ᠰᠢᠨᠬᠤᠸᠠ ᠬᠤᠷᠢᠶᠠᠨ ᠤ ᠸᠠᠰᠢᠩᠲ᠋ᠤᠨ ᠤ 1 ᠰᠠᠷ᠎ᠠ ᠶᠢᠨ 30 ᠤ ᠡᠳᠤᠷ ᠤᠨ ᠮᠡᠳᠡᠭᠡ ᠠᠮᠧᠷᠢᠺᠠ ᠶᠢᠨ | ᠪᠯᠤᠤᠮᠪᠧᠺ ᠰᠤᠨᠢᠨ ᠮᠡᠳᠡᠭᠡᠨ ᠤ ᠬᠤᠷᠢᠶ᠎ᠠ ᠶᠢᠨ 30 ᠤ ᠡᠳᠤᠷ ᠮᠡᠳᠡᠭᠡᠯᠡᠭᠰᠡᠨ ᠢᠶᠠᠷ᠂ ᠠᠮᠧᠷᠢᠺᠠ ᠶᠢᠨ ᠬᠠᠤᠯᠢ ᠪᠠᠷᠢᠬᠤ | ᠶᠠᠮᠤᠨ ᠪᠤᠯᠤᠨ ᠦᠨᠡᠳᠤ ᠲᠡᠮᠳᠡᠭᠳᠤ ᠠᠷᠠᠯᠵᠢᠶᠠᠯᠠᠬᠤ ᠺᠤᠮᠢᠰ ᠵᠢᠩᠬᠢᠨᠢ ᠪᠠᠷ iPhone ᠺᠤᠮᠫᠠᠨᠢ ᠶᠢᠨ ᠮᠡᠳᠡᠷᠡᠭᠰᠡᠨ | ᠵᠦᠭᠡᠯᠡᠨ ᠬᠡᠷᠡᠭᠰᠡᠯ ᠤᠨ ᠰᠢᠨᠡᠴᠢᠯᠠᠯᠳᠠ ᠨᠢ ᠬᠠᠭᠤᠴᠢᠨ ᠵᠠᠬᠪᠤᠷ ᠤᠨ iPhone ᠭᠠᠷ ᠤᠳᠠᠰᠤ ᠶᠢ ᠤᠳᠠᠭᠠᠨ | ᠪᠤᠯᠭᠠᠭᠰᠠᠨ ᠶᠠᠪᠤᠳᠠᠯ ᠨᠢ ᠦᠨᠡᠳᠤ ᠲᠡᠮᠳᠡᠭᠳᠤ ᠶᠢᠨ ᠬᠠᠤᠯᠢ ᠶᠢ ᠵᠦᠷᠢᠴᠡᠭᠰᠡᠨ ᠡᠰᠡᠬᠦ ᠲᠤᠬᠠᠢ ᠪᠠᠶᠢᠴᠠᠭᠠᠯᠳᠠ | ᠦᠷᠨᠢᠬᠦᠯᠪᠠ᠃ ᠮᠡᠳᠡᠭᠡᠯᠡᠭᠰᠡᠨ ᠢᠶᠠᠷ᠂ ᠲᠤᠳᠤᠭᠠᠳᠤ ᠤᠴᠢᠷ ᠢ ᠮᠡᠳᠡᠭᠴᠢ ᠶᠢᠨ ᠬᠡᠯᠡᠬᠦ ᠪᠠᠷ᠂ ᠪᠠᠶᠢᠴᠠᠭᠠᠯᠳᠠ ᠬᠠᠷᠠᠬᠠᠨ | ᠡᠬᠢᠨ ᠤ ᠬᠤᠭᠤᠴᠠᠭᠠᠨ ᠳᠤ ᠪᠠᠶᠢᠬᠤ ᠪᠤᠯᠬᠤᠷ ᠡᠴᠤᠰ ᠲᠡᠭᠡᠨ iPhone ᠺᠤᠮᠫᠠᠨᠢ ᠳᠤ ᠬᠠᠤᠯᠢ ᠬᠡᠷᠡᠭᠵᠢᠬᠦᠯᠬᠦ | ᠠᠷᠭ᠎ᠠ ᠭᠡᠮᠵᠢᠶ᠎ᠡ ᠠᠪᠬᠤ ᠡᠰᠡᠬᠦ ᠶᠢ ᠮᠡᠳᠡᠬᠦ ᠶᠢᠨ ᠠᠷᠭ᠎ᠠ ᠦᠭᠡᠢ ᠪᠠᠶᠢᠨ᠎ᠠ ᠭᠡᠵᠡᠢ᠃ ᠨᠢᠳᠤᠨᠤᠨ ᠤ 12 | ᠰᠠᠷ᠎ᠠ ᠳᠤiPhone ᠺᠤᠮᠫᠠᠨᠢ ᠵᠦᠭᠡᠯᠡᠨ ᠬᠡᠷᠡᠭᠰᠡᠯ ᠢ ᠰᠢᠨᠡᠴᠢᠯᠡᠪᠡᠯ ᠬᠠᠭᠤᠴᠢᠨ ᠵᠠᠭᠪᠣᠷ ᠤᠨ iPhone ᠭᠠᠷ | ᠤᠳᠠᠰᠤ ᠶᠢᠨ ᠠᠵᠢᠯᠯᠠᠬᠤ ᠬᠤᠷᠳᠤᠴᠠ ᠶᠢ ᠤᠳᠠᠭᠠᠰᠢᠷᠠᠭᠤᠯᠤᠨ᠎ᠠ ᠭᠡᠳᠡᠭ ᠢ ᠮᠡᠳᠡᠷᠡᠭᠰᠡᠨ ᠪᠤᠯᠪᠠᠴᠤ ᠢᠩᠬᠢᠵᠤ ᠬᠢᠵᠤ | ᠪᠠᠶᠢᠭ᠎ᠠ ᠨᠢ ᠭᠠᠷ ᠤᠳᠠᠰᠤᠨ ᠤ ᠳ᠋ᠢᠶᠠᠨ ᠤᠤᠢ ᠶᠢᠨ ᠬᠡᠷᠡᠭᠯᠡᠬᠦ ᠬᠤᠭᠤᠴᠠᠭ᠎ᠠ ᠶᠢ ᠤᠷᠳᠤᠳᠬᠠᠬᠤ ᠶᠢᠨ ᠲᠦᠯᠤᠭᠡ ᠶᠤᠮ | ᠭᠡᠵᠤ ᠢᠯᠡᠷᠭᠡᠶᠢᠯᠡᠵᠠᠢ᠂ ᠭᠡᠪᠡᠴᠤ iPhone ᠺᠤᠮᠫᠠᠨᠢ ᠵᠦᠭᠡᠯᠡᠨ ᠬᠡᠷᠡᠭᠰᠡᠯ ᠤᠨ ᠰᠢᠨᠡᠴᠢᠯᠡᠬᠦ ᠴᠠᠭ ᠢ ᠨᠡᠶᠢᠳᠡᠯᠡᠬᠦ | ᠦᠶ᠎ᠠ ᠳᠤ ᠬᠡᠷᠡᠭᠯᠡᠭᠴᠢᠳ ᠲᠤ ᠡᠨᠡ ᠲᠤᠬᠠᠢ ᠲᠤᠳᠤᠷᠬᠠᠶᠢᠯᠠᠭᠰᠠᠨ ᠦᠭᠡᠢ ᠬᠡᠳᠡᠭ ᠢᠶᠠᠨ ᠮᠡᠳᠡᠷᠡᠵᠠᠢ᠃ 1 ᠰᠠᠷ᠎ᠠ ᠶᠢᠨ | 10 ᠤ ᠡᠳᠤᠷ᠂ ᠠᠮᠧᠷᠢᠺᠠ ᠶᠢᠨ ᠲᠡᠭᠡᠳᠤ ᠵᠦᠪᠯᠡᠯᠭᠡᠨ ᠤ ᠬᠤᠳᠠᠯᠳᠤᠭ᠎ᠠ᠂ ᠰᠢᠨᠵᠢᠯᠡᠬᠦ ᠤᠬᠠᠭᠠᠨ ᠪᠠ ᠵᠠᠮ | ᠬᠠᠷᠢᠯᠴᠠᠭᠠᠨ ᠤ ᠺᠤᠮᠢᠰ ᠤᠨ ᠲᠡᠷᠢᠬᠦᠯᠡᠭᠴᠢ ᠶᠤᠬᠠᠨ ᠲᠦᠨ iPhone ᠺᠤᠮᠫᠠᠨᠢ ᠶᠢᠨ ᠲᠦᠷᠤᠬᠦᠤ ᠬᠥᠢᠴᠡᠳᠭᠡᠬᠦ | ᠲᠤᠰᠢᠶᠠᠯᠳᠠᠨ ᠲᠢᠮ ᠺᠦᠺ ᠲᠤ ᠵᠠᠬᠢᠳᠠᠯ ᠶᠠᠪᠤᠭᠤᠯᠵᠤ᠂ ᠬᠡᠷᠡᠭᠯᠡᠭᠴᠢᠳ ᠲᠤ ᠰᠢᠨᠡᠴᠢᠯᠡᠬᠦ ᠶᠢ ᠲᠡᠪᠴᠢᠬᠦ ᠵᠠᠪᠰᠢᠶᠠᠨ | ᠤᠯᠭᠤᠬᠤ ᠡᠰᠡᠬᠦ ᠶᠢ ᠪᠠᠭᠳᠠᠭᠠᠭᠰᠠᠨ ᠲᠤᠰ ᠬᠡᠷᠡᠭ ᠤᠨ ᠲᠤᠬᠠᠢ ᠲᠠᠶᠢᠯᠪᠤᠷᠢᠯᠠᠯᠳᠠ ᠬᠢᠬᠦ ᠶᠢ ᠱᠠᠭᠠᠷᠳᠠᠵᠠᠢ᠃ | iPhone ᠺᠤᠮᠫᠠᠨᠢ ᠬᠠᠭᠤᠴᠢᠨ ᠭᠠᠷ ᠤᠳᠠᠰᠤ ᠶᠢᠨ ᠬᠤᠷᠳᠤᠴᠠ ᠶᠢ ᠤᠳᠠᠭᠠᠰᠢᠷᠠᠭᠤᠯᠤᠨ᠎ᠠ ᠬᠡᠳᠡᠭ ᠢ | ᠮᠡᠳᠡᠷᠡᠭᠰᠡᠨ ᠤ ᠲᠠᠷᠠᠭ᠎ᠠ᠂ ᠡᠨᠡ ᠵᠢᠯ ᠤᠨ ᠬᠠᠪᠤᠷ ᠤᠨ ᠡᠴᠤᠰ ᠢᠶᠠᠷ ᠰᠢᠨ᠎ᠠ ᠵᠦᠭᠡᠯᠡᠨ ᠬᠡᠷᠡᠭᠰᠡᠯ ᠤᠨ ᠰᠢᠨᠡᠴᠢᠯᠠᠯᠳᠠ ᠶᠢ | ᠨᠡᠶᠢᠳᠡᠯᠡᠵᠤ᠂ ᠭᠠᠷ ᠤᠳᠠᠰᠤ ᠬᠡᠷᠡᠭᠯᠡᠭᠴᠢ ᠶᠢᠨ ᠬᠤᠷᠳᠤᠴᠠ ᠪᠠᠭᠤᠷᠠᠭᠤᠯᠬᠤ ᠴᠢᠳᠠᠮᠵᠢ ᠶᠢ ᠬᠠᠭᠠᠬᠤ ᠶᠢᠨ ᠬᠠᠮᠳᠤ | ᠳ᠋ᠢᠶᠠᠨ ᠣᠣᠢ ᠶᠢᠨ ᠡᠷᠡᠬᠦᠯ ᠴᠢᠬᠢᠷᠠᠭ ᠤᠨ ᠪᠠᠶᠢᠳᠠᠯ ᠢ ᠬᠢᠨᠠᠨ ᠡᠵᠡᠮᠳᠡᠬᠦ ᠶᠢ ᠵᠦᠪᠰᠢᠶᠡᠷᠡᠨ᠎ᠡ ᠭᠡᠵᠤ ᠢᠯᠡᠷᠭᠡᠶᠢᠯᠡᠵᠠᠢ᠃ | ᠬᠡᠪᠡᠴᠤ ᠲᠤᠰ ᠭᠠᠷᠠᠭ ᠲᠤ ᠰᠦᠯᠵᠢᠶᠡᠨ ᠤ ᠵᠠᠭᠤᠴᠢᠯᠠᠭᠤᠷ Axios ᠶᠢᠨ ᠬᠡᠯᠡᠭᠰᠡᠨ ᠢᠶᠠᠷ᠂ ᠰᠢᠨᠡᠴᠢᠯᠡᠬᠦ ᠶᠢ | ᠬᠤᠶᠢᠰᠢᠯᠠᠭᠤᠯᠤᠭᠰᠠᠨ ᠨᠢ ᠨᠠᠶᠢᠳᠠᠪᠤᠷᠢᠳᠤ ᠴᠢᠨᠠᠷ ᠤᠨ ᠠᠰᠠᠭᠤᠳᠠᠯ ᠠᠴᠠ ᠪᠤᠯᠤᠭᠰᠠᠨ ᠪᠠᠶᠢᠵᠤ ᠮᠡᠳᠡᠨ᠎ᠠ ᠭᠡᠵᠡᠢ᠃ | ᠨᠦᠬᠦᠪᠤᠷᠢᠯᠡᠬᠦ ᠵᠤᠷᠢᠯᠭ᠎ᠠ ᠪᠠᠷ iPhone ᠺᠤᠮᠫᠠᠨᠢ ᠪᠠᠰᠠ 29 ᠳ᠋ᠤᠯᠯᠠᠷ ᠤᠨ ᠪᠠᠭᠤᠷᠠᠭᠤᠯᠤᠭᠰᠠᠨ ᠦᠨ᠎ᠠ ᠪᠠᠷ | ᠳ᠋ᠢᠶᠠᠨ ᠤᠤᠢ ᠶᠢ ᠰᠤᠯᠢᠵᠤ ᠦᠭᠬᠦᠨ᠎ᠠ ᠭᠡᠵᠤ ᠠᠮᠠᠯᠠᠭᠰᠠᠨ ᠪᠤᠯᠪᠠᠴᠤ ᠬᠡᠰᠡᠭ ᠭᠠᠵᠠᠷ ᠤᠨ ᠬᠥᠮᠤᠷᠭᠡ ᠶᠢᠨ | ᠬᠠᠳᠠᠭᠠᠯᠠᠯᠳᠠ ᠬᠥᠷᠤᠯᠴᠡᠬᠦ ᠦᠭᠡᠢ ᠠᠴᠠ ᠪᠤᠯᠵᠤ ᠬᠤᠭᠤᠴᠠᠭ᠎ᠠ ᠶᠤᠰᠤᠭᠠᠷ ᠪᠠᠷᠠᠭ᠎ᠠ ᠬᠠᠩᠭᠠᠵᠤ ᠲᠠᠶᠢᠯᠬᠦ ᠦᠭᠡᠢ | ᠪᠤᠯᠤᠭᠰᠠᠨ ᠤ ᠤᠯᠠᠮ ᠠᠴᠠ ᠬᠡᠷᠡᠭᠯᠡᠭᠴᠢᠳ ᠢ ᠲᠠᠬᠢᠨᠳᠠ ᠲᠤᠷ᠎ᠠ ᠦᠭᠡᠶᠢᠴᠡᠬᠦᠯᠵᠠᠢ᠃ ᠤᠯᠠᠨ ᠡᠳᠤᠷ ᠤᠨ ᠲᠤᠷᠰᠢ᠂ | iPhone ᠺᠤᠮᠫᠠᠨᠢ ᠶᠢᠨ ᠰᠲ᠋ᠤᠺ ᠤᠨ ᠦᠨ᠎ᠠ ᠨᠢ ᠰᠢᠨ᠎ᠠ ᠵᠠᠬᠪᠤᠷ ᠤᠨ iPhoneX ᠭᠠᠷ ᠤᠳᠠᠰᠤᠨ ᠤ | ᠪᠤᠷᠤᠯᠠᠭᠤᠯᠭ᠎ᠠ ᠠᠨᠠᠢ ᠠᠴᠠ ᠪᠤᠯᠵᠤ ᠲᠠᠷᠤᠯᠳᠠ ᠲᠠᠢ ᠪᠤᠯᠵᠤ ᠪᠠᠶᠢᠨ᠎ᠠ᠃ 30 ᠤ ᠡᠳᠤᠷ ᠦᠨ᠎ᠠ ᠬᠤᠷᠢᠶᠠᠬᠤ | ᠦᠶ᠎ᠠ ᠳᠤ iPhone ᠺᠤᠮᠫᠠᠨᠢ ᠶᠢᠨ ᠰᠲ᠋ᠤᠺ ᠤᠨ ᠦᠨ᠎ᠠ 0.59% ᠪᠠᠭᠤᠷᠠᠵᠠᠢ᠃ | ᠬᠠᠷᠢᠭᠤᠴᠠᠭᠰᠠᠨ ᠨᠠᠶᠢᠷᠠᠭᠤᠯᠤᠭᠴᠢ᠄ ᠰᠣᠪᠤᠳ | |