ᠺᠤᠹᠧ ᠤᠤᠭᠤᠪᠠᠯ ᠴᠢᠰᠤᠨ ᠰᠢᠬᠢᠷ ᠢ ᠬᠢᠵᠠᠭᠠᠷᠯᠠᠵᠤ ᠮᠠᠷᠢᠶ᠎ᠠ ᠰᠢᠭᠤᠷᠠᠭᠤᠯᠬᠤ ᠳᠤ ᠠᠰᠢᠬᠳᠠᠢ
ᠨᠡᠶᠢᠲᠡᠯᠡᠭᠰᠡᠨ ᠴᠠᠭ᠄
2020/12/18
    ᠠᠮᠧᠷᠢᠺᠠ ᠶᠢᠨ ᠡᠳᠦᠷ ᠪᠦᠷᠢ ᠶᠢᠨ ᠰᠢᠨᠵᠢᠯᠡᠬᠦ ᠤᠬᠠᠭᠠᠨ ᠤ ᠰᠦᠯᠵᠢᠶᠡᠨ ᠲᠡᠭᠡᠷ᠎ᠠ ᠮᠡᠳᠡᠭᠡᠯᠡᠭᠰᠡᠨ ᠨᠢ᠂ ᠨᠢᠭᠡ ᠴᠤᠮᠤ ᠺᠤᠹᠧ ᠤᠤᠭᠤᠪᠠᠯ ᠲᠠᠷᠤᠢ ᠬᠦᠮᠦᠨ ᠤ ᠪᠡᠶ᠎ᠠ ᠶᠢᠨ ᠬᠦᠷᠡᠩ ᠦᠡᠭᠭᠡ ᠶᠢᠨ ᠦᠭᠡᠬᠦᠨ ᠳᠤ ᠰᠡᠳᠦᠯᠳᠡ ᠦᠭᠴᠤ᠂ ᠬᠦᠮᠦᠨ ᠤ ᠪᠡ᠊ ᠡᠶ᠎ᠡ ᠨᠢ ᠨᠡᠩ ᠠᠷᠪᠢᠨ ᠺᠠᠯᠤᠷᠢ ᠶᠢ ᠰᠢᠳᠠᠭᠠᠬᠤ ᠶᠢᠨ ᠤᠯᠠᠮ ᠠᠴᠠ ᠮᠠᠷᠢᠶ᠎ᠠ ᠰᠢᠭᠤᠷᠠᠭᠤᠯᠬᠤ ᠵᠤᠷᠢᠯᠭ᠎ᠠ ᠳᠤ ᠬᠦᠷᠴᠤ ᠲᠡᠶᠢᠯᠬᠦ ᠶᠢ ᠰᠢᠨᠵᠢᠯᠡᠬᠦ ᠤᠬᠠᠭᠠᠨᠳᠠᠳ ᠢᠯᠡᠷᠡᠭᠦᠯᠦᠭᠰᠡᠨ ᠪᠠᠶᠢᠨ᠎ᠠ᠃     ᠬᠦᠷᠡᠩ ᠦᠡᠭᠭᠡ ᠶᠢᠨ ᠦᠭᠡᠬᠦ ᠪᠤᠯ ᠬᠦᠮᠦᠨ ᠲᠦᠷᠦᠯᠬᠢᠳᠡᠨ ᠪᠤᠯᠤᠨ ᠪᠤᠰᠤᠳ ᠬᠦᠬᠦᠳᠡᠨ ᠤ ᠪᠡᠶ᠎ᠠ ᠲᠤᠳᠤᠷ᠎ᠠ ᠠᠴᠠ ᠢᠯᠡᠷᠡᠬᠦᠯᠦᠭᠰᠡᠨ ᠬᠤᠶᠠᠷ ᠵᠦᠢᠯ ᠤᠨ ᠦᠭᠡᠬᠦᠨ ᠤ ᠨᠢᠭᠡ ᠨᠢ ᠪᠤᠯᠤᠨ᠎ᠠ᠃ ᠰᠢᠨᠵᠢᠯᠡᠬᠦ ᠤᠬᠠᠭᠠᠨᠳᠠᠨ ᠡᠬᠢᠨ ᠳᠡᠭᠡᠨ ᠵᠦᠪᠭᠡᠨ ᠨᠢᠯᠬ᠎ᠠ ᠬᠡᠤᠭᠡᠳ ᠪᠤᠯᠤᠨ ᠢᠴᠡᠭᠡᠯᠡᠬᠦ ᠬᠦᠬᠦᠳᠡᠨ ᠤ ᠪᠡᠶ᠎ᠠ ᠳᠤ ᠰᠠᠶ᠋ᠢ ᠬᠦᠷᠡᠩ ᠦᠡᠭᠭᠡ ᠶᠢᠨ ᠦᠭᠡᠬᠦ ᠪᠠᠶᠢᠨ᠎ᠠ ᠭᠡᠵᠤ ᠦᠵᠡᠵᠤ ᠪᠠᠶᠢᠪᠠ᠂ ᠭᠡᠪᠡᠴᠤ ᠤᠢᠢᠷ᠎ᠠ ᠶᠢᠨ ᠭᠡᠳᠦᠨ ᠵᠢᠯ ᠳᠤ ᠲᠡᠳᠡ ᠨᠠᠰᠤᠨ ᠳᠤ ᠬᠦᠷᠦᠭᠰᠡᠳ ᠤᠨ ᠪᠡᠶ᠎ᠠ ᠳᠤ ᠪᠠᠰᠠ ᠬᠦᠷᠡᠩ ᠦᠡᠭᠭᠡ ᠶᠢᠨ ᠦᠭᠡᠬᠦ ᠪᠠᠶᠢᠬᠤ ᠶᠢ ᠢᠯᠡᠷᠡᠬᠦᠯᠵᠤ᠂ ᠲᠡᠬᠦᠨ ᠤ ᠭᠤᠤᠯ ᠦᠢᠯᠡᠳᠦᠯ ᠨᠢ ᠺᠠᠯᠤᠷᠢ ᠶᠢ ᠰᠢᠳᠠᠭᠠᠬᠤ ᠪᠠᠷ ᠲᠠᠮᠵᠢᠨ ᠢᠯᠴᠢ ᠡᠬᠦᠰᠭᠡᠬᠦ ᠶᠢ ᠤᠯᠵᠤ ᠮᠡᠳᠡᠭᠰᠡᠨ ᠪᠠᠶᠢᠨ᠎ᠠ᠃     ᠬᠠᠮᠤᠬ ᠰᠢᠨ᠎ᠠ ᠰᠤᠳᠤᠯᠭᠠᠨ ᠤ ᠬᠠᠷᠢᠭᠤᠴᠠᠯᠭᠠᠳᠠᠨ ᠨᠤᠲ᠋ᠢᠩᠬᠠᠮ ᠶᠡᠭᠡ ᠰᠤᠷᠭᠠᠭᠤᠯᠢ ᠶᠢᠨ ᠡᠮᠨᠡᠯᠭᠡ ᠶᠢᠨ ᠲᠡᠭᠡᠳᠦ ᠰᠤᠷᠭᠠᠭᠤᠯᠢ ᠶᠢᠨ ᠮᠢᠱᠧᠯ • ᠰᠠᠶᠢᠮᠧᠨ᠋ᠽ ᠫᠷᠤᠹᠧᠰᠰᠤᠷ ᠲᠠᠶᠢᠯᠪᠤᠷᠢᠯᠠᠵᠤ ᠭᠡᠯᠡᠭᠰᠡᠨ ᠨᠢ᠄ ︽ᠭᠦᠷᠡᠩ ᠦᠡᠭᠭᠡ ᠶᠢᠨ ᠦᠭᠡᠬᠦᠨ ᠤ ᠪᠡᠶ᠎ᠠ ᠶᠢᠨ ᠪᠤᠰᠤᠳ ᠦᠭᠡᠬᠦ ᠲᠠᠢ ᠠᠵᠢᠯᠯᠠᠬᠤ ᠶᠤᠰᠤ ᠨᠢ ᠠᠳᠠᠯᠢ ᠦᠭᠡᠢ ᠪᠠᠶᠢᠳᠠᠬ᠂ ᠬᠠᠬᠢᠷ ᠬᠦᠢᠳᠡᠨ ᠢ ᠠᠷᠭᠠᠴᠠᠬᠤ ᠶᠢᠨ ᠲᠦᠯᠦᠭᠡ ᠲᠡᠷᠡ ᠨᠢ ᠰᠢᠬᠢᠷ ᠪᠤᠯᠤᠨ ᠦᠭᠡᠬᠦ ᠶᠢ ᠰᠢᠳᠠᠭᠠᠬᠤ ᠪᠠᠷ ᠲᠠᠮᠵᠢᠨ ᠢᠯᠴᠢ ᠡᠬᠦᠰᠭᠡᠳᠡᠭ᠂ ᠲᠡᠬᠦᠨ ᠤ ᠢᠳᠡᠪᠬᠢ ᠴᠢᠨᠠᠷ ᠢ ᠨᠡᠮᠡᠭᠳᠡᠬᠦᠯᠪᠡᠯ ᠲᠠᠷᠤᠢ ᠴᠢᠰᠤᠨ ᠰᠢᠬᠢᠷ ᠢ ᠬᠢᠵᠠᠭᠠᠷᠯᠠᠬᠤ ᠦᠷ᠎ᠠ ᠳ᠋ᠦᠡᠭ ᠢ ᠨᠦᠯᠦᠭᠡᠯᠡᠨ᠂ ᠴᠢᠰᠤᠨ ᠤ ᠦᠭᠡᠬᠦᠨ ᠤ ᠲᠦᠪᠰᠢᠨ ᠢ ᠰᠠᠶᠢᠵᠢᠷᠠᠭᠤᠯᠬᠤ ᠮᠦᠷᠳᠡᠭᠡᠨ ᠺᠠᠯᠤᠷᠢ ᠶᠢᠨ ᠬᠤᠷᠤᠬᠳᠠᠯ ᠢ ᠨᠡᠮᠡᠭᠳᠡᠬᠦᠯᠵᠤ ᠮᠠᠷᠢᠶ᠎ᠠ ᠰᠢᠭᠤᠷᠠᠭᠤᠯᠬᠤ ᠳᠤ ᠠᠰᠢᠬᠳᠠᠢ ᠪᠤᠯᠤᠨ᠎ᠠ ᠭᠡᠪᠡ᠃ ᠭᠡᠪᠡᠴᠤ ᠤᠳᠤ ᠬᠦᠷᠳᠡᠯ᠎ᠠ ᠬᠦᠮᠦᠨ ᠤ ᠪᠡᠶ᠎ᠠ ᠶᠢᠨ ᠬᠦᠷᠡᠩ ᠦᠡᠭᠭᠡ ᠶᠢᠨ ᠦᠭᠡᠬᠦᠨ ᠤ ᠢᠳᠡᠪᠬᠢ ᠴᠢᠨᠠᠷ ᠢ ᠰᠡᠳᠦᠬᠦ ᠠᠷᠭ᠎ᠠ ᠶᠢ ᠬᠠᠷᠠᠬᠠᠨ ᠤᠯᠤᠭᠠᠳᠤᠢ ᠪᠠᠶᠢᠬᠰᠠᠭᠠᠷ︾ ᠭᠡᠵᠡᠢ᠃     ᠡᠬᠦᠨ ᠤ ᠲᠦᠯᠦᠭᠡ᠂ ᠰᠤᠳᠤᠯᠬᠤ ᠲᠤᠭᠤᠢᠢᠯᠠᠩ ᠠᠴᠠ ᠶᠠᠭᠤᠨ ᠤ ᠤᠷᠢᠳ ᠨᠢᠭᠡ ᠤᠯᠠᠨ ᠭᠤᠤᠯ ᠡᠰ ᠤᠨ ᠰᠤᠳᠤᠯᠭ᠎ᠠ ᠬᠢᠵᠤ᠂ ᠺᠤᠹᠧ ᠶᠢᠨ ᠬᠦᠷᠡᠩ ᠦᠡᠭᠭᠡ ᠶᠢᠨ ᠦᠭᠡᠬᠦᠨ ᠳᠤ ᠰᠡᠳᠦᠯᠳᠡ ᠦᠭᠬᠦ ᠡᠰᠡᠬᠦ ᠶᠢ ᠨᠤᠳᠠᠯᠠᠭᠠᠳ᠂ ᠤᠨᠤᠪᠴᠢᠳᠠᠢ ᠬᠡᠮᠵᠢᠶ᠎ᠠ ᠶᠢ ᠡᠷᠢᠵᠤ ᠤᠯᠤᠬᠰᠠᠨ ᠮᠦᠷᠳᠡᠭᠡᠨ ᠬᠦᠮᠦᠨ ᠤ ᠪᠡᠶ᠎ᠠ ᠳᠤ ᠲᠤᠷᠰᠢᠯᠳᠠ ᠬᠢᠭᠰᠡᠨ ᠪᠠᠶᠢᠨ᠎ᠠ᠃ ᠢᠯᠴᠢ ᠲᠦᠷᠰᠦ ᠪᠦᠳᠦᠭᠡᠬᠦ ᠮᠡᠷᠭᠡᠵᠢᠯ ᠨᠢ ᠲᠡᠳᠡᠨ ᠢ ᠬᠠᠪᠰᠤᠷᠴᠤ ᠬᠦᠷᠡᠩ ᠦᠡᠭᠭᠡ ᠶᠢᠨ ᠦᠭᠡᠬᠦ ᠶᠢ ᠡᠷᠢᠵᠤ ᠤᠯᠤᠬᠰᠠᠨ ᠮᠦᠷᠳᠡᠭᠡᠨ ᠲᠡᠬᠦᠨ ᠤ ᠢᠯᠴᠢ ᠡᠬᠦᠰᠭᠡᠬᠦ ᠴᠢᠳᠠᠪᠤᠷᠢ ᠳᠤ ᠦᠨᠡᠯᠡᠯᠳᠡ ᠬᠢᠭᠰᠡᠨ ᠪᠠᠶᠢᠨ᠎ᠠ᠃     ᠰᠠᠶᠢᠮᠧᠨ᠋ᠽ ᠭᠡᠯᠡᠭᠰᠡᠨ ᠨᠢ᠄ ︽ᠦᠡᠭᠭᠡᠷᠡᠭᠰᠡᠨ ᠤ ᠰᠤᠳᠤᠯᠭ᠎ᠠ ᠨᠢ ᠪᠢᠳᠡᠨ ᠳᠤ ᠬᠦᠷᠡᠩ ᠦᠡᠭᠭᠡ ᠶᠢᠨ ᠦᠭᠡᠬᠦ ᠨᠢ ᠭᠤᠤᠯᠳᠠᠭᠤ ᠬᠦᠵᠦᠬᠦᠨ ᠭᠡᠰᠡᠭ ᠲᠤ ᠪᠠᠶᠢᠨ᠎ᠠ ᠭᠡᠵᠤ ᠭᠡᠯᠡᠵᠤ ᠦᠭᠪᠡ᠂ ᠡᠶᠢᠮᠦ ᠠᠴᠠ ᠪᠢᠳᠡ ᠺᠤᠹᠧ ᠤᠤᠭᠤᠬᠰᠠᠨ ᠤ ᠰᠡᠬᠦᠯᠡᠷᠬᠢ ᠬᠦᠵᠦᠬᠦᠨ ᠭᠡᠰᠡᠭ ᠲᠠᠬᠢ ᠬᠦᠷᠡᠩ ᠦᠡᠭᠭᠡ ᠶᠢᠨ ᠦᠭᠡᠬᠦ ᠶᠢᠨ ᠬᠠᠯᠠᠬᠰᠠᠨ ᠡᠰᠡᠬᠦ ᠳᠤ ᠭᠡᠮᠵᠢᠯᠳᠡ ᠬᠢᠪᠡ᠂ ᠦᠷ᠎ᠠ ᠳ᠋ᠦᠡᠭ ᠨᠢ ᠠᠷᠭ᠎ᠠ ᠴᠢᠨᠠᠷᠳᠠᠢ ᠪᠠᠶᠢᠪᠠ᠃ ᠤᠳᠤ ᠪᠢᠳᠡ ᠺᠤᠹᠧᠶ᠋ᠢᠨ ᠤ ᠪᠤᠰᠤᠳ ᠶᠠᠮᠠᠷ ᠨᠢᠭᠡᠨ ᠪᠦᠷᠢᠯᠳᠦᠬᠦᠨ ᠨᠢ ᠬᠦᠷᠡᠩ ᠦᠡᠭᠭᠡ ᠶᠢᠨ ᠦᠭᠡᠬᠦ ᠶᠢ ᠬᠠᠪᠰᠤᠷᠤᠨ ᠢᠳᠡᠪᠬᠢᠵᠢᠬᠦᠯᠵᠤ ᠴᠢᠳᠠᠬᠤ ᠡᠰᠡᠬᠦ ᠶᠢ ᠲᠤᠳᠤᠷᠬᠠᠢᠢᠯᠠᠬᠤ ᠴᠢᠬᠤᠯᠠᠳᠠᠢ᠃ ᠡᠬᠦᠨ ᠤ ᠬᠠᠮᠳᠤ ᠪᠠᠰᠠ ᠺᠤᠹᠧᠶ᠋ᠢᠨ ᠤ ᠨᠦᠬᠦᠪᠦᠷᠢᠯᠡᠬᠦ ᠡᠳ᠋ ᠢ ᠰᠤᠳᠤᠯᠵᠤ᠂ ᠲᠡᠬᠦᠨ ᠳᠤ ᠠᠳᠠᠯᠢᠪᠳᠤᠷ ᠦᠷ᠎ᠠ ᠳ᠋ᠦᠡᠭ ᠪᠠᠶᠢᠬᠤ ᠡᠰᠡᠬᠦ ᠶᠢ ᠨᠤᠳᠠᠯᠠᠨ᠎ᠠ︾ ᠭᠡᠪᠡ᠃     ᠰᠤᠳᠤᠯᠭᠠᠳᠠᠨ ᠪᠠᠰᠠ ᠭᠡᠯᠡᠭᠰᠡᠨ ᠨᠢ᠂ ᠲᠡᠳᠡ ᠬᠦᠷᠡᠩ ᠦᠡᠭᠭᠡ ᠶᠢᠨ ᠦᠭᠡᠬᠦ ᠶᠢ ᠢᠳᠡᠪᠬᠢᠵᠢᠬᠦᠯᠬᠦ ᠪᠦᠷᠢᠯᠳᠦᠬᠦᠨ ᠢ ᠡᠷᠢᠵᠤ ᠤᠯᠬᠤ ᠳᠤ ᠬᠦᠷᠪᠡᠯ ᠲᠡᠬᠦᠨ ᠢ ᠪᠡᠶ᠎ᠠ ᠶᠢᠨ ᠬᠦᠨᠳᠦ ᠶᠢᠨ ᠬᠠᠮᠢᠶᠠᠷᠤᠯᠳᠠ ᠳᠤ ᠭᠡᠷᠡᠭᠯᠡᠬᠦ ᠪᠤᠶᠤ ᠡᠰᠡᠬᠦᠯ᠎ᠠ ᠦᠵᠦᠮ ᠤᠨ ᠰᠢᠬᠢᠷ ᠢ ᠲᠤᠬᠢᠷᠠᠭᠤᠯᠬᠤ ᠲᠦᠯᠦᠪᠯᠡᠭᠡ ᠶᠢᠨ ᠨᠢᠭᠡ ᠭᠡᠰᠡᠭ ᠪᠤᠯᠭᠠᠵᠤ᠂ ᠰᠢᠬᠢᠷ ᠰᠢᠵᠢᠩ ᠡᠪᠡᠳᠴᠢᠨ ᠢ ᠬᠠᠪᠰᠤᠷᠤᠨ ᠰᠡᠷᠭᠡᠶᠢᠯᠡᠨ᠎ᠠ ᠭᠡᠪᠡ᠃     ᠰᠠᠶᠢᠮᠧᠨ᠋ᠽ ᠭᠡᠯᠡᠭᠰᠡᠨ ᠨᠢ᠄ ︽ᠡᠨᠡᠬᠦ ᠰᠤᠳᠤᠯᠭ᠎ᠠ ᠨᠢ ᠨᠢᠭᠡ ᠴᠤᠮᠤ ᠺᠤᠹᠧ ᠨᠢ ᠲᠠᠷᠤᠢ ᠬᠦᠮᠦᠨ ᠤ ᠪᠡᠶ᠎ᠠ ᠶᠢᠨ ᠬᠦᠷᠡᠩ ᠦᠡᠭᠭᠡ ᠶᠢᠨ ᠦᠭᠡᠬᠦᠨ ᠤ ᠴᠢᠳᠠᠪᠤᠷᠢ ᠶᠢ ᠰᠢᠭᠤᠳ ᠨᠦᠯᠦᠭᠡᠯᠡᠨ᠎ᠠ ᠭᠡᠰᠡᠨ ᠢ ᠠᠩᠬ᠎ᠠ ᠤᠳᠠᠭ᠎ᠠ ᠭᠡᠷᠡᠴᠢᠯᠡᠭᠰᠡᠨ ᠰᠤᠳᠤᠯᠭ᠎ᠠ ᠪᠤᠯᠤᠨ᠎ᠠ᠃ ᠡᠶᠢᠮᠦ ᠠᠴᠠ ᠰᠤᠳᠤᠯᠭᠠᠨ ᠤ ᠦᠷ ᠎ᠠ ᠳ᠋ᠦᠡᠭ ᠨᠢ ᠴᠢᠬᠤᠯᠠ ᠶᠡᠭᠡ ᠠᠴᠢ ᠬᠤᠯᠪᠤᠬᠳᠠᠯ ᠲᠠᠢ ᠶᠤᠮ᠂ ᠤᠴᠢᠷ ᠨᠢ ᠮᠠᠷᠢᠶ ᠎ᠠ ᠨᠢ ᠨᠡᠶᠢᠭᠡᠮ ᠤᠨ ᠡᠷᠡᠭᠦᠯ ᠮᠡᠨᠳᠦ ᠶᠢᠨ ᠭᠤᠤᠯ ᠠᠰᠠᠭᠤᠳᠠᠯ ᠪᠤᠯᠵᠤ᠂ ᠰᠢᠬᠢᠷ ᠰᠢᠵᠢᠩ ᠡᠪᠡᠳᠴᠢᠳᠡᠨ ᠴᠤ ᠶᠠᠪᠤᠬᠤ ᠲᠤᠳᠤᠮ ᠠᠷᠪᠢᠳᠴᠤ ᠪᠤᠢ᠂ ᠬᠦᠷᠡᠩ ᠦᠡᠭᠭᠡ ᠶᠢᠨ ᠦᠭᠡᠬᠦ ᠨᠢ ᠡᠳᠡᠭᠡᠷ ᠡᠪᠡᠳᠴᠢᠨ ᠢ ᠵᠠᠰᠠᠬᠤ ᠲᠠᠯ᠎ᠠ ᠪᠠᠷ ᠮᠠᠰᠢ ᠰᠠᠶᠢᠨ ᠦᠢᠯᠡᠳᠦᠯ ᠦᠵᠡᠬᠦᠯᠬᠦ ᠪᠤᠯᠤᠮᠵᠢ ᠲᠠᠢ︾ ᠭᠡᠪᠡ᠃                                           ᠨᠠᠶᠢᠷᠠᠭᠤᠯᠤᠭᠴᠢ᠄ ᠭᠡᠭᠡᠨᠳᠤᠶᠠᠭ᠎ᠠ        
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号