ᠪᠦᠭᠴᠢᠮ ᠬᠠᠯᠠᠭᠤᠨ ᠵᠤᠨ ᠤ ᠡᠳᠦᠷ ᠲᠤ ᠲᠠᠷᠪᠤᠰ ᠪᠤᠯ ᠬᠠᠯᠠᠭᠤᠨ ᠢ ᠲᠠᠶᠢᠯᠵᠤ ᠤᠮᠳᠠ ᠲᠠᠷᠤᠬᠤ ᠬᠠᠮᠤᠭ | ᠰᠠᠶᠢᠨ ᠵᠢᠮᠢᠰ ᠪᠤᠯᠤᠨ᠎ᠠ᠃ ᠬᠦᠮᠦᠰ ᠶᠡᠷᠦ ᠳᠤ ᠪᠠᠨ ᠢᠳᠡᠵᠤ ᠪᠠᠷᠠᠭᠰᠠᠨ ᠦᠭᠡᠢ ᠲᠠᠷᠪᠤᠰ ᠢ ᠰᠢᠨ᠎ᠠ ᠰᠤᠷᠭᠤᠭ ᠢᠶᠠᠷ | ᠬᠠᠳᠠᠭᠠᠯᠠᠬᠤ ᠰᠤᠯᠢᠶᠤᠤ ᠪᠠᠷ ᠪᠤᠭᠤᠭᠠᠳ ᠬᠦᠯᠳᠡᠭᠡᠭᠦᠷ ᠲᠤ ᠲᠠᠯᠪᠢᠬᠤ ᠵᠠᠩᠰᠢᠯ ᠲᠠᠢ ᠪᠠᠶᠢᠳᠠᠭ᠃ ᠬᠦᠯᠳᠡᠭᠡᠭᠦᠷ ᠲᠤ | ᠲᠠᠯᠪᠢᠭᠰᠠᠨ ᠲᠠᠷᠪᠤᠰ ᠠᠮᠳᠠ ᠨᠢ ᠬᠤᠪᠢᠷᠠᠬᠤ ᠮᠦᠷᠳᠡᠭᠡᠨ ᠪᠡᠶ᠎ᠠ ᠶᠢ ᠴᠤ ᠬᠡᠮᠳᠦᠭᠡᠳᠡᠭ᠃ | ᠲᠤᠤᠷ᠎ᠠ ᠲᠠ ᠪᠦᠬᠦᠨ ᠳᠤ ᠬᠦᠯᠳᠡᠭᠡᠬᠦᠷ ᠲᠤ ᠲᠠᠯᠪᠢᠬᠤ ᠦᠭᠡᠢ ᠪᠠᠷ ᠲᠠᠷᠪᠤᠰ ᠢ ᠰᠢᠨ᠎ᠠ ᠰᠤᠷᠭᠤᠭ ᠢᠶᠠᠷ | ᠬᠠᠳᠠᠭᠠᠯᠬᠤ ᠠᠷᠭ᠎ᠠ ᠶᠢ ᠲᠠᠨᠢᠯᠴᠠᠭᠤᠯᠤᠶ᠎ᠠ᠃ ᠢᠳᠡᠵᠤ ᠪᠠᠷᠠᠭᠰᠠᠨ ᠦᠭᠡᠢ ᠲᠠᠷᠪᠤᠰ ᠢ ᠰᠢᠨ᠎ᠠ ᠰᠤᠷᠭᠤᠭ ᠢᠶᠠᠷ | ᠬᠠᠳᠠᠭᠠᠯᠠᠬᠤ ᠤᠭᠤᠳᠠ ᠪᠤᠶᠤ ᠰᠦᠯᠢᠶᠤᠤ ᠤᠭᠤᠳᠠ ᠪᠠᠷ ᠪᠢᠳᠡᠬᠦᠮᠵᠢᠯᠡᠨ ᠪᠤᠭᠤᠳᠠᠯᠯᠠᠭᠠᠳ ᠰᠢᠳᠦᠨ | ᠴᠢᠭᠵᠢᠯᠡᠭᠦᠷ ᠢᠶᠠᠷ ᠠᠷᠪᠢᠨ ᠨᠦᠭᠡ ᠴᠤᠭᠤᠯᠤᠨ᠎ᠠ᠃ ᠲᠠᠷᠠᠭ᠎ᠠ ᠨᠢ ᠭᠠᠳᠤᠷ᠎ᠠ ᠲᠠᠢ ᠬᠦᠢᠳᠡᠨ ᠤᠰᠤᠨ ᠳᠤ ᠲᠠᠯᠪᠢᠪᠠᠯ ︵ | ᠤᠰᠤᠨ ᠲᠦᠪᠰᠢᠨ ᠨᠢ ᠲᠠᠷᠪᠤᠰ ᠤᠨ ᠭᠠᠳᠠᠷᠭᠤ ᠠᠴᠠ ᠲᠠᠪᠠᠵᠤ ᠪᠤᠯᠬᠤ ᠦᠭᠡᠢ︶ ᠬᠤᠶᠠᠷ ᠡᠳᠦᠷ ᠬᠠᠳᠠᠭᠠᠯᠠᠵᠤ | ᠲᠠᠶᠢᠯᠦᠨ᠎ᠠ᠂ ᠡᠨᠡᠬᠦ ᠠᠷᠭ᠎ᠠ ᠨᠢ ᠵᠤᠭᠤᠷᠢ ᠳᠤ ᠶᠠᠭᠤᠮ᠎ᠠ ᠬᠠᠳᠠᠭᠠᠯᠠᠬᠤ ᠶᠤᠰᠤ ᠲᠠᠢ ᠠᠳᠠᠯᠢ ᠶᠤᠮ᠃ | ᠲᠠᠷᠪᠤᠰ ᠢ ᠰᠢᠨ᠎ᠠ ᠰᠤᠷᠭᠤᠭ ᠢᠶᠠᠷ ᠬᠠᠳᠠᠭᠠᠯᠠᠬᠤ ᠤᠭᠤᠳᠠ ᠪᠠᠷ ᠪᠤᠭᠤᠳᠠᠯᠯᠠᠪᠠᠯ ᠪᠠᠺᠲ᠋ᠧᠷᠢ ᠦᠷᠡᠵᠢᠳᠡᠭ ᠤᠤ︖ | ᠰᠦᠯᠵᠢᠶᠡᠨ ᠲᠡᠭᠡᠷ᠎ᠠ ᠲᠠᠷᠪᠤᠰ ᠢ ᠰᠢᠨ᠎ᠠ ᠰᠤᠷᠭᠤᠭ ᠢᠶᠠᠷ ᠬᠠᠳᠠᠭᠠᠯᠠᠬᠤ ᠤᠭᠤᠳᠠ ᠪᠠᠷ ᠪᠤᠭᠤᠳᠠᠯᠯᠠᠪᠠᠯ ᠪᠠᠺᠲ᠋ᠧᠷᠢ | ᠦᠷᠡᠵᠢᠳᠡᠭ ᠭᠡᠬᠦ ᠬᠡᠯᠡᠯᠭᠡ ᠲᠠᠷᠬᠠᠵᠤ ᠪᠠᠶᠢᠳᠠᠭ᠃ ᠡᠨᠡ ᠨᠢ ᠲᠠᠷᠪᠤᠰ ᠢ ᠰᠢᠨ᠎ᠠ ᠰᠤᠷᠭᠤᠭ ᠢᠶᠠᠷ ᠬᠠᠳᠠᠭᠠᠯᠠᠬᠤ | ᠤᠭᠤᠳᠠ ᠪᠠᠷ ᠪᠤᠭᠤᠳᠠᠯᠯᠠᠬᠤ ᠶᠢᠨ ᠡᠮᠤᠨ᠎ᠠ ᠪᠤᠬᠢᠷᠳᠤᠭᠰᠠᠨ ᠪᠠᠶᠢᠬᠤ ᠪᠤᠯᠤᠯᠴᠠᠭ᠎ᠠ ᠲᠠᠢ ᠶᠤᠮ᠃ ᠡᠶᠢᠮᠤ ᠠᠴᠠ | ᠪᠠᠺᠲ᠋ᠧᠷᠢ ᠦᠷᠡᠵᠢᠬᠦ ᠨᠢ ᠰᠢᠨ᠎ᠠ ᠰᠤᠷᠭᠤᠭ ᠢᠶᠠᠷ ᠬᠠᠳᠠᠭᠠᠯᠠᠬᠤ ᠤᠭᠤᠳᠠ ᠶᠢᠨ ᠤᠴᠢᠷ ᠪᠢᠰᠢ ᠶᠤᠮ᠃ | ᠲᠠᠷᠪᠤᠰ ᠢᠳᠡᠬᠦ ᠳᠤ ᠠᠩᠬᠠᠷᠬᠤ ᠵᠦᠢᠯ | ᠨᠢᠭᠡ᠂ ᠲᠠᠷᠪᠤᠰ ᠢ ᠬᠤᠭᠤᠯᠠᠨ ᠤ ᠤᠷᠤᠨ ᠳᠤ ᠢᠳᠡᠵᠤ ᠪᠤᠯᠬᠤ ᠦᠭᠡᠢ᠃ ᠲᠠᠷᠪᠤᠰ ᠤᠨ 94% ᠠᠴᠠ | ᠲᠡᠭᠡᠭᠰᠢ ᠨᠢ ᠪᠦᠷ ᠤᠰᠤ ᠪᠤᠯᠬᠤ ᠪᠦᠭᠡᠳ ᠰᠢᠬᠢᠷ ᠤᠨ ᠬᠡᠮᠵᠢᠶ᠎ᠠ ᠴᠤ ᠮᠠᠰᠢ ᠦᠨᠳᠤᠷ ᠪᠠᠶᠢᠳᠠᠭ᠃ ᠲᠠᠷᠪᠤᠰ ᠤᠨ | ᠰᠢᠬᠢᠷ ᠤᠨ ᠠᠭᠤᠯᠤᠭᠳᠠᠴᠠ ᠨᠢ 5% ᠪᠤᠯᠬᠤᠷ ᠢᠯᠴᠢ ᠶᠢᠨ ᠬᠡᠮᠵᠢᠶ᠎ᠠ ᠴᠤ ᠮᠠᠰᠢ ᠦᠨᠳᠤᠷ᠂ ᠺᠢᠯᠦᠭᠷᠠᠮ ᠪᠦᠷᠢ ᠳᠤ | 250 ᠺᠢᠯᠤᠺᠠᠯᠤᠷᠢ ᠪᠠᠶᠢᠳᠠᠭ᠃ ᠨᠢᠭᠡ 8 ᠵᠢᠩ ᠤᠨ ᠲᠠᠷᠪᠤᠰ ᠢᠳᠡᠪᠡᠯ 1000 ᠠᠴᠠ 1250 ᠺᠢᠯᠤᠺᠠᠯᠤᠷᠢ | ᠢᠯᠴᠢ ᠶᠢ ᠰᠢᠩᠭᠡᠭᠡᠵᠤ ᠠᠪᠤᠭᠰᠠᠨ ᠲᠠᠢ ᠲᠡᠩᠴᠡᠨ᠎ᠠ᠃ ᠨᠢᠭᠡ ᠠᠶᠠᠭ᠎ᠠ ᠲᠤᠳᠤᠷᠭᠠᠨ ᠪᠤᠳᠠᠭᠠᠨ ᠤ ᠢᠯᠴᠢ ᠶᠢᠨ | ᠬᠡᠮᠵᠢᠶ᠎ᠠ ᠨᠢ 200 ᠺᠢᠯᠤᠺᠠᠯᠤᠷᠢ ᠤᠷᠴᠢᠮ ᠪᠠᠶᠢᠳᠠᠭ᠂ ᠡᠶᠢᠮᠤ ᠠᠴᠠ ᠨᠢᠭᠡ ᠲᠠᠷᠪᠤᠰ ᠢᠳᠡᠪᠡᠯ ᠲᠠᠪᠤ ᠵᠢᠷᠭᠤᠭᠠᠨ | ᠠᠶᠠᠭ᠎ᠠ ᠲᠤᠳᠤᠷᠭᠠᠨ ᠪᠤᠳᠠᠭ᠎ᠠ ᠢᠳᠡᠭᠰᠡᠨ ᠲᠠᠢ ᠲᠠᠩᠴᠡᠨᠠ᠃ | ᠬᠤᠶᠠᠷ᠂ ᠲᠠᠷᠪᠤᠰ ᠢ ᠰᠦᠨᠢ ᠶᠢᠨ ᠬᠤᠭᠤᠯᠠ ᠪᠤᠯᠭᠠᠨ ᠢᠳᠡᠵᠤ ᠪᠤᠯᠬᠤ ᠦᠭᠡᠢ᠃ ᠲᠠᠷᠪᠤᠰ ᠤᠨ ᠰᠢᠬᠢᠷ ᠤᠨ | ᠠᠭᠤᠯᠤᠭᠳᠠᠴᠠ ᠶᠡᠭᠡ ᠪᠤᠯᠬᠤᠷ ᠤᠨᠳᠠᠬᠤ ᠶᠢᠨ ᠡᠮᠤᠨ᠎ᠠ ᠭᠡᠳᠦᠷᠭᠡᠢ ᠠᠷᠪᠢᠨ ᠢᠳᠡᠪᠡᠯ ᠦᠭᠡᠬᠦ ᠪᠦᠷᠢᠯᠳᠦᠬᠦ ᠶᠢ | ᠠᠬᠢᠭᠤᠯᠳᠠᠭ︔ ᠬᠦᠮᠦᠨ ᠤ ᠪᠡᠶ᠎ᠠ ᠶᠢᠨ ᠰᠢᠨ᠎ᠠ ᠪᠠᠷ ᠪᠦᠷᠢᠯᠳᠦᠭᠰᠡᠨ ᠦᠭᠡᠬᠦ ᠨᠢ ᠤᠯᠠᠩᠬᠢ ᠳᠤ ᠪᠠᠨ ᠬᠡᠪᠡᠯᠢ ᠶᠢᠨ | ᠭᠡᠰᠡᠭ ᠲᠤ ᠬᠠᠳᠠᠭᠠᠯᠠᠭᠳᠠᠳᠠᠭ᠂ ᠮᠦᠨ ᠴᠤ ᠰᠦᠨᠢ ᠬᠦᠳᠡᠯᠭᠡᠭᠡᠨ ᠪᠠᠭᠠᠳᠠᠢ ᠲᠤᠯᠠ ᠦᠭᠡᠬᠦ ᠨᠢ ᠬᠤᠷᠤᠭᠳᠠᠬᠤ ᠦᠭᠡᠢ | ᠪᠠᠶᠢᠭᠰᠠᠭᠠᠷ ᠡᠳᠦᠷ ᠤᠳᠠᠭᠠᠨ ᠳᠤ ᠪᠠᠨ ᠠᠮᠠᠷᠬᠠᠨ ᠮᠠᠷᠢᠶᠠᠯᠠᠴᠢᠬᠠᠳᠠᠭ᠃ | | | | | | | | | | | | ᠁ |