠭᠠᠨ ᠤ ᠪᠤᠶᠠᠨ ᠳᠤ | ᠦᠨᠢ ᠳᠡᠭᠡᠨ ᠵᠢᠷᠭᠠᠶ᠎ᠠ᠃ | ᠴᠢᠩᠭᠢᠰ ᠬᠠᠭᠠᠨ ᠤ ᠲᠦᠷᠦ ᠶᠢᠨ ᠳᠠᠭᠤᠯᠠᠯ | ᠰᠠᠩᠰᠠᠢ ᠬᠦᠷᠳᠦ ᠡᠷᠭᠢᠬᠦ ᠶᠤᠰᠤᠨ | ᠰᠠᠯᠬᠢᠨ ᠮᠡᠲᠦ ᠮᠠᠰᠢ ᠲᠦᠷᠭᠡᠨ᠂ | ᠰᠠᠶᠢᠨ ᠮᠠᠭᠤ ᠵᠠᠶᠠᠭ᠎ᠠ ᠨᠠᠬᠢ | ᠰᠠᠭᠠᠲᠠᠰᠢ ᠦᠭᠡᠢ ᠵᠢᠷᠭᠠᠶ᠎ᠠ ᠪᠢᠳᠠ᠃ | ᠤᠭᠲᠠᠷᠭᠤᠢ ᠶᠢᠨ ᠰᠠᠯᠬᠢᠨ ᠲᠡᠭᠰᠢ ᠦᠭᠡᠢ | ᠤᠷᠴᠢᠯᠠᠩ ᠤᠨ ᠬᠦᠮᠦᠨ ᠮᠦᠩᠬᠡ ᠦᠭᠡᠢ | ᠤᠯᠳᠠᠬᠤ ᠠᠯᠳᠠᠬᠤ ᠲᠤᠭᠲᠠᠭᠰᠠᠨ ᠬᠡᠮᠵᠢᠶ᠎ᠡ | ᠤᠴᠠᠷᠠᠭᠰᠠᠨ ᠴᠠᠭ ᠲᠤᠷ ᠵᠢᠷᠭᠠᠶ᠎ᠠ ᠪᠢᠳᠠ᠃ | ᠡᠨᠡ ᠪᠠ ᠬᠤᠶᠢᠲᠤ ᠬᠡᠨ ᠴᠦ ᠮᠡᠳᠡᠨ | ᠡᠷᠡᠯᠭᠡᠭ ᠪᠠᠭᠠᠲᠤᠷ ᠮᠦᠩᠬᠡ ᠪᠠᠶᠢᠨᠤ︖ | ᠡᠯᠳᠡᠪ ᠬᠤᠶᠠᠷ ᠬᠤᠪᠢᠯᠤᠨ ᠶᠠᠪᠤᠬᠤ | ᠡᠶᠡᠪᠡᠷ ᠤᠳᠤ ᠵᠢᠷᠭᠠᠶ᠎ᠠ ᠪᠢᠳᠠ᠃ | ᠯᠤᠪᠰᠠᠩᠴᠦ᠋ᠢᠳᠠᠨ ᠤ ︽ᠮᠤᠩᠭᠤᠯ ᠤᠨ ᠵᠠᠩ ᠠᠭᠠᠯᠢ ᠶᠢᠨ ᠦᠢᠯᠡᠪᠦᠷᠢ︾ ᠨᠤᠮ ᠠᠴᠠ ᠠᠪᠣᠪᠠ᠃ | ᠮᠣᠩᠭᠤᠯ ᠰᠤᠳᠤᠯᠤᠯ ᠤᠨ ᠰᠤᠷᠠᠭ ᠵᠠᠩᠬᠢ ᠶᠢᠨ ᠰᠦᠯᠵᠢᠶ᠎ᠡ | | | | | | | | | | | ᠁ |