| ᠪᠠᠭ᠎ᠠ ᠰᠦᠮ᠎ᠡ ᠵᠠᠩ ᠦᠢᠯᠡ ᠶᠢᠨ ᠲᠣᠰᠬᠤᠨ ᠨᠢ ᠰᠥᠩᠱᠠᠨ ᠲᠣᠭᠤᠷᠢᠭ ᠤᠨ ᠶᠡᠭᠡ ᠰᠦᠮ᠎ᠡ ᠪᠠᠯᠭᠠᠰᠤᠨ ᠳᠤ | ᠪᠠᠶᠢᠷᠢᠰᠢᠵᠤ᠂ ᠢᠩᠭᠡ ᠶᠢᠨ ᠭᠤᠣᠯ ᠤᠨ ᠡᠬᠢ᠂ ᠭᠠᠯᠪᠢᠩᠭ᠎ᠠ ᠠᠭᠤᠯᠠ ᠶᠢᠨ ᠳᠣᠣᠷ᠎ᠠ᠂ ᠤᠯᠠᠭᠠᠨᠬᠠᠳᠠ ᠶᠢᠨ | ᠬᠤᠲᠠ ᠶᠢᠨ ᠲᠣᠭᠤᠷᠢᠭ ᠠᠴᠠ 90 ᠺᠢᠯᠣᠮᠧᠳ᠋ᠷ ᠵᠠᠶᠢᠲᠠᠢ ᠭᠠᠵᠠᠷ ᠲᠤ ᠪᠠᠶᠢᠷᠢᠯᠠᠵᠤ ᠪᠠᠶᠢᠨ᠎ᠠ᠃ ᠵᠠᠩ ᠦᠢᠯᠡ ᠶᠢᠨ | ᠲᠣᠰᠬᠤᠨ ᠨᠢ ᠴᠢᠩ ᠤᠯᠤᠰ ᠤᠨ ᠡᠩᠬᠡ ᠠᠮᠤᠭᠤᠯᠠᠩ ᠤᠨ ᠦᠶ᠎ᠡ ᠳᠤ ᠲᠤᠰᠬᠤᠨ ᠪᠠᠶᠢᠭᠤᠯᠵᠠᠢ᠂ ᠤᠴᠢᠷ ᠨᠢ ᠲᠡᠷᠡ | ᠦᠶ᠎ᠡ ᠳᠤ ᠲᠣᠰᠬᠤᠨ ᠳᠤ ᠨᠢᠭᠡᠨ ᠰᠦᠮ᠎ᠡ ᠶᠢᠨ ᠬᠦᠷᠢᠶ᠎ᠡ ᠪᠠᠶᠢᠭᠰᠠᠨ ᠠᠴᠠ᠂ ᠰᠦᠮ᠎ᠡ ᠬᠡᠮᠡᠨ ᠨᠡᠷᠠᠶᠢᠳᠴᠠᠢ᠃ ᠶᠡᠭᠡ | ᠰᠦᠮ᠎ᠡ ᠲᠤᠰᠬᠤᠨ ᠠᠴᠠ ᠢᠯᠭᠠᠭᠳᠠᠬᠤ ᠶᠢᠨ ᠲᠦᠯᠦᠭᠡ ᠪᠠᠭ᠎ᠠ ᠰᠦᠮ᠎ᠡ ᠲᠤᠰᠬᠤᠨ ᠬᠡᠮᠡᠵᠠᠢ᠃ ᠶᠡᠷᠦᠩᠬᠡᠶ | ᠲᠠᠯᠠᠪᠠᠶ ᠨᠢ 3727 ᠡᠾᠤᠺᠲ᠋ᠡᠷ ᠪᠠᠶᠢᠵᠤ᠂ ᠲᠠᠷᠢᠶᠠᠨ ᠭᠠᠵᠠᠷ ᠨᠢ 5370 ᠮᠦ᠂ ᠣᠶᠢᠲᠤ ᠭᠠᠵᠠᠷ ᠨᠢ 44803 | ᠮᠥ ᠪᠣᠯᠤᠨ᠎ᠠ︔ ᠪᠦᠬᠦ ᠲᠤᠰᠬᠤᠨ ᠨᠢ 9 ᠲᠤᠰᠬᠤᠨ ᠤ ᠠᠷᠠᠳ ᠤᠨ ᠪᠠᠭ᠎ᠠ ᠳᠤᠭᠤᠶᠢᠯᠠᠩ ᠲᠠᠢ ᠪᠠᠶᠢᠵᠤ᠂ 808 | ᠡᠷᠦᠬᠡ᠂ 2700 ᠬᠥᠮᠦᠨ ᠲᠠᠢ᠂ ᠡᠭᠦᠨ ᠤ ᠳᠣᠲᠣᠷ᠎ᠠ 37 ᠶᠠᠳᠠᠭᠤ ᠬᠦᠴᠢᠷᠳᠡᠯᠲᠡᠢ ᠡᠷᠦᠬᠡ 73 ᠬᠥᠮᠦᠨ | ᠪᠠᠶᠢᠨ᠎ᠠ᠃ | ᠪᠠᠭ᠎ᠠ ᠰᠦᠮ᠎ᠡ ᠲᠣᠰᠬᠤᠨ ᠨᠢ 2011 ᠣᠨ ᠠᠴᠠ ᠨᠠᠰᠢ᠂ ᠤᠯᠤᠰ ᠤᠨ ᠲᠥᠷᠥᠯ ᠵᠦᠶᠯ ᠤᠨ ᠪᠠᠯᠠ | ᠮᠥᠩᠭᠦ ᠶᠢ 3000 ᠭᠠᠷᠤᠶ ᠲᠦᠮᠡᠨ ᠲᠥᠭᠦᠷᠢᠭ ᠳᠡᠮᠡᠴᠡᠨ ᠣᠯᠵᠤ᠂ 2 ᠰᠠᠭᠤᠷᠢ ᠣᠯᠣᠮᠣᠨ ᠬᠥᠭᠦᠷᠭᠡ | ᠪᠠᠶᠢᠭᠤᠯᠵᠤ᠂ ᠲᠤᠰᠬᠤᠨ ᠤ ᠳᠣᠲᠣᠷᠠᠬᠢ ᠵᠠᠰᠠᠮᠠᠯ ᠵᠠᠮ ᠢ 13 ᠺᠢᠯᠣᠮᠧᠳ᠋ᠷ ᠬᠠᠲᠠᠭᠤᠷᠠᠭᠤᠯᠤᠨ᠂ 4600 ᠮᠥ | ᠲᠠᠷᠢᠶᠠᠨ ᠭᠠᠵᠠᠷ ᠢ ᠲᠡᠭᠰᠢᠯᠡᠵᠦ᠂ 22 ᠨᠢᠳᠦ ᠮᠠᠰᠢᠨ ᠴᠠᠬᠢᠯᠭᠠᠨ ᠬᠤᠳᠳᠤᠭ ᠮᠠᠯᠲᠠᠵᠤ ᠲᠣᠬᠢᠷᠠᠭᠤᠯᠤᠨ᠂ ᠪᠦᠬᠦ | ᠲᠤᠰᠬᠤᠨ ᠳᠤ ᠲᠦᠭᠡᠭᠡᠯ ᠤᠰᠤ ᠤᠭᠰᠠᠷᠠᠭᠰᠠᠨ ᠪᠠᠶᠢᠨ᠎ᠠ︔ ᠪᠠᠭ᠎ᠠ ᠰᠦᠮ᠎ᠡ ᠲᠣᠰᠬᠤᠨ ᠤ ᠪᠠᠭ᠎ᠠ ᠰᠤᠷᠭᠠᠭᠤᠯᠢ ᠶᠢ | ᠥᠷᠭᠡᠳᠬᠡᠨ ᠪᠠᠶᠢᠭᠤᠯᠵᠤ᠂ ᠪᠠᠭᠰᠢ ᠶᠢᠨ ᠬᠦᠴᠦᠨ ᠢ ᠨᠡᠮᠡᠭᠳᠡᠭᠦᠯᠵᠦ᠂ ᠤᠳᠤ 29 ᠨᠡᠷ᠎ᠡ ᠪᠠᠭᠰᠢ᠂ 224 ᠨᠡᠷ᠎ᠡ | ᠰᠤᠷᠤᠭᠴᠢ ᠪᠣᠢ︔ 1 ᠰᠠᠭᠤᠷᠢ ︽ᠲᠠᠯ᠎ᠠ ᠨᠤᠲᠤᠭ ᠤᠨ ᠨᠣᠮ ᠤᠨ ᠥᠷᠥᠭᠡ︾᠂ ᠰᠣᠶᠣᠯ ᠤᠨ ᠠᠵᠢᠯᠯᠠᠭᠠᠨ ᠤ 3 | ᠠᠭᠤᠳᠠᠮ ᠳᠠᠯᠠᠪᠠᠢ ᠶᠢ ᠪᠠᠶᠢᠭᠤᠯᠵᠤ᠂ ᠪᠡᠶ᠎ᠡ ᠴᠢᠭᠢᠷᠠᠭᠵᠢᠭᠤᠯᠬᠤ ᠲᠣᠨᠤᠭ ᠲᠥᠬᠡᠭᠦᠷᠦᠮᠵᠢ ᠤᠭᠰᠠᠷᠠᠨ᠂ ︽ | ᠡᠮᠡᠭᠲᠡᠶᠢᠴᠦᠳ ᠤᠨ ᠭᠡᠷ ᠪᠥᠯᠢ︾ ᠶᠠᠩᠭᠠᠷ ᠪᠥᠵᠢᠭ ᠤᠨ ᠠᠩᠬᠢ᠂ ᠯᠤᠤᠲᠤ ᠪᠦᠵᠢᠭ ᠠᠷᠰᠯᠠᠨ ᠪᠦᠵᠢᠭ ᠤᠨ ᠠᠩᠬᠢ | ᠪᠠ ᠣᠯᠠᠨ ᠰᠠᠯᠠᠭ᠎ᠠ ᠠᠭᠤᠳᠠᠮ ᠲᠠᠯᠠᠪᠠᠶ ᠶᠢᠨ ᠪᠥᠵᠢᠭ ᠤᠨ ᠠᠩᠭᠢ ᠵᠣᠬᠢᠶᠠᠨ ᠪᠠᠶᠢᠭᠤᠯᠤᠭᠰᠠᠨ ᠪᠠᠶᠢᠨ᠎ᠠ᠃ | ᠪᠠᠭ᠎ᠠ ᠰᠦᠮ᠎ᠡ ᠵᠠᠩ ᠦᠢᠯᠡ ᠶᠢᠨ ᠲᠣᠰᠬᠤᠨ ᠨᠢ 2018 ᠣᠨ ᠳᠤ ᠡᠬᠢᠯᠡᠨ ᠪᠠᠶᠢᠭᠤᠯᠵᠤ᠂ 8000 | ᠲᠦᠮᠡᠨ ᠲᠥᠭᠦᠷᠢᠭ ᠤᠨ ᠶᠡᠷᠦᠩᠬᠡᠶ ᠪᠡᠯᠡ ᠣᠷᠣᠭᠤᠯᠤᠯᠲᠠ ᠣᠷᠤᠭᠤᠯᠬᠤ ᠪᠠᠷ ᠲᠦᠯᠦᠪᠯᠡᠨ᠂ ᠰᠣᠶᠣᠯ ᠢᠷᠭᠡᠨᠰᠢᠯ ᠤᠨ | ᠡᠬᠢ ᠪᠠᠶᠠᠯᠢᠭ ᠪᠣᠯᠤᠨ ᠠᠵᠤ ᠦᠢᠯᠡᠰ ᠤᠨ ᠳᠠᠪᠠᠭᠤᠯᠢᠭ ᠢ ᠠᠰᠢᠭᠯᠠᠨ᠂ ᠲᠠᠷᠢᠶᠠᠯᠠᠬᠤ ᠰᠣᠶᠣᠯ ᠢ ᠠᠭᠤᠳᠠᠯᠵᠤ᠂ ᠵᠠᠩ | ᠦᠢᠯᠡ ᠶᠢᠨ ᠦᠵᠡᠭᠦᠯᠦᠯᠭᠡ ᠶᠢᠨ ᠣᠷᠳᠣᠨ᠂ ᠬᠢᠲᠠᠳ ᠡᠮ ᠤᠨ ᠮᠠᠲ᠋ᠧᠷᠢᠶᠠᠯ ᠪᠣᠯᠪᠠᠰᠤᠷᠠᠭᠤᠯᠬᠤ ᠭᠠᠵᠠᠷ᠂ ᠬᠥᠳᠡᠭᠡ | ᠨᠤᠲᠤᠭ ᠤᠨ ᠥᠩᠭᠡ ᠦᠵᠡᠮᠵᠢ ᠶᠢ ᠲᠣᠭᠤᠷᠢᠨ ᠰᠣᠨᠢᠷᠬᠠᠬᠤ ᠰᠠᠭᠤᠷᠢᠨ ᠭᠠᠵᠠᠷ᠂ ᠬᠡᠭᠡᠷ᠎ᠡ ᠬᠦᠳᠡᠭᠡ ᠶᠢᠨ ᠴᠡᠴᠡᠷᠯᠢᠭ | ᠂ ᠬᠤᠸᠠ ᠮᠦ ᠯᠠᠨ ᠡᠷᠲᠡᠨ ᠤ ᠪᠠᠶᠢᠯᠳᠤᠭᠠᠨ ᠤ ᠲᠠᠯᠠᠪᠤᠷ ᠤᠨ ᠪᠠᠭᠤᠷᠢ ᠪᠣᠯᠤᠨ ᠡᠩᠬᠡ ᠠᠮᠤᠭᠤᠯᠠᠩ ᠤᠨ ᠭᠦᠩᠵᠦ | ᠯᠣᠷᠵᠣᠣ ᠳᠤ ᠮᠣᠷᠳᠠᠭᠰᠠᠨ ᠳᠡᠯᠭᠡᠨ ᠦᠵᠡᠭᠦᠯᠭᠡ ᠶᠢᠨ ᠲᠣᠭᠤᠷᠢᠭ ᠵᠡᠷᠭᠡ ᠲᠥᠷᠥᠯ ᠵᠦᠶᠯ ᠢ ᠪᠦᠳᠦᠭᠡᠨ ᠪᠠᠶᠢᠭᠤᠯᠵᠤ᠂ | ᠥᠪᠡᠷᠲᠡᠭᠡᠨ ᠵᠠᠰᠠᠬᠤ ᠣᠷᠣᠨ ᠤ ᠳᠡᠰ ᠤᠨ ᠬᠥᠳᠡᠭᠡ ᠲᠣᠰᠬᠤᠨ ᠤ ᠵᠤᠭᠠᠴᠠᠯ ᠤᠨ ᠵᠢᠱᠢᠶ᠎ᠡ ᠦᠵᠡᠭᠦᠯᠬᠦ ᠲᠣᠰᠬᠤᠨ | ᠪᠣᠯᠭᠠᠨ ᠪᠦᠳᠦᠭᠡᠨ ᠪᠠᠶᠢᠭᠤᠯᠬᠤ ᠪᠠᠷ ᠪᠠᠶᠢᠨ᠎ᠠ᠃ | | | | | | | | | | | ᠁ |