ᠤᠯᠠᠷᠢᠯ ᠰᠤᠯᠢᠭᠳᠠᠬᠤ ᠦᠶ᠎ᠡ ᠳᠤ ᠬᠠᠭᠤᠴᠢᠨ ᠡᠪᠡᠳᠴᠢᠨ ᠬᠦᠳᠡᠯᠬᠦ ᠠᠴᠠ ᠰᠡᠷᠭᠡᠶᠢᠯᠡᠭᠡᠷᠡᠢ
ᠨᠡᠶᠢᠲᠡᠯᠡᠭᠰᠡᠨ ᠴᠠᠭ᠄
2020/12/18
    ᠤᠳᠠᠭᠠᠨ ᠴᠢᠨᠠᠷᠳᠠᠢ ᠮᠦᠭᠡᠷᠰᠦᠨ ᠬᠤᠭᠤᠯᠠᠢ ᠶᠢᠨ ᠦᠷᠪᠢᠰᠦᠯ᠂ ᠠᠭᠰᠠᠭ᠎ᠠ᠂ ᠭᠡᠷᠦᠬᠦ ᠴᠢᠨᠡᠷᠳᠡᠢ ᠦᠶ᠎ᠡ ᠭᠡᠰᠢᠬᠦᠦ ᠶᠢᠨ ᠦᠷᠪᠢᠰᠦᠯ᠂ ᠳᠢᠳᠢᠮ ᠵᠢᠷᠤᠭᠡᠨ ᠡᠪᠡᠳᠴᠢᠨ ᠵᠢᠴᠢ ᠭᠡᠰᠡᠭ ᠠᠷᠠᠰᠤᠨ ᠡᠪᠡᠳᠴᠢᠨ ᠵᠡᠷᠭᠡ ᠨᠢ ᠤᠯᠠᠷᠢᠯ ᠤᠨ ᠰᠤᠯᠢᠭᠳᠠᠯ ᠪᠤᠶᠤ ᠠᠭᠤᠷ ᠠᠮᠢᠰᠬᠤᠯ ᠤᠨ ᠬᠤᠪᠢᠷᠠᠯᠳᠠ ᠳᠤ ᠲᠤᠩ ᠰᠡᠷᠭᠡᠭ ᠪᠠᠶᠢᠵᠤ᠂ ᠲᠡᠳᠡ ᠭᠡᠵᠢᠶᠡᠳᠡ ᠲᠡᠭᠷᠢ ᠬᠤᠪᠢᠷᠠᠬᠤ ᠶᠢᠨ ︽ᠴᠠᠭ ᠠᠭᠤᠷ ᠤᠨ ᠤᠷᠢᠳᠴᠢᠯᠠᠨ ᠮᠡᠳᠡᠭᠡᠯᠡᠭᠴᠢ︾ ᠪᠤᠯᠴᠢᠬᠠᠳᠠᠭ᠃ ᠤᠳᠤ ᠦᠶ᠎ᠡ ᠶᠢᠨ ᠠᠭᠤᠷ ᠠᠮᠢᠰᠬᠤᠯ ᠤᠨ ᠰᠤᠳᠤᠯᠭᠠᠨ ᠳᠤ ᠬᠠᠷᠠᠭᠤᠯᠤᠭᠰᠠᠨ ᠢᠶᠠᠷ᠂ ᠡᠳᠡᠭᠡᠷ ᠡᠪᠡᠳᠴᠢᠨ ᠤ ᠬᠦᠳᠡᠯᠬᠦ ᠨᠤᠷᠮ᠎ᠠ᠂ ᠬᠦᠳᠡᠯᠬᠦ ᠬᠤᠭᠤᠴᠠᠭ᠎ᠠ ᠨᠢ ᠨᠡᠯᠢᠶᠡᠳ ᠢᠯᠡ ᠳᠤᠳᠤᠷᠬᠠᠢ ᠤᠯᠠᠷᠢᠯ ᠤᠨ ᠬᠠᠨᠳᠤᠰᠢ ᠲᠠᠢ ᠪᠠᠶᠢᠵᠤ᠂ ᠤᠯᠠᠷᠢᠯ ᠰᠤᠯᠢᠭᠳᠠᠬᠤ ᠦᠶ᠎ᠡ ᠳᠤ ᠬᠠᠮᠤᠭ ᠠᠮᠠᠷᠬᠠᠨ ᠬᠦᠳᠡᠯᠳᠡᠭ᠃     ᠲᠡᠭᠡᠪᠡᠯ ᠤᠯᠠᠷᠢᠯ ᠰᠤᠯᠢᠭᠳᠠᠬᠤ ᠦᠶ᠎ᠡ ᠳᠤ ᠶᠠᠭᠠᠬᠢᠭᠠᠳ ᠬᠠᠭᠤᠴᠢᠨ ᠡᠪᠡᠳᠴᠢᠨ ᠠᠮᠠᠷᠬᠠᠨ ᠬᠦᠳᠡᠯᠵᠦ ᠬᠠᠭᠤᠴᠢᠨ ᠰᠢᠷᠬ᠎ᠠ ᠠᠮᠠᠷᠬᠠᠨ ᠡᠪᠡᠳᠳᠡᠭ ᠪᠤᠢ︖ ᠠᠭᠤᠷ ᠠᠮᠢᠰᠬᠤᠯ ᠤᠨ ᠲᠤᠭ᠎ᠠ ᠪᠦᠷᠢᠳᠭᠡᠯ ᠳᠤ ᠬᠠᠷᠠᠭᠤᠯᠤᠭᠰᠠᠨ ᠢᠶᠠᠷ᠂ ᠮᠠᠨ ᠤ ᠤᠯᠤᠰ ᠤᠨ ᠤᠯᠠᠩᠬᠢ ᠭᠠᠵᠠᠷ ᠬᠠᠪᠤᠷ ᠨᠠᠮᠤᠷ ᠤᠨ ᠤᠯᠠᠷᠢᠯ ᠳᠤ ᠪᠠᠶᠢᠨ ᠪᠠᠶᠢᠰᠬᠢᠭᠡᠳ ᠬᠦᠢᠳᠡᠨ ᠠᠭᠠᠷ ᠲᠤ ᠳᠠᠭᠠᠷᠢᠭᠳᠠᠨ᠂ ᠡᠨᠡ ᠦᠶ᠎ᠡ ᠶᠢᠨ ᠠᠭᠠᠷ ᠲᠠᠬᠢ ᠴᠢᠬᠢᠭ ᠤᠨ ᠭᠡᠮᠵᠢᠶᠡᠨ ᠤ ᠬᠤᠪᠢᠷᠠᠯᠳᠠ ᠴᠤ ᠶᠡᠭᠡ ᠪᠠᠶᠢᠳᠠᠭ ᠲᠤᠯᠠ ᠶᠠᠰᠤ ᠪᠡᠷᠳᠡᠭᠰᠡᠨ᠂ ᠮᠠᠰᠠ ᠵᠠᠰᠠᠯ ᠬᠢᠯᠭᠡᠭᠰᠡᠨ ᠪᠤᠶᠤ ᠪᠤᠰᠤᠳ ᠬᠠᠭᠤᠴᠢᠨ ᠰᠢᠷᠬ᠎ᠠ ᠲᠠᠢ ᠡᠪᠡᠳᠴᠢᠳᠡᠨ ᠤ ᠰᠢᠷᠬ᠎ᠠ ᠶᠢᠨ ᠭᠡᠰᠡᠭ ᠤᠨ ᠠᠷᠠᠰᠤ ᠪᠠ ᠠᠷᠠᠰᠤᠨ ᠳᠤᠤᠷᠠᠬᠢ ᠨᠡᠭᠡᠳᠡᠰᠦ ᠨᠢ ᠰᠤᠷᠪᠢ ᠦᠯᠡᠳᠡᠨ᠂ ᠰᠤᠷᠪᠢ ᠳᠠᠬᠢ ᠲᠤᠭ᠎ᠠ ᠲᠤᠮᠰᠢ ᠦᠭᠡᠢ ᠡᠰ ᠤᠨ ᠮᠡᠳᠡᠷᠡᠯ ᠤᠨ ᠰᠢᠷᠬᠡᠭᠯᠢᠭ ᠨᠢ ᠭᠠᠳᠠᠭᠠᠳᠤ ᠤᠷᠴᠢᠨ ᠤ ᠠᠭᠤᠷ ᠠᠮᠢᠰᠬᠤᠯ ᠤᠨ ᠬᠤᠪᠢᠷᠠᠯᠳᠠ ᠳᠤ ᠲᠤᠩ ᠰᠡᠷᠭᠡᠭ ᠪᠠᠶᠢᠵᠤ᠂ ᠡᠭᠦᠯᠡ ᠪᠤᠷᠤᠭᠠᠨ᠂ ᠴᠢᠬᠢᠭ ᠨᠦᠢᠳᠡᠨ ᠢ ᠳᠠᠭᠠᠭᠠᠳ ᠰᠤᠷᠪᠢ ᠶᠢᠨ ᠨᠡᠭᠡᠳᠡᠰᠦ ᠴᠤ ᠠᠪᠴᠢᠬᠤ ᠪᠤᠶᠤ ᠰᠤᠨᠵᠤ᠂ ᠡᠭᠦᠨ ᠤ ᠤᠯᠠᠮ ᠠᠴᠠ ᠵᠢᠮᠵᠢᠬᠢᠨᠡᠨ ᠡᠪᠡᠳᠳᠡᠭ ᠃ ᠡᠭᠦᠨ ᠢ ᠰᠡᠷᠭᠡᠶᠢᠯᠡᠬᠦ ᠲᠤᠬᠠᠢ ᠲᠤᠰᠬᠠᠢ ᠮᠡᠷᠭᠡᠵᠢᠯᠳᠡᠳ ᠲᠤᠤᠷᠠᠬᠢ ᠮᠡᠳᠦ ᠰᠠᠨᠠᠭᠤᠯᠭ᠎ᠠ ᠦᠭᠴᠡᠢ᠄     ᠨᠢᠭᠡ ᠳᠤ᠂ ᠡᠭᠦᠨ ᠤ ᠬᠠᠮᠤᠭ ᠦᠨᠳᠦᠰᠦᠨ ᠠᠷᠭ᠎ᠠ ᠪᠤᠯ ᠡᠪᠡᠳᠴᠢᠨ ᠠᠷᠬᠠᠭ ᠢᠶᠠᠨ ᠲᠦᠢᠯᠪᠤᠷᠢᠳᠠᠢ ᠵᠠᠰᠠᠨ᠎ᠠ᠃ ᠦᠨᠳᠦᠰᠦᠨ ᠠᠴᠠ ᠨᠢ ᠵᠠᠰᠠᠵᠤ ᠲᠡᠶᠢᠯᠬᠦ ᠦᠭᠡᠢ ᠤᠳᠠᠭᠠᠨ ᠴᠢᠨᠠᠷᠳᠠᠢ ᠡᠪᠡᠳᠴᠢᠨ ᠢ ᠴᠤ ᠢᠳᠡᠪᠬᠢᠳᠡᠢ ᠵᠠᠰᠠᠨ ᠡᠪᠡᠳᠴᠢᠨ ᠢᠶᠠᠨ ᠬᠦᠩᠭᠡᠷᠡᠭᠦᠯᠦᠨ᠎ᠡ᠃     ᠬᠤᠶᠠᠷ ᠲᠤ᠂ ᠡᠪᠡᠳᠴᠢᠨ ᠤ ᠪᠠᠨ ᠤᠯᠠᠷᠢᠯ ᠤᠨ ᠴᠢᠨᠠᠷᠳᠠᠢ ᠬᠦᠳᠡᠯᠳᠡᠭ ᠵᠢᠮ᠎ᠠ ᠶᠢ ᠨᠢ ᠡᠵᠡᠮᠰᠢᠴᠢᠭᠡᠪᠡᠯ ᠡᠪᠡᠳᠴᠢᠨ ᠢᠶᠠᠨ ᠡᠷᠳᠡ ᠠᠴᠠ ᠰᠡᠷᠭᠡᠶᠢᠯᠡᠬᠦ ᠳᠤ ᠲᠤᠩ ᠠᠰᠢᠭᠳᠠᠢ ᠪᠢᠯᠡ᠃ ᠤᠳᠤᠬᠠᠨ ᠳᠤ ᠮᠠᠨ ᠤ ᠤᠯᠤᠰ ᠤᠨ ᠤᠯᠠᠩᠬᠢ ᠴᠠᠭ ᠠᠭᠤᠷ ᠤᠨ ᠮᠡᠳᠡᠭᠡᠨ ᠤ ᠰᠠᠯᠠᠭ᠎ᠠ ᠮᠦᠴᠢᠷ ᠨᠢ ᠡᠳᠦᠷ ᠪᠦᠷᠢ ᠶᠢᠨ ᠴᠠᠭ ᠠᠭᠤᠷ ᠤᠨ ᠤᠷᠢᠳᠴᠢᠯᠠᠭᠰᠠᠨ ᠮᠡᠳᠡᠭᠡ ᠨᠡᠶᠢᠳᠡᠯᠡᠬᠦ ᠳᠡᠭᠡᠨ ᠲᠡᠷᠡᠭᠦ ᠴᠠᠭ ᠠᠭᠤᠷ ᠤᠨ ᠪᠠᠶᠢᠳᠠᠯ ᠲᠠᠢ ᠪᠠᠨ ᠨᠢᠭᠳᠠ ᠬᠤᠯᠪᠤᠭ᠎ᠠ ᠲᠠᠢ ᠡᠪᠡᠳᠴᠢᠨ ᠡᠮᠭᠡᠭ ᠢ ᠮᠡᠳᠡᠭᠡᠯᠡᠬᠦ ᠠᠭᠤᠯᠭ᠎ᠠ ᠤᠷᠤᠭᠤᠯᠵᠤ᠂ ᠡᠪᠡᠳᠴᠢᠳᠡᠨ ᠤ ᠰᠡᠷᠭᠡᠶᠢᠯᠡᠬᠦ ᠶᠢ ᠰᠠᠨᠠᠭᠤᠯᠳᠠᠭ᠂ ᠡᠨᠡ ᠨᠢ ᠭᠡᠰᠡᠭ ᠡᠪᠡᠳᠴᠢᠳᠡᠨ ᠤ ᠡᠷᠳᠡ ᠠᠴᠠ ᠰᠡᠷᠭᠡᠶᠢᠯᠡᠬᠦ ᠠᠷᠭ᠎ᠠ ᠭᠡᠮᠵᠢᠶ᠎ᠡ ᠠᠪᠬᠤ ᠳᠤ ᠲᠦᠭᠦᠮ ᠪᠤᠯᠤᠭᠰᠠᠨ ᠪᠠᠶᠢᠳᠠᠭ᠃     ᠭᠤᠷᠪᠠ ᠳᠤ᠂ ᠠᠵᠢᠯᠯᠠᠵᠤ ᠠᠮᠠᠷᠠᠬᠤ ᠢᠳᠡᠵᠦ ᠤᠤᠭᠤᠬᠤ ᠪᠠᠨ ᠰᠢᠨᠵᠢᠯᠠᠬᠦ ᠤᠬᠠᠭᠠᠨᠴᠢ ᠪᠠᠷ ᠲᠤᠬᠢᠷᠠᠭᠤᠯᠤᠨ᠂ ᠵᠤᠬᠢᠬᠤ ᠲᠠᠮᠢᠷ ᠤᠨ ᠬᠦᠳᠡᠯᠭᠡᠭᠡᠨ ᠬᠢᠵᠤ᠂ ᠪᠡᠶ᠎ᠡ ᠮᠠᠬᠠᠪᠤᠳ ᠢᠶᠠᠨ ᠴᠢᠬᠢᠷᠠᠬᠵᠢᠭᠤᠯᠤᠨ᠂ ᠡᠭᠦᠨ ᠤ ᠤᠯᠠᠮ ᠠᠴᠠ ᠴᠠᠭ ᠠᠭᠤᠷ ᠤᠨ ᠬᠤᠪᠢᠷᠠᠯᠳᠠ ᠳᠤ ᠵᠤᠬᠢᠴᠠᠬᠤ ᠴᠢᠳᠠᠪᠤᠷᠢ ᠪᠠᠨ ᠲᠡᠭᠡᠭᠰᠢᠯᠡᠬᠦᠯᠦᠨ᠎ᠡ᠃ ᠲᠤᠯᠠᠭᠠᠷᠠᠬᠤ ᠲᠠᠰᠢ ᠪᠠᠨ ᠪᠠᠶᠢᠭ᠎ᠠ ᠬᠠᠪᠤᠷ ᠵᠤᠨ ᠤ ᠡᠭᠢᠨ ᠤ ᠤᠯᠠᠷᠢᠯ ᠳᠤ ᠵᠤᠬᠢᠬᠤ ᠬᠠᠯᠠᠭᠤᠨ ᠳᠤ ᠳᠠᠭᠠᠭᠠᠴᠠᠳᠠᠢ ᠲᠠᠮᠢᠷ ᠤᠨ ᠪᠤᠯᠪᠠᠰᠤᠷᠠᠯ ᠬᠢᠵᠦ᠂ ᠬᠠᠯᠠᠭᠤᠨ ᠠᠴᠠ ᠬᠦᠢᠳᠡᠷᠡᠭᠦ ᠳᠠᠰᠢ ᠪᠠᠨ ᠪᠠᠶᠢᠭ᠎ᠠ ᠨᠠᠮᠤᠷ ᠡᠪᠤᠯ ᠤᠨ ᠡᠭᠢᠨ ᠤ ᠤᠯᠠᠷᠢᠯ ᠳᠤ ᠵᠤᠬᠢᠬᠤ ᠬᠦᠢᠳᠡᠨ ᠳᠤ ᠳᠠᠭᠠᠭᠠᠴᠠᠳᠠᠢ ᠪᠤᠯᠪᠠᠰᠤᠷᠠᠯ ᠢᠯᠡᠬᠦᠭᠡᠨ ᠬᠢᠪᠡᠯ ᠬᠠᠭᠤᠴᠢᠨ ᠡᠪᠡᠳᠴᠢᠨ ᠬᠦᠳᠡᠯᠬᠦ ᠨᠤᠷᠮ᠎ᠠ ᠶᠢ ᠳᠤᠷᠤᠭᠰᠢᠯᠠᠭᠤᠯᠵᠤ ᠪᠤᠯᠳᠠᠭ᠃     ᠲᠦᠷᠪᠡ ᠳᠤ᠂ ᠬᠠᠭᠤᠴᠢᠨ ᠰᠢᠷᠬ᠎ᠠ ᠰᠤᠷᠪᠢ ᠪᠠ ᠠᠷᠬᠠᠭ ᠲᠠᠢ ᠬᠦᠮᠦᠨ ᠦᠪᠡᠷ ᠢ ᠪᠠᠨ ᠬᠠᠮᠠᠭᠠᠯᠠᠬᠤ ᠤᠬᠠᠮᠰᠠᠷ ᠢᠶᠠᠨ ᠲᠡᠭᠡᠭᠰᠢᠯᠡᠬᠦᠯᠦᠨ᠂ ᠬᠦᠢᠳᠡᠷᠡᠭᠦ ᠦᠶᠡᠰ ᠬᠤᠪᠴᠠᠰᠤ ᠪᠠᠨ ᠵᠤᠵᠠᠭᠠᠯᠠᠵᠤ᠂ ᠨᠦᠢᠳᠠᠨ ᠴᠢᠬᠢᠭ ᠲᠠᠢ ᠦᠶᠡᠰ ᠬᠠᠭᠤᠷᠠᠢ ᠪᠠᠶᠢᠯᠭᠠᠬᠤ ᠶᠢ ᠪᠠᠳᠤᠯᠠᠨ ᠭᠠᠳᠠᠭᠰᠢ ᠭᠠᠷᠬᠤ ᠪᠠᠨ ᠠᠯᠢ ᠴᠢᠳᠠᠬᠤ ᠪᠠᠷ ᠪᠠᠭᠠᠰᠬᠠᠪᠠᠯ ᠡᠪᠡᠳᠴᠢᠨ ᠬᠦᠳᠡᠯᠬᠦ ᠨᠤᠷᠮ᠎ᠠ ᠶᠢ ᠳᠤᠷᠤᠭᠰᠢᠯᠠᠭᠤᠯᠵᠤ ᠪᠤᠯᠳᠠᠭ᠃                                              ᠨᠠᠶᠢᠷᠠᠭᠤᠯᠤᠭᠴᠢ᠄ ᠭᠡᠭᠡᠨᠳᠤᠶᠠᠭ᠎ᠠ
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号