ᠤᠯᠠᠭᠠᠨᠬᠠᠳᠠ ᠶᠢᠨ ᠬᠢᠳᠡᠳ ᠦᠨᠳᠤᠰᠤᠳᠠᠨ ᠤ ᠨᠤᠲᠤᠭ ᠴᠠ ᠠᠶᠠᠯᠭᠤ ᠨᠢ ᠤᠮᠠᠷᠠᠳᠦ ᠤᠷᠤᠨ ᠤ | ᠠᠶᠠᠯᠭᠤ ᠶᠢᠨ ᠤᠷᠤᠨ ᠤ ᠡᠾᠧᠪᠧᠢ᠂ ᠱᠠᠨᠳᠦ᠋ᠩ ᠤᠨ ᠰᠢᠰᠲ᠋ᠧᠮ ᠳᠤ ᠬᠠᠷᠢᠶᠠᠯᠠᠭᠳᠠᠨ᠎ᠠ᠃ | ᠤᠯᠠᠭᠠᠨᠬᠠᠳᠠ ᠶᠢᠨ ᠨᠤᠳᠤᠭ ᠤᠨ ᠠᠶᠠᠯᠭᠤ ᠨᠢ ᠴᠢᠩ ᠤᠯᠤᠰ ᠤᠨ ᠦᠶ᠎ᠠ ᠳᠤ ᠪᠦᠷᠢᠯᠳᠤᠵᠠᠢ᠃ ᠴᠢᠩ | ᠤᠯᠤᠰ ᠤᠨ ᠦᠶ᠎ᠠ ᠳᠤ ᠱᠠᠨᠳᠦ᠋ᠩ᠂ ᠡᠾᠧᠪᠧᠢ᠂ ᠱᠠᠨ ᠰᠢ᠂ ᠡᠾᠧᠨᠠᠨ᠂ ᠱᠠᠨᠰᠢ ᠵᠢᠴᠢ ᠿᠧᠨᠠᠨ ᠵᠡᠷᠬᠡ ᠭᠠᠵᠠᠷ ᠤᠨ | ᠬᠢᠳᠡᠳ ᠦᠨᠳᠤᠰᠤᠳᠠᠨ ᠤ ᠲᠠᠷᠢᠶᠠᠴᠢᠳ ᠪᠦᠯᠦᠭ ᠪᠦᠯᠦᠭ ᠢᠶᠠᠷ ᠤᠯᠠᠭᠠᠨᠬᠠᠳᠠ ᠤᠷᠤᠨ ᠳᠤ ᠨᠡᠬᠦᠨ ᠢᠷᠡᠪᠡ᠃ | ᠡᠬᠦᠨ ᠤ ᠲᠠᠭᠠᠤ ᠳᠤ ᠱᠠᠨ ᠰᠢ᠂ ᠡᠾᠧᠪᠧᠢ᠂ ᠪᠡᠬᠡᠵᠢᠩ ᠵᠢᠴᠢ ᠵᠡᠬᠦᠨ ᠬᠤᠶᠢᠳᠦ ᠤᠷᠤᠨ ᠤ ᠬᠤᠳᠠᠯᠳᠤᠭᠠᠴᠢᠨ᠂ | ᠭᠠᠷ ᠤᠷᠠᠴᠤᠳ ᠪᠠᠰᠠ ᠵᠠᠯᠭᠠᠭ᠎ᠠ ᠪᠠᠷ ᠤᠷᠤᠵᠤ ᠢᠷᠡᠭᠰᠡᠨ ᠤ ᠲᠡᠬᠡᠷ᠎ᠠ ᠪᠡᠬᠡᠵᠢᠩ᠂ ᠴᠧᠩᠳᠧ ᠠᠴᠠ ᠲᠤᠮᠢᠯᠠᠭᠰᠠᠨ | ᠵᠠᠰᠠᠭ ᠤᠨ ᠨᠤᠶᠠᠳ ᠵᠢᠴᠢ ᠲᠡᠳᠡᠬᠡᠷ ᠤᠨ ᠲᠠᠭᠠᠭᠰᠠᠳ ᠨᠡᠮᠡᠭᠳᠡᠵᠡᠢ᠂ ᠬᠦᠮᠦᠨ ᠤ ᠠᠮᠠ ᠶᠢᠨ ᠪᠦᠷᠢᠯᠳᠤᠴᠠ ᠶᠢᠨ | ᠡᠶᠢᠮᠦᠷᠬᠦ ᠬᠤᠪᠢᠷᠠᠯᠳᠠ ᠠᠴᠠ ᠪᠣᠯᠵᠣ᠂ ᠡᠾᠧᠪᠧᠢ᠂ ᠱᠠᠨᠳᠦ᠋ᠩ᠂ ᠱᠠᠨ ᠰᠢ᠂ ᠪᠡᠬᠡᠵᠢᠩ ᠤᠨ ᠨᠤᠲᠤᠭ ᠴᠠ ᠠᠶᠠᠯᠭᠤ | ᠬᠠᠷᠢᠯᠴᠠᠨ ᠠᠭᠤᠰᠤᠯᠴᠠᠵᠤ᠂ ᠲᠤᠰᠪᠦᠷᠢ ᠶᠢᠨ ᠨᠤᠲᠤᠭ ᠤᠨ ᠠᠶᠠᠯᠭᠤ ᠶᠢᠨ ᠤᠯᠠ ᠮᠦᠷ ᠨᠢ ᠠᠶᠠᠨᠳᠠᠭᠠᠨ ᠪᠠᠯᠠᠷᠠᠨ | ᠪᠡᠬᠡᠵᠢᠩ ᠨᠤᠲᠤᠭ ᠴᠠ ᠠᠶᠠᠯᠭᠤ ᠲᠠᠢ ᠨᠡᠯᠢᠶᠡᠳ ᠤᠶᠢᠷᠠᠳᠤᠭᠰᠠᠨ᠂ ᠤᠮᠠᠷᠠᠳᠦ ᠶᠢᠨ ᠨᠤᠲᠤᠭ ᠤᠨ ᠠᠶᠠᠯᠭᠤ ᠶᠢᠨ | ᠦᠬᠡᠰ ᠤᠨ ᠰᠠᠩ ᠪᠠ ᠬᠡᠯᠡᠨ ᠵᠦᠢ ᠶᠢ ᠬᠠᠳᠠᠭᠠᠯᠠᠭᠰᠠᠨ ᠰᠢᠨ᠎ᠠ ᠨᠤᠲᠤᠭ ᠤᠨ ᠠᠶᠠᠯᠭᠤ ᠪᠤᠢ ᠪᠤᠯᠵᠠᠢ᠃ ᠡᠨᠡ ᠪᠣᠯ | ᠲᠠᠷᠤᠢ ᠤᠯᠠᠭᠠᠨᠬᠠᠳᠠ ᠶᠢᠨ ᠨᠤᠳᠤᠭ ᠤᠨ ᠠᠶᠠᠯᠭᠤ ᠪᠤᠯᠤᠨ᠎ᠠ᠃ | ᠤᠯᠠᠭᠠᠨᠬᠠᠳᠠ ᠶᠢᠨ ᠨᠤᠳᠤᠭ ᠤᠨ ᠠᠶᠠᠯᠭᠤ ᠨᠢ ᠲᠠᠪᠢᠭᠠᠳ ᠤᠨ ᠤ ᠲᠤᠮᠳᠠᠴᠢ ᠠᠴᠠ ᠡᠬᠢᠯᠡᠨ ᠬᠢᠲᠠᠳ ᠤᠨ | ᠨᠡᠶᠢᠳᠡᠯᠢᠭ ᠬᠡᠯᠡ ᠶᠢ ᠲᠦᠬᠡᠮᠡᠯᠵᠢᠬᠦᠯᠦᠭᠰᠡᠨ ᠠᠴᠠ ᠤᠳᠤ ᠪᠤᠯᠳᠠᠯ᠎ᠠ 40 ᠵᠢᠯ ᠢ ᠦᠩᠭᠡᠷᠭᠡᠭᠡᠳ ᠨᠡᠯᠢᠶᠠᠳ | ᠬᠤᠪᠢᠷᠠᠯᠳᠠ ᠭᠠᠷᠤᠭᠰᠠᠨ ᠴᠦ ᠤᠤᠯ ᠤᠨ ᠳᠦᠷᠢ ᠳᠦᠷᠬᠦ ᠪᠠᠨ ᠦᠨᠳᠦᠰᠦᠨ ᠳᠤ ᠪᠠᠨ ᠬᠠᠳᠠᠭᠠᠯᠠᠭᠰᠠᠭᠠᠷ ᠪᠠᠶᠢᠨ᠎ᠠ᠃ | ᠤᠯᠠᠭᠠᠨᠬᠠᠳᠠ ᠶᠢᠨ ᠨᠤᠳᠤᠭ ᠤᠨ ᠠᠶᠠᠯᠭᠤ ᠶᠢ ᠨᠡᠶᠢᠳᠡᠯᠢᠭ ᠬᠡᠯᠡ ᠲᠠᠢ ᠠᠳᠠᠯᠢᠳᠬᠠᠬᠤ ᠳᠤ ᠬᠡᠯᠡᠨ ᠵᠦᠢ ᠶᠢᠨ | ᠬᠤᠪᠢ ᠳᠤ ᠵᠦᠷᠢᠶᠠᠨ ᠪᠠᠭ᠎ᠠ ᠴᠦ ᠠᠪᠢᠶᠠᠨ ᠤ ᠲᠠᠯ᠎ᠠ ᠪᠠᠷ ᠨᠡᠯᠢᠶᠠᠳ ᠶᠡᠭᠡ ᠵᠦᠷᠢᠶᠠᠨ ᠲᠠᠢ ᠪᠠᠶᠢᠳᠠᠭ᠃ |