ᠠᠩᠭ᠍ᠯᠢ ᠶᠢᠨ ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠰᠢᠨ᠎ᠡ ᠪᠠᠶᠢᠴᠠᠭᠠᠯᠳᠠ ᠶᠢ ᠦᠨᠳᠤᠰᠦᠯᠡᠪᠡᠯ᠂ | ᠲᠠᠮᠠᠬᠢ ᠲᠠᠳᠠᠬᠤ ᠨᠢ ᠡᠷᠡᠬᠦᠯ ᠮᠡᠨᠳᠤ ᠶᠢ ᠨᠦᠯᠦᠬᠡᠯᠡᠨ᠎ᠡ ᠬᠡᠳᠡᠭ ᠢ ᠮᠡᠳᠡᠬᠦ ᠠᠴᠠ ᠪᠢᠰᠢ ᠠᠩᠭ᠍ᠯᠢ ᠶᠢᠨ ᠤᠯᠠᠨ ᠢᠷᠭᠡᠳ | ᠲᠠᠮᠠᠬᠢ ᠲᠠᠳᠠᠬᠤ ᠨᠢ ᠬᠠᠷᠠᠭ᠎ᠠ ᠶᠢ ᠬᠡᠮᠳᠤᠬᠡᠬᠦ ᠶᠢ ᠮᠡᠳᠡᠬᠦ ᠦᠭᠡᠢ ᠪᠠᠶᠢᠳᠠᠭ᠃ ᠬᠠᠷᠠᠭ᠎ᠠ ᠰᠢᠯᠭᠠᠭᠴᠢ ᠶᠢᠨ | ᠨᠡᠶᠢᠬᠡᠮᠯᠢᠭ ᠤᠨ ᠬᠢᠨ ᠲᠠᠮᠠᠬᠢ ᠲᠠᠳᠠᠬᠤ ᠨᠢ ᠢᠷᠬᠡᠳ ᠤᠨ ᠬᠠᠷᠠᠭ᠎ᠠ ᠶᠢ ᠬᠡᠮᠳᠤᠬᠡᠬᠦ ᠪᠦᠬᠡᠳ ᠰᠤᠬᠤᠷᠠᠭᠤᠯᠬᠤ | ᠪᠤᠯᠤᠮᠵᠢ ᠲᠠᠢ ᠬᠡᠵᠤ ᠰᠠᠨᠠᠭᠤᠯᠪᠠ᠃ | ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠬᠢᠨ ᠠᠩᠭ᠍ᠯᠢ ᠶᠢᠨ ᠨᠠᠰᠤᠨ ᠳᠤ ᠬᠦᠷᠦᠭᠰᠡᠨ 2006 ᠬᠦᠮᠦᠨ ᠳᠤ | ᠬᠢᠭᠰᠡᠨ ᠪᠠᠶᠢᠴᠠᠭᠠᠯᠳᠠ ᠶᠢ ᠦᠨᠳᠤᠰᠦᠯᠡᠪᠡᠯ᠂ ᠵᠦᠪᠬᠡᠨ 18% ᠤᠨ ᠡᠩ ᠤᠨ ᠢᠷᠬᠡᠳ ᠲᠠᠮᠠᠬᠢ ᠲᠠᠳᠠᠬᠤ ᠨᠢ | ᠬᠠᠷᠠᠭ᠎ᠠ ᠶᠢ ᠬᠠᠷᠰᠢᠯᠠᠬᠤ ᠪᠤᠶᠤ ᠰᠤᠬᠤᠷᠠᠬᠤ ᠲᠠᠢ ᠬᠤᠯᠪᠤᠭ᠎ᠠ ᠲᠠᠢ ᠬᠡᠳᠡᠭ ᠢ ᠮᠡᠳᠡᠨ᠎ᠡ᠂ ᠬᠠᠷᠢᠨ ᠲᠠᠮᠠᠬᠢ | ᠲᠠᠳᠠᠬᠤ ᠨᠢ ᠦᠮᠠᠨ ᠲᠠᠢ ᠬᠤᠯᠪᠤᠭ᠎ᠠ ᠲᠠᠢ ᠶᠢ 76% ᠤᠨ ᠬᠦᠮᠦᠨ ᠮᠡᠳᠡᠳᠡᠭ᠂ ᠲᠠᠮᠠᠬᠢ ᠲᠠᠳᠠᠬᠤ ᠨᠢ ᠮᠦᠬᠡᠷᠡᠰᠦᠨ | ᠬᠤᠭᠤᠯᠠᠢ ᠪᠤᠯᠤᠨ ᠵᠢᠷᠦᠬᠡᠨ ᠤ ᠡᠪᠡᠳᠴᠢᠨ ᠤ ᠠᠶᠤᠯ ᠢ ᠲᠡᠭᠡᠭᠰᠢᠯᠡᠬᠦᠯᠬᠦ ᠶᠢ ᠮᠡᠳᠡᠳᠡᠭ ᠬᠦᠮᠦᠨ ᠲᠤᠰ ᠲᠤᠰ 64% | ᠪᠤᠯᠤᠨ 66% ᠢ ᠡᠵᠡᠯᠡᠵᠤ ᠪᠤᠢ᠃ | ᠲᠤᠰᠬᠠᠢ ᠮᠡᠷᠬᠡᠵᠢᠯᠳᠡ ᠤ ᠶᠠᠷᠢᠬᠤ ᠪᠠᠷ᠂ ᠲᠠᠮᠠᠬᠢ ᠲᠠᠳᠠᠬᠤ ᠬᠦᠮᠦᠰ ᠢ ᠲᠠᠮᠠᠬᠢ ᠲᠠᠳᠠᠬᠤ ᠦᠭᠡᠢ ᠬᠦᠮᠦᠰ ᠲᠠᠢ | ᠬᠠᠷᠢᠴᠠᠭᠤᠯᠪᠠᠯ᠂ ᠨᠠᠰᠤ ᠲᠠᠢ ᠬᠤᠯᠪᠤᠭ᠎ᠠ ᠲᠠᠢ ᠬᠠᠷᠠᠭᠠᠨ ᠤ ᠰᠢᠷ᠎ᠠ ᠲᠤᠯᠪᠤ ᠶᠢᠨ ᠡᠪᠡᠳᠴᠢᠨ ᠳᠤ ᠨᠡᠷᠪᠡᠭᠳᠡᠬᠦ | ᠨᠤᠷᠮ᠎ᠠ ᠨᠢ 3 ᠲᠠᠬᠢᠨ ᠦᠨᠳᠤᠷ᠂ ᠴᠡᠩᠬᠡᠷ ᠬᠠᠷᠠᠩ ᠪᠤᠯᠤᠨ ᠴᠠᠭᠠᠨ ᠬᠠᠷᠠᠩ ᠤᠨ ᠡᠪᠡᠳᠴᠢᠨ ᠳᠤ ᠨᠡᠷᠪᠡᠭᠳᠡᠬᠦ | ᠨᠤᠷᠮ᠎ᠠ ᠨᠢ 1 ᠲᠠᠬᠢᠨ ᠦᠨᠳᠤᠷ᠃ ᠡᠬᠦᠨ ᠳᠤ ᠰᠢᠷ᠎ᠠ ᠲᠤᠯᠪᠤ ᠶᠢᠨ ᠡᠪᠡᠳᠴᠢᠨ ᠨᠢ ᠠᠩᠭ᠍ᠯᠢ ᠶᠢᠨ ᠢᠷᠬᠡᠳ ᠤᠨ | ᠬᠠᠷᠠᠭ᠎ᠠ ᠶᠢ ᠪᠠᠭᠤᠷᠠᠭᠤᠯᠵᠤ ᠪᠠᠶᠢᠭ᠎ᠠ ᠴᠢᠬᠤᠯᠠ ᠰᠢᠯᠳᠠᠭᠠᠨ ᠪᠤᠯᠤᠨ᠎ᠠ ᠬᠡᠪᠡ᠃ | ᠪᠠᠶᠢᠴᠠᠭᠠᠯᠳᠠ ᠶᠢ ᠦᠨᠳᠤᠰᠦᠯᠡᠪᠡᠯ᠂ ᠤᠷᠳᠤ ᠬᠤᠭᠤᠴᠠᠭ᠎ᠠ ᠲᠠᠮᠠᠬᠢ ᠲᠠᠳᠠᠬᠰᠠᠳ ᠲᠠᠮᠠᠬᠢ ᠠᠴᠠ | ᠲᠠᠳᠠᠭᠠᠯᠵᠠᠬᠤ ᠨᠢ ᠬᠠᠷᠠᠭ᠎ᠠ ᠶᠢ ᠰᠠᠶᠢᠵᠢᠷᠠᠭᠤᠯᠤᠨ᠎ᠠ ᠬᠡᠰᠡᠨ ᠢ ᠠᠩᠭ᠍ᠯᠢ ᠶᠢᠨ ᠵᠦᠪᠬᠡᠨ ᠲᠦᠷᠪᠡᠨ ᠤ ᠨᠢᠬᠡ ᠬᠤᠪᠢ ᠶᠢᠨ | ᠬᠦᠮᠦᠨ ᠮᠡᠳᠡᠳᠡᠭ᠃ | ᠬᠠᠷᠠᠭ᠎ᠠ ᠰᠢᠯᠭᠠᠭᠴᠢ ᠶᠢᠨ ᠨᠡᠶᠢᠬᠡᠮᠯᠢᠭ ᠤᠨ ᠬᠢᠨ᠂ ᠲᠠᠮᠠᠬᠢ ᠠᠴᠠ ᠲᠠᠳᠠᠭᠠᠯᠵᠠᠬᠤ ᠨᠢ ᠬᠠᠷᠠᠭ᠎ᠠ ᠪᠠᠨ | ᠬᠠᠮᠠᠭᠠᠯᠠᠬᠤ ᠡᠷᠡᠬᠦᠯ ᠮᠡᠨᠳᠤ ᠶᠢᠨ ᠴᠢᠬᠤᠯᠠ ᠡᠯᠧᠮᠧᠨ᠋ᠲ ᠤᠨ ᠨᠢᠬᠡ᠂ ᠡᠶᠢᠮᠦ ᠠᠴᠠ ᠬᠡᠵᠢᠶ᠎ᠠ ᠲᠠᠮᠠᠬᠢ ᠠᠴᠠ | ᠲᠠᠳᠠᠭᠠᠯᠵᠠᠪᠠᠴᠤ ᠤᠷᠦ᠋ᠢᠳᠠᠬᠤ ᠦᠭᠡᠢ ᠬᠡᠵᠡᠢ᠃ | ᠨᠠᠶᠢᠷᠠᠭᠤᠯᠤᠭᠴᠢ᠄ ᠭᠡᠭᠡᠨᠳᠤᠶᠠᠭ᠎ᠠ | | | | | | | | | | | | | ᠁ |