ᠨᠢᠭᠡ᠄ ᠡᠷᠳᠡ ᠶᠢᠨ ᠪᠤᠯᠪᠠᠰᠤᠷᠠᠯ ᠲᠠᠪᠤᠨ ᠮᠢᠨᠦ᠋ᠲ ᠢ ᠪᠠᠳᠤᠯᠠᠬᠤ᠃ ᠬᠡᠳᠤ ᠡᠷᠳᠡᠯᠡᠨ ᠪᠤᠰᠴᠤ ᠲᠠᠮᠢᠷ | ᠬᠢᠭᠰᠡᠨ ᠤ ᠴᠢᠬᠤᠯᠠ ᠦᠭᠡᠢ᠂ ᠵᠦᠪᠬᠡᠨ ᠲᠠᠪᠤᠨ ᠮᠢᠨᠦ᠋ᠲ ᠤᠷᠴᠢᠮ ᠵᠤᠬᠢᠰᠲᠠᠢ ᠪᠤᠯᠪᠠᠰᠤᠷᠠᠵᠤ ᠴᠢᠰᠦᠨ ᠤ | ᠬᠦᠶᠦᠳᠡᠯ ᠢᠶᠠᠨ ᠠᠬᠢᠭᠤᠯᠵᠤ ᠳᠡᠶᠢᠯᠪᠡᠯ ᠪᠤᠯᠴᠢᠬᠠᠨ᠎ᠠ᠃ | ᠬᠤᠶᠠᠷ᠄ ᠤᠰᠤ ᠣᠣᠭᠤᠬᠤ ᠵᠠᠩᠰᠢᠯ ᠲᠠᠢ ᠪᠤᠯᠬᠤ᠃ ᠤᠰᠤ ᠳᠤᠳᠠᠭᠳᠠᠪᠠᠯ ᠡᠪᠡᠳᠴᠢᠨ ᠡᠰᠡᠷᠭᠦᠴᠡᠭᠦ | ᠴᠢᠳᠠᠪᠤᠷᠢ ᠳᠤᠷᠤᠭᠰᠢᠯᠠᠨ᠎ᠠ᠃ ᠦᠷᠭᠦᠯᠵᠢ ᠤᠰᠤ ᠤᠤᠭᠤᠬᠤ ᠨᠢ ᠰᠢᠨ᠎ᠡ ᠬᠠᠭᠤᠴᠢᠨ ᠤ ᠰᠤᠯᠢᠭᠳᠠᠯ ᠢ ᠠᠬᠢᠭᠤᠯᠬᠤ | ᠦᠢᠯᠡᠳᠦᠯ ᠲᠠᠢ᠃ | ᠭᠤᠷᠪᠠ᠄ ᠦᠷᠯᠦᠭᠡᠨ ᠤ ᠬᠤᠭᠤᠯᠠ ᠶᠢ ᠡᠷᠬᠢᠮᠯᠡᠬᠦ᠃ ᠦᠷᠯᠦᠭᠡᠨ ᠤ ᠬᠤᠭᠤᠯᠠᠨ ᠤ ᠰᠢᠮ᠎ᠡ ᠲᠡᠵᠢᠭᠡᠯ ᠢ | ᠬᠦᠢᠴᠡᠳ ᠳᠤᠭᠢᠷᠠᠭᠤᠯᠵᠤ ᠢᠳᠡᠪᠡᠯ ᠬᠦᠮᠦᠨ ᠤ ᠪᠡᠶ᠎ᠡ ᠳᠤ ᠲᠤᠩ ᠠᠰᠢᠭᠳᠠᠢ ᠬᠡᠵᠤ ᠲᠤᠩ ᠤᠯᠠᠨ ᠰᠤᠳᠤᠯᠤᠯ | ᠭᠡᠷᠡᠴᠢᠯᠡᠵᠤ ᠪᠤᠢ᠃ | ᠳᠦᠷᠪᠡ᠄ ᠠᠷᠪᠠᠨ ᠴᠠᠭ ᠲᠤ ᠢᠳᠡᠰᠢ ᠨᠦᠬᠦᠪᠦᠷᠢᠯᠡᠬᠦ᠃ ᠦᠳᠡ ᠶᠢᠨ ᠡᠮᠦᠨᠡᠭᠢ ᠠᠷᠪᠠᠨ ᠴᠠᠭ ᠤᠨ ᠦᠶ᠎ᠡ ᠪᠠᠷ | ᠬᠦᠮᠦᠰ ᠦᠷᠭᠦᠯᠵᠢ ᠦᠯᠦᠰᠬᠦ ᠪᠠᠶᠢᠳᠠᠯ ᠳᠤ ᠤᠷᠤᠳᠠᠭ᠃ ᠪᠠᠭ᠎ᠠ ᠰᠠᠭ᠎ᠠ ᠰᠢᠬᠢᠷ ᠪᠤᠶᠤ ᠪᠤᠭᠤᠷᠰᠤᠭ ᠢᠳᠡᠵᠤ | ᠨᠦᠭᠦᠪᠦᠷᠢᠯᠡᠪᠡᠯ ᠬᠡᠳᠦ ᠦᠯᠦᠰᠭᠦ ᠶᠢ ᠨᠠᠮᠳᠠᠭᠠᠬᠤ ᠮᠦᠷᠳᠡᠭᠡᠨ ᠦᠳᠡ ᠶᠢᠨ ᠬᠤᠭᠤᠯᠠᠨ ᠳᠤ ᠴᠠᠳᠬᠤ ᠦᠭᠡᠢ | ᠪᠠᠶᠢᠳᠠᠯ ᠢ ᠦᠭᠡᠶᠢᠰᠭᠡᠳᠡᠭ᠃ | ᠲᠠᠪᠤ᠄ ᠦᠳᠡ ᠶᠢᠨ ᠬᠤᠭᠤᠯᠠᠨ ᠤ ᠳᠠᠷᠠᠭ᠎ᠠ ᠺᠤᠹᠧ ᠪᠤᠶᠤ ᠴᠠᠢ ᠤᠤᠭᠤᠬᠤ᠃ ᠡᠨᠡ ᠦᠶᠡᠰ ᠺᠤᠹᠧ ᠪᠤᠶᠤ | ᠴᠠᠢ ᠤᠤᠭᠤᠬᠤ ᠨᠢ ᠰᠢᠩᠭᠡᠭᠡᠯᠳᠡ ᠶᠢ ᠠᠬᠢᠭᠤᠯᠬᠤ ᠮᠦᠷᠳᠡᠭᠡᠨ ᠦᠳᠡ ᠳᠤ ᠭᠡᠳᠦ ᠨᠦᠢᠷ ᠬᠦᠷᠬᠦ ᠶᠢ ᠪᠠᠭᠠᠰᠬᠠᠨ᠎ᠠ᠃ | | ᠵᠢᠷᠭᠤᠭ᠎ᠠ᠄ ᠪᠤᠳᠤᠯ ᠰᠠᠨᠠᠯ ᠢᠶᠠᠨ ᠢᠯᠡᠬᠦᠭᠡᠨ ᠰᠤᠯᠢᠯᠴᠠᠵᠤ᠂ ᠪᠤᠰᠤᠳ ᠢ ᠢᠯᠡᠬᠦᠦ ᠤᠶᠢᠯᠠᠭᠠᠵᠤ ᠶᠠᠪᠤᠬᠤ᠃ | ᠢᠯᠡᠭᠦᠭᠡᠨ ᠪᠤᠰᠤᠳ ᠲᠠᠢ ᠪᠤᠳᠤᠯ ᠰᠠᠨᠠᠯ ᠢᠶᠠᠨ ᠰᠤᠯᠢᠯᠴᠠᠪᠠᠯ ᠳᠤᠳᠤᠭᠠᠳᠤ ᠰᠡᠳᠭᠢᠯ ᠤᠨ ᠪᠤᠬᠢᠨᠢᠳᠤᠯ ᠵᠡᠷᠭᠡ ᠶᠢ | ᠪᠠᠭᠠᠰᠬᠠᠵᠤ ᠠᠮᠢᠳᠤᠷᠠᠯ ᠳᠤ ᠪᠠᠶᠠᠷ ᠬᠦᠷ ᠨᠡᠮᠡᠳᠡᠭ᠃ | ᠳᠤᠯᠤᠭ᠎ᠠ᠄ ᠵᠤᠭᠰᠤᠵᠤ ᠰᠠᠭᠤᠬᠤ ᠳᠦᠷᠢ ᠪᠠᠶᠢᠳᠠᠯ ᠢᠶᠠᠨ ᠠᠩᠬᠠᠷᠬᠤ᠃ ᠡᠨᠡ ᠨᠢ ᠭᠡᠪ ᠪᠤᠯᠪᠠᠰᠤᠷᠠᠯ | ᠦᠨᠳᠦᠷ ᠢ ᠬᠠᠷᠠᠭᠤᠯᠬᠤ ᠪᠠᠷ ᠪᠠᠷᠠᠬᠤ ᠦᠭᠡᠢ ᠶᠠᠰᠤ ᠮᠠᠬᠠᠪᠤᠳ ᠤᠨ ᠡᠷᠡᠭᠦᠯ ᠴᠢᠭᠢᠷᠠᠭ ᠪᠠᠶᠢᠬᠤ ᠶᠢ ᠪᠠᠳᠤᠯᠠᠳᠠᠭ᠃ | ᠨᠠᠢᠮᠠ᠄ ᠰᠠᠨᠳᠤᠷᠴᠤ ᠪᠠᠴᠢᠮᠳᠠᠭᠰᠠᠨ ᠦᠶ᠎ᠡ ᠳᠤ ᠬᠡᠳᠦᠨ ᠮᠢᠨᠦ᠋ᠲ ᠠᠮᠠᠷᠠᠬᠤ ᠶᠢ ᠪᠠᠳᠤᠯᠠᠬᠤ᠃ ᠰᠠᠨᠳᠤᠷᠤᠭᠰᠠᠨ | ᠦᠶ᠎ᠡ ᠳᠤ ᠤᠶᠤᠨ ᠰᠠᠨᠠᠭ᠎ᠠ ᠬᠡᠳᠤ ᠪᠠᠴᠢᠮ ᠪᠠᠶᠢᠳᠠᠯ ᠳᠤ ᠤᠷᠤᠵᠤ ᠠᠷᠭ᠎ᠠ ᠰᠠᠮᠪᠠᠭ᠎ᠠ ᠪᠤᠳᠤᠵᠤ ᠤᠯᠬᠤ ᠦᠭᠡᠢ | ᠪᠡᠳᠡᠷᠡᠳᠡᠭ᠂ ᠪᠠᠭ᠎ᠠ ᠠᠮᠠᠷᠠᠭᠠᠳ ᠠᠪᠤᠪᠠᠯ ᠵᠦᠭᠡᠷ ᠪᠤᠯᠴᠢᠬᠠᠨ᠎ᠠ᠃ | ᠶᠢᠰᠦ᠄ ᠤᠳᠠᠰᠤ ᠲᠤᠰᠬᠤ ᠳᠠᠭᠠᠨ ᠪᠤᠰᠴᠤ ᠪᠠᠶᠢᠭᠠᠳ ᠳᠤᠰᠪᠠᠯ ᠰᠠᠶᠢᠨ᠃ ᠤᠳᠠᠰᠤ ᠳᠤᠰᠬᠤ ᠳᠠᠭᠠᠨ | ᠵᠤᠭᠰᠤᠵᠤ ᠪᠠᠶᠢᠪᠠᠯ ᠴᠢᠰᠤᠨ ᠬᠦᠶᠦᠯᠳᠡ ᠶᠢ ᠠᠬᠢᠭᠤᠯᠬᠤ ᠪᠠᠷ ᠪᠠᠷᠠᠬᠤ ᠦᠭᠡᠢ ᠬᠦᠮᠦᠨ ᠤ ᠳᠠᠷᠢᠬᠢᠨ ᠤ | ᠬᠦᠴᠢᠯᠳᠦ᠋ᠷᠦᠭᠴᠢ ᠳᠤᠳᠠᠭᠳᠠᠬᠤ ᠶᠢ ᠰᠡᠷᠭᠡᠶᠢᠯᠡᠵᠤ ᠳᠡᠶᠢᠯᠳᠡᠭ᠃ | ᠠᠷᠪᠠ᠄ ᠪᠡᠶ᠎ᠡ ᠤᠭᠢᠶᠠᠯᠭ᠎ᠠ ᠬᠢᠬᠦ ᠳᠡᠭᠡᠨ ᠳᠠᠭᠤᠤ ᠠᠶᠠᠯᠪᠠᠯ ᠰᠠᠶᠢᠨ᠃ ᠢᠩᠭᠢᠵᠤ ᠬᠢᠬᠦ ᠨᠢ ᠰᠡᠳᠭᠢᠯ ᠰᠠᠨᠠᠭ᠎ᠠ | ᠠᠮᠤᠷᠵᠢᠭᠤᠯᠬᠤ ᠮᠦᠷᠳᠡᠭᠡᠨ ᠪᠡᠶ᠎ᠡ ᠶᠢ ᠤᠯᠠᠮ ᠬᠦᠩᠭᠡᠨ ᠳᠠᠭᠠᠳᠠᠢ ᠪᠤᠯᠭᠠᠳᠠᠭ᠃ | ᠠᠷᠪᠠᠨ ᠨᠢᠭᠡ᠄ ᠪᠠᠶᠠᠰᠤᠩᠭᠤᠢ ᠨᠠᠶᠢᠵᠠ ᠲᠠᠢ ᠪᠠᠨ ᠢᠯᠡᠭᠦᠦ ᠶᠠᠪᠤᠯᠴᠠᠭᠠᠷᠠᠢ᠃ ᠭᠠᠳᠠᠭᠠᠳᠤ ᠤᠷᠴᠢᠨ ᠬᠦᠮᠦᠨ ᠢ | ᠵᠤᠬᠢᠬᠤ ᠬᠡᠮᠵᠢᠶ᠎ᠡ ᠪᠠᠷ ᠨᠦᠯᠦᠭᠡᠯᠡᠳᠡᠭ᠃ ᠪᠠᠶᠠᠰᠤᠩᠭᠤᠢ ᠨᠠᠶᠢᠵᠠ ᠲᠠᠢ ᠠᠷᠪᠢᠨ ᠶᠠᠪᠤᠯᠴᠠᠪᠠᠯ ᠪᠡᠶ᠎ᠡ ᠰᠡᠳᠭᠢᠯ ᠤᠨ | ᠡᠷᠡᠭᠦᠯ ᠪᠠᠶᠢᠬᠤ ᠶᠢ ᠪᠠᠳᠤᠯᠠᠳᠠᠭ ᠶᠤᠮ᠃ | ᠠᠷᠪᠠᠨ ᠬᠤᠶᠠᠷ᠄ ᠶᠡᠭᠡ ᠦᠢᠯᠡᠰ ᠢ ᠪᠠᠭ᠎ᠠ ᠠᠴᠠ ᠡᠬᠢᠯᠡᠵᠤ ᠬᠢ᠃ ᠪᠠᠭ᠎ᠠ ᠰᠠᠭ᠎ᠠ ᠤᠴᠢᠷ ᠠᠴᠠ ᠡᠬᠢᠯᠡᠵᠤ ᠳᠡᠰ | ᠳᠠᠷᠠᠭ᠎ᠠ ᠲᠠᠢ ᠰᠠᠶᠢᠬᠠᠨ ᠬᠢᠪᠡᠯ ᠶᠡᠭᠡ ᠤᠴᠢᠷ ᠲᠤ ᠪᠠᠴᠢᠮᠳᠠᠵᠤ ᠵᠤᠪᠠᠭ᠋ᠤ ᠶᠢ ᠪᠠᠭᠠᠰᠬᠠᠵᠤ ᠳᠡᠶᠢᠯᠦᠨ᠎ᠡ᠃ | ᠠᠷᠪᠠᠨ ᠭᠤᠷᠪᠠ᠄ ᠨᠢᠷᠤᠭᠤᠨ ᠤ ᠭᠡᠰᠡᠭ ᠢᠶᠠᠨ ᠢᠯᠡᠭᠦᠦ ᠪᠤᠯᠪᠠᠰᠤᠷᠠᠭᠤᠯ᠃ ᠦᠶ᠎ᠡ ᠭᠡᠰᠢᠬᠦᠨ ᠤ ᠡᠪᠡᠳᠴᠢᠳᠡᠨ | ᠵᠢᠴᠢ ᠪᠦᠭᠳᠦᠷ ᠬᠦᠮᠦᠰ ᠤᠯᠠᠰᠢᠷᠠᠵᠤ ᠪᠠᠶᠢᠭ᠎ᠠ ᠶᠢ ᠬᠠᠷᠠᠭᠠᠳ ᠴᠢ ᠪᠠᠰᠠ ᠨᠢᠷᠤᠭᠤ ᠪᠠᠨ ᠶᠠᠳᠠᠷᠠᠭᠤᠯᠵᠤ ᠡᠪᠡᠳᠴᠢᠨ | ᠡᠷᠢᠬᠦ ᠬᠡᠵᠤ ᠦᠦ︖ ᠤᠯᠠᠩᠬᠢ ᠬᠦᠮᠦᠰ ᠨᠢᠷᠤᠭᠤ ᠪᠠᠨ ᠪᠤᠯᠪᠠᠰᠤᠷᠠᠭᠤᠯᠬᠤ ᠶᠢ ᠤᠮᠳᠤᠭᠠᠶᠢᠯᠠᠭᠠᠳ ᠪᠠᠶᠢᠳᠠᠭ ᠰᠢᠦ᠃ | | ᠠᠷᠪᠠᠨ ᠳᠦᠷᠪᠡ᠄ ᠨᠠᠮᠠᠨᠴᠢᠯᠠᠵᠤ ᠰᠠᠭᠤᠬᠤ ᠨᠢ ᠠᠮᠤᠷᠵᠢᠭᠤᠯᠬᠤ ᠦᠢᠯᠡᠳᠦᠯ ᠲᠠᠢ᠃ ᠱᠠᠰᠢᠨᠳᠠᠨ ᠪᠢᠰᠢ ᠴᠦ | ᠭᠡᠰᠡᠨ ᠨᠠᠮᠠᠨᠴᠢᠯᠠᠵᠤ ᠰᠠᠭᠤᠵᠤ ᠪᠤᠯᠤᠨ᠎ᠠ ᠳ᠋ᠠ᠃ ᠰᠡᠳᠭᠢᠯ ᠰᠠᠨᠠᠭ᠎ᠠ ᠶᠢ ᠨᠠᠮ ᠪᠠᠶᠢᠯᠭᠠᠨ ᠶᠠᠳᠠᠷᠠᠭ᠎ᠠ ᠳᠠᠶᠢᠯᠤᠭᠳᠠᠵᠤ | ᠤᠷᠮ᠎ᠠ ᠰᠡᠷᠭᠦᠭᠡᠳᠡᠭ ᠪᠤᠯᠬᠤᠷ ᠳᠤᠰᠠᠳᠠᠢ ᠰᠢᠦ ᠳ᠋ᠠ᠃ | ᠠᠷᠪᠠᠨ ᠲᠠᠪᠤ᠄ ᠡᠳᠦᠷ ᠪᠦᠷᠢ ᠬᠦᠳᠡᠯᠭᠡᠭᠡᠨ ᠢᠯᠡᠬᠦᠭᠡᠨ ᠬᠢᠭᠡᠷᠡᠢ᠃ ᠪᠡᠶ᠎ᠡ ᠶᠢᠨ ᠬᠦᠳᠡᠯᠭᠡᠭᠡᠨ ᠢᠯᠡᠭᠦᠭᠡᠨ ᠭᠢᠪᠡᠯ | ᠰᠢᠩᠭᠡᠭᠡᠯᠳᠡ ᠶᠢ ᠠᠬᠢᠭᠤᠯᠵᠤ ᠤᠯᠠᠮ ᠴᠢᠬᠢᠷᠠᠭ ᠪᠤᠯᠵᠤ ᠢᠳᠡᠭᠦ ᠳᠤ ᠠᠮᠳᠠ ᠲᠠᠢ ᠤᠨᠳᠠᠬᠤ ᠳᠤ ᠨᠦᠢᠷ ᠲᠠᠢ ᠪᠠᠶᠢᠵᠤ | ᠳᠡᠶᠢᠯᠦᠨ᠎ᠡ ᠰᠢᠦ᠃ | ᠠᠷᠪᠠᠨ ᠵᠢᠷᠭᠤᠭ᠎ᠠ᠄ ᠦᠳᠡ ᠳᠡᠭᠡᠨ ᠬᠤᠷᠢᠨ ᠮᠢᠨᠦ᠋ᠲ ᠤᠨᠳᠠᠪᠠᠯ ᠰᠠᠶᠢᠨ᠃ ᠦᠳᠡ ᠳᠤ ᠪᠠᠭ᠎ᠠ ᠤᠨᠳᠠᠵᠤ | ᠪᠠᠶᠢᠪᠠᠯ ᠬᠠᠭᠠᠰ ᠡᠳᠦᠷ ᠤᠨ ᠶᠠᠳᠠᠷᠠᠭ᠎ᠠ ᠲᠠᠶᠢᠯᠤᠭᠳᠠᠵᠤ ᠤᠷᠮ᠎ᠠ ᠰᠡᠳᠭᠢᠯ ᠲᠤᠩ ᠰᠡᠷᠭᠡᠭ ᠪᠤᠯᠳᠠᠭ᠃ | ᠠᠷᠪᠠᠨ ᠳᠤᠯᠤᠭ᠎ᠠ᠄ ᠪᠡᠶ᠎ᠡ ᠳᠡᠭᠡᠨ ᠲᠡᠮᠦᠷ ᠢᠯᠡᠭᠦᠦ ᠨᠦᠭᠦᠪᠦᠷᠢᠯᠡ᠃ ᠦᠨᠳᠡᠭᠡᠨ ᠰᠢᠷ᠎ᠠ᠂ ᠲᠠᠬᠢᠶᠠᠨ ᠮᠢᠬ᠎ᠠ᠂ | ᠪᠤᠷᠴᠠᠭ ᠤᠨ ᠵᠦᠢᠯ ᠳᠤ ᠲᠡᠮᠦᠷ ᠢᠯᠡᠭᠦᠦ ᠠᠭᠤᠯᠤᠭᠳᠠᠳᠠᠭ᠃ | ᠠᠷᠪᠠᠨ ᠨᠠᠢᠮᠠ᠄ ᠲᠡᠷᠭᠡ ᠵᠢᠯᠤᠭᠤᠳᠬᠤ ᠳᠠᠭᠠᠨ ᠰᠢᠷᠭᠡᠭᠯᠢᠭ ᠢᠳᠡᠭᠡᠨ ᠪᠠᠭ᠎ᠠ ᠢᠳᠡᠪᠡᠯ ᠵᠦᠭᠡᠷ᠃ ᠯᠤᠬᠠᠱᠸᠡᠭ᠂ | ᠦᠵᠦᠮ ᠤᠨ ᠬᠠᠳᠠᠭᠠᠮᠠᠯ ᠵᠡᠷᠭᠡ ᠨᠢ ᠪᠡᠶ᠎ᠠ ᠳᠠᠬᠢ ᠡᠨᠧᠷᠭᠢ ᠶᠢᠨ ᠰᠤᠯᠢᠯᠴᠠᠭ᠎ᠠ ᠶᠢ ᠠᠬᠢᠭᠤᠯᠵᠤ ᠶᠠᠳᠠᠷᠠᠬᠤ ᠶᠢ | ᠨᠠᠮᠳᠠᠭᠤᠯᠳᠠᠭ᠃ | ᠠᠷᠪᠠ ᠶᠢᠰᠦ᠄ ᠠᠩᠬᠢᠯᠤᠮ᠎ᠠ ᠦᠨᠦᠷ ᠲᠠᠢ ᠢᠯᠡᠭᠦᠦ ᠤᠶᠢᠷᠠᠳᠤᠪᠠᠯ ᠰᠠᠶᠢᠨ᠃ ᠬᠦᠩᠭᠡᠨ ᠳᠠᠭᠠᠳᠠᠢ ᠠᠩᠬᠢᠯᠤᠮ᠎ᠠ | ᠦᠨᠦᠷ ᠲᠠᠢ ᠤᠶᠢᠷᠠᠳᠤᠪᠠᠯ ᠳᠠᠷᠢᠬᠢ ᠰᠡᠷᠭᠡᠭ ᠪᠤᠯᠵᠤ᠂ ᠴᠡᠭᠡᠵᠢᠯᠡᠬᠦ ᠴᠢᠳᠠᠪᠤᠷᠢ ᠶᠢ ᠳᠡᠭᠡᠭᠰᠢᠯᠡᠭᠦᠯᠳᠡᠭ᠃ | ᠬᠤᠷᠢ᠄ ᠪᠠᠶᠠᠷᠳᠤ ᠵᠦᠴᠦᠭᠡ ᠢᠯᠡᠬᠦᠭᠡᠨ ᠦᠵᠡ᠃ ᠢᠨᠢᠶᠡᠵᠤ ᠶᠠᠪᠤᠪᠠᠯ ᠨᠠᠰᠤᠨ ᠤ ᠪᠤᠶᠠᠨ ᠭᠡᠭᠴᠢ ᠪᠠᠷ | ᠪᠠᠶᠠᠷᠳᠤ ᠵᠦᠴᠦᠭᠡ ᠳᠠᠨ ᠳᠤ ᠪᠠᠶᠠᠷ ᠪᠠᠭ᠋ᠠᠳᠤᠯ ᠠᠪᠴᠢᠷᠠᠨ᠎ᠠ ᠰᠢᠦ᠃ | ᠬᠤᠷᠢᠨ ᠨᠢᠭᠡ᠄ ᠤᠨᠳᠠᠬᠤ ᠳᠠᠭᠠᠨ ᠤᠷᠢᠳᠴᠢᠯᠠᠨ 1 ᠴᠠᠭ ᠤᠷᠤᠨ ᠳᠠᠭᠠᠨ ᠭᠠᠷᠴᠤ ᠭᠡᠪᠳᠡᠪᠡᠯ ᠰᠠᠶᠢᠨ᠃ | ᠢᠩᠭᠢᠪᠡᠯ ᠡᠷᠳᠡ ᠤᠨᠳᠠᠬᠤ ᠵᠠᠩᠰᠢᠯ ᠲᠠᠢ ᠪᠤᠯᠵᠤ ᠭᠠᠷᠠᠭ ᠤᠨ ᠰᠡᠭᠦᠯᠴᠢ ᠳᠤ ᠠᠮᠢ ᠪᠠᠨ ᠠᠪᠬᠤ ᠦᠭᠡᠢ ᠤᠨᠳᠠᠬᠤ ᠶᠢ | ᠴᠢᠨᠢ ᠪᠠᠭᠠᠰᠬᠠᠵᠤ ᠳᠡᠶᠢᠯᠦᠨ᠎ᠡ ᠰᠢᠦ᠃ | ᠬᠤᠷᠢᠨ ᠬᠤᠶᠠᠷ᠄ ᠨᠠᠷᠠᠨ ᠳᠤ ᠡᠭᠡᠭᠡᠪᠡᠯ ᠡᠷᠡᠭᠦᠯ ᠴᠢᠭᠢᠷᠠᠭ ᠲᠤ ᠠᠰᠢᠭᠳᠠᠢ᠃ ᠨᠠᠷᠠᠨ ᠳᠤ ᠡᠭᠡᠭᠡᠬᠦ ᠨᠢ ᠰᠡᠳᠭᠢᠯ | ᠰᠡᠷᠭᠦᠭᠡᠵᠤ ᠪᠡᠶ᠎ᠡ ᠶᠢ ᠠᠮᠤᠷᠵᠢᠭᠤᠯᠳᠠᠭ᠃ ᠬᠡᠬᠦ ᠳᠡᠭᠡᠨ ᠨᠠᠷᠠᠰᠢᠬᠤ ᠠᠴᠠ ᠬᠢᠴᠢᠶᠡᠬᠦ ᠪᠠᠨ ᠪᠤᠤ ᠮᠠᠷᠳᠠᠭᠠᠷᠠᠢ᠃ | ᠬᠤᠷᠢᠨ ᠭᠤᠷᠪᠠ᠄ ᠪᠡᠶ᠎ᠡ ᠪᠤᠯᠪᠠᠰᠤᠷᠠᠭᠤᠯᠬᠤ ᠴᠠᠭ ᠢᠶᠠᠨ ᠵᠤᠬᠢᠰᠲᠠᠢ ᠳᠤᠬᠢᠷᠠᠭᠤᠯ᠃ ᠠᠵᠢᠯ ᠪᠠᠭᠤᠭᠠᠳ ᠪᠡᠶ᠎ᠡ | ᠪᠤᠯᠪᠠᠰᠤᠷᠠᠭᠤᠯᠵᠤ ᠪᠠᠷᠠᠭᠠᠳ ᠤᠨᠳᠠᠪᠠᠯ ᠲᠤᠩ ᠳᠠᠭᠠᠳᠠᠢ ᠪᠠᠶᠢᠳᠠᠭ᠃ ᠦᠳᠡᠰᠢ ᠪᠡᠶ᠎ᠡ ᠪᠤᠯᠪᠠᠰᠤᠷᠠᠭᠤᠯᠬᠤ ᠨᠢ ᠪᠠᠰᠠ | ᠰᠢᠨ᠎ᠡ ᠬᠠᠭᠤᠴᠢᠨ ᠤ ᠰᠤᠯᠢᠭᠳᠠᠯ ᠢ ᠠᠬᠢᠭᠤᠯᠳᠠᠭ᠃ | ᠬᠤᠷᠢᠨ ᠳᠦᠷᠪᠡ᠄ ᠠᠷᠢᠬᠢ ᠪᠠᠨ ᠬᠡᠮᠵᠢᠶᠡᠳᠠᠢ ᠤᠤᠭᠤᠪᠠᠯ ᠰᠠᠶᠢᠨ᠃ ᠪᠠᠭ᠎ᠠ ᠤᠤᠭᠤᠪᠠᠯ ᠪᠠᠯ᠂ ᠪᠠᠯᠠᠷᠠᠳᠠᠯ᠎ᠠ | ᠤᠤᠭᠤᠪᠠᠯ ᠮᠠᠯ ᠭᠡᠳᠡᠭ ᠢ ᠯᠡ ᠪᠤᠤ ᠮᠠᠷᠳᠠ᠃ ᠶᠡᠭᠡᠳᠡᠪᠡᠯ ᠠᠮᠢᠳᠤᠷᠠᠯ ᠢ ᠴᠢᠨᠢ ᠬᠠᠷᠠᠯᠠᠭᠤᠯᠴᠢᠬᠠᠵᠤ ᠮᠡᠳᠡᠨ᠎ᠡ᠃ | ᠬᠤᠷᠢᠨ ᠲᠠᠪᠤ᠄ ᠬᠠᠶᠠ ᠳᠠᠭᠠᠨ ᠱᠠᠹᠠ ᠳᠡᠭᠡᠷ᠎ᠡ ᠤᠨᠳᠠᠪᠠᠯ ᠤᠨᠳᠠᠬᠤ ᠶᠢ ᠠᠬᠢᠭᠤᠯᠬᠤ ᠦᠢᠯᠡᠳᠦᠯ ᠲᠠᠢ᠃ ᠱᠠᠹᠠ | ᠳᠡᠭᠡᠷ᠎ᠡ ᠤᠨᠳᠠᠬᠤ ᠨᠢ ᠡᠪ ᠦᠭᠡᠢ ᠰᠠᠨᠠᠭᠳᠠᠬᠤ ᠪᠤᠯᠪᠠᠴᠤ ᠵᠠᠷᠢᠮ ᠳᠠᠭᠠᠨ ᠡᠩ ᠤᠨ ᠪᠠᠶᠢᠳᠠᠯ ᠠᠴᠠ ᠨᠡᠩ ᠰᠠᠶᠢᠨ | ᠤᠨᠳᠠᠵᠤ ᠳᠡᠶᠢᠯᠦᠨ᠎ᠡ ᠬᠡᠵᠤ ᠵᠠᠷᠢᠮ ᠰᠤᠳᠤᠯᠤᠯ ᠭᠡᠷᠡᠴᠢᠯᠡᠵᠤ ᠪᠤᠢ᠃ | | | | | | | | | | | | ᠁ |