1᠂ ᠬᠦᠢᠴᠡᠳ ᠤᠨᠳᠠᠪᠠᠯ ᠬᠦᠭᠰᠢᠷᠡᠭᠦ ᠶᠢ ᠰᠡᠷᠭᠡᠶᠢᠯᠡᠵᠤ ᠴᠢᠳᠠᠨ᠎ᠠ᠃ ᠤᠨᠴᠠᠭᠠᠢᠢᠯᠠᠨ ᠡᠮᠡᠭᠳᠡᠶᠢᠴᠤᠳ ᠤᠨ | ᠹᠢᠽᠢᠤᠯᠤᠬᠢ ᠶᠢᠨ ᠤᠨᠴᠠᠯᠢᠭ ᠠᠴᠠ ᠪᠤᠯᠵᠤ᠂ ᠡᠷᠡᠭᠳᠡᠶᠢᠴᠤᠳ ᠲᠠᠢ ᠬᠠᠷᠢᠴᠠᠭᠤᠯᠪᠠᠯ ᠠᠮᠠᠷᠬᠠᠨ ᠶᠠᠳᠠᠷᠠᠵᠤ | ᠲᠠᠮᠢᠷᠳᠠᠳᠠᠭ᠂ ᠲᠠᠶᠢᠮᠤ ᠠᠴᠠ ᠡᠮᠡᠭᠳᠡᠶᠢᠴᠤᠳ ᠡᠳᠦᠷ ᠪᠦᠷᠢ ᠡᠷᠡᠭᠳᠡᠶᠢᠴᠤᠳ ᠠᠴᠠ ᠢᠯᠡᠭᠦᠦ 15 ᠮᠢᠨᠦ᠋ᠲ ᠤᠨᠳᠠᠬᠤ | ᠴᠢᠬᠤᠯᠠ ᠲᠠᠢ᠂ ᠢᠩᠭᠢᠪᠠᠯ ᠶᠠᠳᠠᠷᠠᠭ᠎ᠠ ᠴᠢᠯᠡᠭᠡ ᠶᠢ ᠲᠡᠶᠢᠯᠬᠤ ᠮᠦᠷᠳᠡᠭᠡᠨ ᠠᠷᠠᠰᠤ ᠶᠢᠨ ᠬᠠᠮᠠᠭᠠᠯᠠᠯᠳᠠ ᠳᠤ ᠴᠤ | ᠠᠰᠢᠭᠳᠠᠢ ᠪᠠᠶᠢᠳᠠᠭ᠃ | 2᠂ ᠬᠦᠯ ᠢᠶᠠᠨ ᠲᠤᠯᠠᠭᠠᠯᠠᠬᠤ᠃ ᠰᠢᠨᠵᠢᠯᠡᠭᠦ ᠤᠬᠠᠭᠠᠨᠴᠢ ᠰᠤᠳᠤᠯᠭᠠᠨ ᠢᠶᠠᠷ ᠬᠡᠷᠡᠴᠢᠯᠡᠭᠰᠡᠨ ᠨᠢ᠂ ᠬᠦᠯ ᠢᠶᠠᠨ | ᠲᠤᠯᠠᠭᠠᠨ ᠲᠠᠭᠠᠯᠠᠮᠵᠢᠳᠠᠢ ᠪᠠᠶᠢᠯᠭᠠᠳᠠᠭ ᠡᠮᠡᠭᠳᠡᠶᠢᠴᠤᠳ ᠤᠨ ᠤᠨᠳᠠᠬᠤ ᠨᠢ ᠬᠦᠯ ᠢᠶᠠᠨ ᠲᠤᠯᠠᠭᠠᠯᠠᠬᠤ ᠶᠢ ᠲᠡᠮᠡᠢ | ᠠᠩᠬᠠᠷᠳᠠᠭ ᠦᠭᠡᠢ ᠡᠮᠡᠭᠳᠡᠶᠢᠴᠤᠳ ᠠᠴᠠ ᠬᠤᠯᠠ ᠰᠠᠶᠢᠨ ᠪᠠᠶᠢᠳᠠᠭ᠃ ᠲᠠᠶᠢᠮᠤ ᠠᠴᠠ ᠤᠷᠤᠢ ᠤᠨᠳᠠᠬᠤ ᠳᠠᠭᠠᠨ | ᠬᠦᠯ ᠢᠶᠠᠨ ᠲᠤᠯᠠᠭᠠᠯᠠᠬᠤ ᠶᠢ ᠤᠨᠴᠠ ᠠᠩᠬᠠᠷᠬᠤ ᠭᠡᠷᠡᠭᠳᠡᠢ᠃ | 3᠂ ᠴᠤᠩᠬᠤ ᠪᠠᠨ ᠨᠡᠭᠡᠭᠡᠭᠦ ᠦᠭᠡᠢ᠃ ᠴᠤᠩᠬᠤ ᠪᠠᠨ ᠨᠡᠭᠡᠭᠡᠵᠤ ᠤᠨᠳᠠᠪᠠᠯ ᠭᠠᠳᠠᠨᠠᠬᠢ ᠳᠠᠭᠤ ᠱᠤᠤᠬᠢᠶᠠᠨ ᠨᠢ | ᠤᠨᠳᠠᠯᠭ᠎ᠠ ᠶᠢᠨ ᠶᠠᠰᠤ ᠴᠢᠨᠠᠷ ᠢ ᠨᠦᠯᠦᠭᠡᠯᠡᠳᠡᠭ᠃ ᠲᠠᠶᠢᠮᠤ ᠠᠴᠠ ᠤᠨᠳᠠᠬᠤ ᠳᠠᠭᠠᠨ ᠴᠤᠩᠬᠤ ᠪᠠᠨ ᠬᠠᠭᠠᠵᠤ | ᠤᠨᠳᠠᠪᠠᠯ ᠬᠠᠮᠤᠭ ᠰᠠᠶᠢᠨ᠃ | 4᠂ ᠤᠷᠤᠢ ᠭᠡᠷ ᠢᠶᠠᠨ ᠪᠢᠳᠡᠭᠡᠢ ᠴᠡᠪᠡᠷᠯᠡ᠃ ᠤᠷᠤᠢ ᠤᠨᠳᠠᠬᠤ ᠠᠴᠠ ᠡᠮᠦᠨ᠎ᠠ ᠭᠡᠷ ᠢᠶᠠᠨ ᠴᠡᠪᠡᠷᠯᠡᠪᠡᠯ᠂ | ᠵᠦᠯᠭᠦᠵᠤ ᠠᠷᠴᠢᠬᠤ ᠳᠤ ᠬᠡᠷᠡᠭᠯᠡᠭᠰᠡᠨ ᠬᠢᠮᠢ ᠶᠢᠨ ᠡᠯᠧᠮᠧᠨ᠋ᠲ ᠠᠭᠤᠯᠤᠭᠰᠠᠨ ᠤᠬᠢᠶᠠᠯᠭ᠎ᠠ ᠶᠢᠨ ᠡᠳ᠋ ᠨᠢ | ᠠᠮᠢᠰᠬᠤᠯ ᠤᠨ ᠵᠠᠮ ᠢᠶᠠᠷ ᠲᠠᠮᠵᠢᠬᠳᠠᠨ ᠤᠷᠤᠳᠠᠭ ᠠᠴᠠ ᠮᠦᠨᠴᠤ ᠤᠨᠳᠠᠯᠭ᠎ᠠ ᠶᠢᠨ ᠶᠠᠰᠤ ᠴᠢᠨᠠᠷ ᠢ ᠨᠦᠯᠦᠭᠡᠯᠡᠳᠡᠭ | ᠪᠠᠶᠢᠨ᠎ᠠ᠃ ᠲᠠᠶᠢᠮᠤ ᠠᠴᠠ ᠭᠡᠷ ᠦᠷᠤᠭᠡ ᠪᠠᠨ ᠴᠡᠪᠡᠷᠯᠡᠭᠦ ᠠᠵᠤ ᠶᠢ ᠦᠷᠯᠦᠭᠡ ᠬᠢᠪᠠᠯ ᠬᠠᠮᠤᠭ ᠰᠠᠶᠢᠨ᠃ | 5᠂ ᠤᠨᠳᠠᠯᠭ᠎ᠠ ᠶᠢᠨ ᠦᠷᠦᠭᠡᠨ ᠳᠡᠭᠡᠨ ᠬᠤᠸᠠᠷ ᠴᠡᠴᠡᠭ ᠲᠠᠯᠪᠢᠵᠤ ᠪᠤᠯᠬᠤ ᠦᠭᠡᠢ᠃ ᠤᠨᠳᠠᠯᠭ᠎ᠠ ᠶᠢᠨ | ᠦᠷᠦᠭᠡᠨ ᠳᠤ ᠬᠤᠸᠠᠷ ᠴᠡᠴᠡᠭ ᠤᠷᠭᠤᠭᠤᠯᠪᠠᠯ ᠵᠠᠷᠢᠮ ᠦᠶ᠎ᠠ ᠳᠤ ᠬᠠᠷᠰᠢᠮᠠᠳᠠᠭᠠᠢ ᠤᠷᠪᠠᠯ ᠡᠬᠦᠰᠳᠡᠭ︔ ᠳᠠᠬᠢᠪᠠᠯ | ᠬᠤᠸᠠᠷ ᠴᠡᠴᠡᠭ ᠨᠢ ᠬᠦᠴᠢᠯᠳᠦ᠋ᠷᠦ᠋ᠭᠴᠢ ᠶᠢ ᠠᠮᠢᠰᠬᠤᠨ ᠬᠦᠮᠦᠨ ᠤ ᠪᠡᠶ᠎ᠠ ᠳᠤ ᠬᠤᠤᠷᠳᠠᠢ ᠨᠡᠭᠦᠷᠡᠰᠦᠳᠦ᠋ᠷᠦᠭᠴᠢ ᠶᠢᠨ | ᠲᠠᠪᠬᠤᠷ ᠢᠰᠦᠯ ᠢᠯᠭᠠᠷᠠᠭᠤᠯᠤᠨ ᠭᠠᠷᠭᠠᠳᠠᠭ᠃ | 6᠂ ᠨᠢᠭᠤᠷ ᠤᠨ ᠵᠠᠰᠠᠯ ᠢᠶᠠᠨ ᠤᠬᠢᠶᠠᠵᠤ ᠴᠡᠪᠡᠷᠯᠡᠭᠦ ᠬᠡᠷᠡᠭᠳᠡᠢ᠃ ᠶᠠᠭᠠᠬᠢᠵᠤ ᠶᠠᠳᠠᠷᠠᠵᠤ ᠲᠦᠢᠯᠳᠠᠭᠰᠡᠨ ᠴᠤ | ᠤᠷᠤᠢ ᠤᠨᠳᠠᠬᠤ ᠠᠴᠠ ᠡᠮᠦᠨ᠎ᠠ ᠨᠢᠭᠤᠷ ᠤᠨ ᠵᠠᠰᠠᠯ ᠢᠶᠠᠨ ᠵᠠᠪᠠᠯ ᠤᠬᠢᠶᠠᠵᠤ ᠴᠡᠪᠡᠷᠯᠡᠭᠦ ᠬᠡᠷᠡᠭᠳᠡᠢ᠂ ᠤᠬᠢᠶᠠᠵᠤ | ᠴᠡᠪᠡᠷᠯᠡᠭᠦ ᠦᠭᠡᠢ ᠪᠤᠯ ᠨᠢᠭᠤᠷ ᠤᠨ ᠠᠷᠠᠰᠤᠨ ᠤ ᠳᠠᠷᠤᠭᠠᠰᠤ ᠶᠢ ᠨᠡᠮᠡᠭᠳᠡᠭᠦᠯᠵᠤ᠂ ᠠᠷᠠᠰᠤ ᠠᠮᠠᠷᠬᠠᠨ ᠬᠦᠭᠰᠢᠷᠡᠵᠤ | ᠠᠳᠤᠷᠢᠶ᠎ᠠ ᠰᠠᠭᠤᠨ᠎ᠠ᠃ | | | | | | | | | | | | ᠁ |