ᠣᠯᠠᠨ ᠤ ᠮᠡᠳᠡᠭᠡᠵᠢ ᠪᠠᠷ᠂ ᠸᠢᠲ᠋ᠠᠮᠢᠨ D ᠨᠢ ᠠᠷᠠᠭ ᠶᠠᠰᠤᠨ ᠤ ᠴᠢᠭᠢᠷᠠᠬᠵᠢᠬᠤ ᠳᠤ ᠠᠰᠢᠭᠲᠠᠢ᠃ ᠭᠡᠲᠡᠯ᠎ᠡ | ᠠᠮᠧᠷᠢᠺᠠ ᠶᠢᠨ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠰᠠᠨᠲ᠋ᠢᠶᠠᠭᠣ᠋ ᠬᠤᠪᠢᠶᠠᠷᠢ ᠰᠤᠷᠭᠠᠭᠤᠯᠢ ᠶᠢᠨ ᠰᠢᠨᠡᠬᠡᠨ | ᠰᠤᠳᠤᠯᠭᠠᠨ ᠠᠴᠠ ᠵᠣᠬᠢᠬᠤ ᠬᠡᠮᠵᠢᠶᠡᠨ ᠤ ᠸᠢᠲ᠋ᠠᠮᠢᠨ D ᠨᠥᠬᠦᠪᠦᠷᠢᠯᠡᠬᠦ ᠨᠢ ᠪᠠᠰᠠ ᠰᠢᠯᠤᠭᠤᠨ ᠬᠡᠳᠡᠰᠦᠨ ᠤ ᠦᠮᠡᠨ ᠢ | ᠰᠡᠷᠭᠡᠶᠢᠯᠡᠬᠦ ᠳᠤ ᠠᠰᠢᠭᠲᠠᠢ ᠭᠡᠵᠦ ᠳ᠋ᠦᠩᠨᠡᠭᠰᠡᠨ ᠪᠠᠶᠢᠨ᠎ᠠ᠃ ᠰᠣᠳᠣᠯᠭᠠᠴᠢᠳ ᠠᠳᠠᠯᠢ ᠪᠤᠰᠤ ᠭᠠᠵᠠᠷ ᠤᠷᠤᠨ ᠪᠠ | ᠣᠯᠣᠰ ᠤᠨ ᠰᠠᠭᠤᠭᠠᠯᠢ ᠠᠷᠠᠳ ᠤᠨ ᠴᠢᠰᠦ ᠬᠢᠭᠡᠳ ᠡᠷᠡᠭᠦᠯ ᠮᠡᠨᠳᠦ ᠶᠢᠨ ᠪᠠᠶᠢᠳᠠᠯ ᠢ ᠬᠠᠷᠢᠴᠠᠭᠤᠯᠤᠭᠠᠳ᠂ | ᠴᠢᠰᠤᠨ ᠳᠠᠬᠢ ᠸᠢᠲ᠋ᠠᠮᠢᠨ D ᠶᠢᠨ ᠠᠭᠤᠯᠤᠭᠳᠠᠴᠠ ᠦᠨᠳᠦᠷ ᠬᠦᠮᠦᠰ ᠤᠨ ᠰᠢᠯᠤᠭᠤᠨ ᠬᠡᠳᠡᠰᠦᠨ ᠤ ᠦᠮᠡᠨ ᠳᠤ | ᠨᠡᠷᠪᠡᠭᠳᠡᠬᠦ ᠪᠣᠯᠣᠮᠵᠢ ᠨᠢ ᠪᠠᠭ᠎ᠠ᠂ ᠡᠰᠡᠷᠭᠦ ᠪᠠᠷ ᠠᠭᠤᠯᠤᠭᠳᠠᠴᠠ ᠪᠠᠭ᠎ᠠ ᠬᠦᠮᠦᠰ ᠤᠨ ᠦᠮᠡᠨ ᠳᠤ ᠨᠡᠷᠪᠡᠭᠳᠡᠬᠦ | ᠪᠣᠯᠣᠮᠵᠢ ᠨᠢ ᠨᠡᠩ ᠶᠡᠭᠡ ᠭᠡᠵᠦ ᠢᠯᠡᠷᠡᠭᠦᠯᠪᠡ᠃ | ᠸᠢᠲ᠋ᠠᠮᠢᠨ D ᠨᠢ 200 ᠭᠠᠷᠤᠢ ᠭᠧᠨ ᠤ ᠢᠯᠡᠷᠬᠡᠶᠢᠯᠡᠯᠲᠡ ᠶᠢ ᠨᠥᠯᠦᠭᠡᠯᠡᠵᠦ ᠪᠠᠶᠢᠨ᠎ᠠ᠃ ᠬᠡᠳᠡᠰᠦ᠂ | ᠬᠤᠳᠤᠭᠤᠳᠤ᠂ ᠲᠠᠷᠢᠬᠢ᠂ ᠵᠢᠷᠦᠬᠡ᠂ ᠠᠷᠠᠰᠤᠨ ᠳᠤ ᠴᠥᠮ ᠲᠡᠭᠦᠨ ᠤ ᠬᠦᠯᠢᠶᠡᠭᠴᠢ ᠪᠡᠶ᠎ᠡ ᠪᠠᠶᠢᠵᠤ᠂ ᠪᠥᠬᠦ | ᠪᠡᠶ᠎ᠠ ᠶᠢᠨ ᠡᠷᠡᠭᠦᠯ ᠮᠡᠨᠳᠦ ᠶᠢ ᠨᠥᠯᠦᠭᠡᠯᠡᠵᠦ ᠪᠠᠶᠢᠳᠠᠭ᠃ | ᠠᠮᠢᠳᠤᠷᠠᠯ ᠳᠤᠮᠳᠠ ᠸᠢᠲ᠋ᠠᠮᠢᠨ D ᠲᠤᠳᠠᠭᠲᠠᠵᠤ ᠪᠠᠶᠢᠭ᠎ᠠ ᠬᠦᠮᠦᠨ ᠵᠦᠩᠳᠡᠭᠡᠨ ᠪᠣᠢ᠂ ᠡᠭᠦᠨ ᠤ | ᠰᠢᠯᠳᠠᠭᠠᠨ ᠨᠢ᠄ | 1᠂ ᠭᠦᠷᠢᠨ ᠤ ᠭᠠᠳᠠᠨᠠᠬᠢ ᠲᠤᠶᠠᠭ᠎ᠠ ᠨᠢ ᠠᠷᠠᠰᠤᠨ ᠳᠤᠲᠤᠷᠠᠬᠢ ᠭᠤᠨᠠᠨ ᠠᠯᠺᠤᠤᠯ ᠤᠨ ᠲᠥᠷᠥᠯ ᠤᠨ | ᠪᠤᠳᠠᠰ ᠢ ᠸᠢᠲ᠋ᠠᠮᠢᠨ D ᠪᠣᠯᠭᠠᠨ ᠬᠤᠪᠢᠷᠠᠭᠤᠯᠵᠤ᠂ ᠬᠠᠷᠢᠨ ᠬᠠᠷ᠎ᠠ ᠥᠩᠭᠡᠲᠦ ᠡᠳ᠋ ᠤᠨ ᠪᠡᠶ᠎ᠡ ᠨᠢ ᠬᠦᠷᠢᠨ ᠤ | ᠭᠠᠳᠠᠨᠠᠬᠢ ᠲᠤᠶᠠᠭᠠᠨ ᠤ ᠰᠢᠩᠭᠡᠭᠡᠯᠳᠡ ᠶᠢ ᠬᠤᠷᠢᠭᠯᠠᠵᠤ᠂ ᠰᠢᠷᠬᠠᠳᠠᠬᠤ ᠠᠴᠠ ᠵᠠᠶᠢᠯᠠᠰᠬᠢᠳᠠᠭ᠃ ᠶᠠᠭ ᠡᠶᠢᠮᠦᠷᠬᠦ | ᠬᠠᠮᠠᠭᠠᠯᠠᠯᠲᠠ ᠨᠢ ᠸᠢᠲ᠋ᠠᠮᠢᠨ D ᠲᠤᠲᠠᠭᠳᠠᠬᠤ ᠶᠢᠨ ᠰᠢᠯᠲᠠᠭᠠᠨ ᠪᠤᠯᠤᠭᠰᠠᠨ ᠪᠠᠶᠢᠨ᠎ᠠ᠃ | 2᠂ ᠴᠢᠰᠤᠨ ᠳᠤᠲᠤᠷᠠᠬᠢ ᠸᠢᠲ᠋ᠠᠮᠢᠨ D ᠰᠠᠶ᠋ᠢ ᠢᠳᠡᠪᠭᠢ ᠴᠢᠨᠠᠷ ᠲᠠᠢ᠂ ᠭᠡᠪᠡᠴᠦ ᠶᠡᠬᠡᠩᠬᠢ ᠸᠢᠲ᠋ᠠᠮᠢᠨ D ᠨᠢ | ᠥᠭᠡᠭᠦᠨ ᠳᠤᠲᠤᠷ᠎ᠠ ᠬᠠᠳᠠᠭᠠᠯᠠᠭᠳᠠᠨ᠂ ᠰᠢᠩᠭᠡᠭᠡᠨ ᠠᠪᠴᠢᠬᠠᠪᠠᠯ ᠲᠠᠬᠢᠨ ᠢᠯᠭᠠᠷᠠᠭᠤᠯᠬᠤ ᠳᠤ ᠪᠡᠷᠬᠡ ᠪᠣᠯᠴᠢᠬᠠᠳᠠᠭ᠃ | ᠡᠶᠢᠮᠦ ᠠᠴᠠ ᠪᠡᠶ᠎ᠡ ᠶᠢᠨ ᠥᠭᠡᠬᠦ ᠶᠡᠬᠡᠲᠡᠢ ᠬᠦᠮᠦᠨ ᠤ ᠴᠢᠰᠦᠨ ᠳᠠᠬᠢ ᠸᠢᠲ᠋ᠠᠮᠢᠨ D ᠨᠢ ᠡᠷᠡᠭᠦᠯ ᠪᠤᠰᠤ ᠪᠠᠶᠢᠳᠠᠯ ᠲᠠᠢ | ᠪᠠᠶᠢᠳᠠᠭ᠃ | ᠪᠡᠶ᠎ᠡ ᠳᠤᠲᠤᠷᠠᠬᠢ ᠸᠢᠲ᠋ᠠᠮᠢᠨ D ᠪᠠᠨ ᠶᠠᠰᠦ ᠴᠢᠬᠢᠷᠡᠬᠵᠢᠬᠤ᠂ ᠦᠮᠡᠨ ᠰᠡᠷᠭᠡᠶᠢᠯᠡᠬᠦ ᠬᠡᠷᠡᠭᠴᠡᠬᠡᠨ ᠳᠤ ᠬᠠᠩᠭᠠᠶ᠎ᠠ | ᠬᠡᠪᠡᠯ᠂ ᠳᠠᠷᠠᠭᠠᠬᠢ ᠮᠡᠲᠦ ᠬᠡᠳᠦᠨ ᠰᠠᠨᠠᠭᠤᠯᠭ᠎ᠠ ᠪᠣᠢ᠄ | 1᠂ ᠨᠠᠷᠠᠨ ᠳᠤ ᠡᠭᠡᠭᠡᠬᠦ ᠪᠣᠯ ᠬᠠᠮᠤᠭ ᠤᠨ ᠳᠥᠬᠦᠮ᠂ ᠬᠠᠮᠤᠭ ᠤᠨ ᠠᠮᠤᠷ ᠲᠥᠪᠰᠢᠨ ᠨᠥᠬᠦᠪᠦᠷᠢᠯᠡᠬᠦ ᠬᠡᠯᠪᠡᠷᠢ | ᠪᠣᠯᠣᠨ᠎ᠠ᠃ ᠣᠳᠠᠭ᠎ᠠ ᠪᠦᠷᠢ 15 ᠮᠢᠨᠦ᠋ᠲ᠂ ᠭᠠᠷᠠᠭ ᠲᠤ 3 ᠤᠳᠠᠭ᠎ᠠ ᠡᠬᠡᠭᠡᠬᠦ ᠨᠢ ᠶᠡᠬᠡᠩᠬᠢ ᠬᠦᠮᠦᠨ ᠤ | ᠱᠠᠭᠠᠷᠳᠠᠯᠭ᠎ᠠ ᠶᠢ ᠬᠠᠩᠭᠠᠵᠤ ᠴᠢᠳᠠᠨ᠎ᠠ᠃ | 2᠂ ᠬᠡᠰᠡᠭ ᠢᠳᠡᠭᠡᠨ ᠤ ᠳᠤᠲᠤᠷ᠎ᠠ ᠸᠢᠲ᠋ᠠᠮᠢᠨ D ᠠᠭᠤᠯᠵᠤ ᠪᠠᠶᠢᠳᠠᠭ᠃ ᠵᠢᠱᠢᠶᠡᠯᠡᠪᠡᠯ ᠰᠠᠷᠳᠢᠨ ᠵᠢᠭᠠᠰᠤ᠂ | ᠰᠠᠷᠢᠶ᠎ᠠ ᠵᠢᠭᠠᠰᠤ ᠭᠡᠬᠦ ᠮᠡᠲᠦ ᠁ ᠤᠷᠭᠤᠮᠠᠯ ᠤᠨ ᠴᠢᠨᠠᠷᠲᠠᠢ ᠢᠳᠡᠭᠡᠨ ᠳᠤ ᠪᠠᠷᠤᠭ ᠪᠠᠶᠢᠳᠠᠭ ᠦᠭᠡᠢ᠃ | 3᠂ ᠬᠡᠷᠪᠡ ᠨᠠᠷᠠᠨ ᠳᠤ ᠡᠬᠡᠭᠡᠬᠦ ᠬᠢᠭᠡᠳ ᠢᠳᠡᠭᠡᠨ ᠤ ᠬᠡᠷᠭᠴᠡᠭᠡ ᠶᠢ ᠬᠠᠩᠭᠠᠵᠤ ᠴᠢᠳᠠᠬᠤ ᠦᠭᠡᠢ ᠪᠣᠯ᠂ | ᠲᠤᠬᠢᠷᠠᠮᠵᠢᠲᠠᠢ ᠢᠳᠡᠭᠡᠨ ᠤ ᠨᠥᠬᠦᠪᠦᠷᠢ ᠡᠳ᠋ ᠢ ᠬᠡᠷᠡᠭᠯᠡᠬᠦ ᠬᠡᠷᠡᠭᠲᠡᠢ᠃ ᠠᠮᠧᠷᠢᠺᠠ ᠶᠢᠨ ᠳᠤᠲᠤᠭᠠᠳᠤ ᠱᠦᠭᠦᠷᠡᠯ ᠤᠨ | ᠨᠡᠶᠢᠭᠡᠮᠯᠢᠭ ᠤᠨ ᠬᠢᠨ ᠪᠤᠷᠤᠪᠲᠤᠷ ᠠᠷᠠᠰᠤ ᠲᠠᠢ᠂ ᠮᠠᠷᠢᠶᠠᠯᠢᠭ᠂ ᠨᠠᠷᠠᠨ ᠤ ᠲᠤᠰᠤᠯᠲᠠ ᠶᠢᠨ ᠬᠡᠮᠵᠢᠶ᠎ᠡ ᠳᠤᠤᠷ᠎ᠠ ᠭᠠᠵᠠᠷ | ᠠᠮᠢᠳᠤᠷᠠᠬᠤ ᠵᠡᠷᠭᠡ ᠨᠥᠬᠦᠴᠡᠯ ᠪᠦᠬᠦᠢ ᠬᠦᠮᠦᠰ ᠸᠢᠲ᠋ᠠᠮᠢᠨ D ᠲᠤᠳᠠᠭᠳᠠᠬᠤ ᠠᠶᠤᠯ ᠶᠡᠬᠡᠲᠡᠢ ᠪᠠᠶᠢᠵᠤ᠂ ᠢᠳᠡᠭᠡᠨ ᠤ | ᠨᠥᠬᠦᠪᠦᠷᠢ ᠡᠳ᠋ ᠢᠶᠠᠷ ᠲᠠᠮᠵᠢᠭᠤᠯᠤᠨ ᠴᠢᠰᠦᠨ ᠳᠠᠬᠢ ᠸᠢᠲ᠋ᠠᠮᠢᠨ D ᠶᠢᠨ ᠬᠢᠷᠢ ᠬᠡᠮᠵᠢᠶ᠎ᠡ ᠪᠠᠨ ᠳᠡᠭᠡᠭᠰᠢᠯᠡᠬᠦᠯᠬᠦ ᠨᠢ | ᠬᠠᠮᠤᠭ ᠤᠨ ᠰᠠᠶᠢᠨ ᠠᠷᠭ᠎ᠠ ᠶᠣᠮ ᠭᠡᠵᠦ ᠵᠢᠭᠠᠵᠤ ᠭᠠᠷᠭᠠᠪᠠ᠃ | ᠪᠣᠢ ᠪᠥᠬᠦᠢ ᠥᠭᠡᠭᠦᠯᠢᠭ ᠠᠭᠤᠰᠤᠮᠠᠯ ᠴᠢᠨᠠᠷᠲᠠᠢ ᠸᠢᠲ᠋ᠠᠮᠢᠨ ᠲᠠᠢ ᠠᠳᠠᠯᠢᠬᠠᠨ ᠢᠶᠠᠷ᠂ ᠸᠢᠲ᠋ᠠᠮᠢᠨ D ᠴᠦ ᠪᠠᠰᠠ | ︽ᠴᠥᠭᠡᠨ ᠨᠥᠬᠦᠪᠡᠯ ᠲᠤᠳᠠᠨ᠎ᠠ᠂ ᠣᠯᠠᠨ ᠨᠥᠬᠦᠪᠡᠯ ᠬᠤᠤᠷᠳᠠᠨᠠ︾ ᠭᠡᠰᠡᠨ ᠭᠠᠴᠢᠭᠳᠠᠯᠲᠠᠢ ᠪᠠᠶᠢᠳᠠᠯ ᠳᠤ | ᠣᠷᠣᠰᠢᠳᠠᠭ ᠣᠴᠢᠷ ᠠᠴᠠ ᠨᠥᠬᠦᠪᠦᠷᠢ ᠡᠳ᠋ ᠢ ᠢᠳᠡᠬᠦ ᠠᠴᠠ ᠡᠮᠦᠨ᠎ᠡ ᠡᠮᠴᠢ ᠪᠣᠶᠣ ᠡᠮ ᠨᠠᠶᠢᠷᠠᠭᠴᠢ ᠠᠴᠠ ᠯᠠᠪᠯᠠᠨ | ᠠᠰᠠᠭᠤᠪᠠᠯ ᠨᠡᠩ ᠵᠦᠭᠡᠷ ᠪᠠᠶᠢᠳᠠᠭ᠃ | ᠨᠠᠶᠢᠷᠠᠭᠤᠯᠤᠭᠴᠢ᠄ ᠭᠡᠭᠡᠨᠳᠤᠶᠠᠭ᠎ᠠ | | | | | | | | | | | | | |