ᠭᠠᠵᠠᠷ ᠭᠠᠵᠠᠷ ᠤᠨ ᠵᠠᠩᠰᠢᠯ ᠤᠷᠤᠨ ᠨᠤᠲᠤᠭ ᠤᠨ ᠠᠶᠠᠯᠭᠤ ᠦᠭᠡᠰ ᠭᠡᠳᠡᠭ ᠰᠤᠨᠢᠨ ᠶᠤᠮ᠃ | ᠦᠩᠭᠡᠷᠡᠭᠰᠡᠨ ᠵᠤᠨ ᠪᠢ ᠳᠤᠷᠤᠨᠠᠳᠤ ᠬᠢᠵᠠᠭᠠᠷ ᠬᠠᠪᠢ ᠪᠠᠷ ᠶᠠᠪᠤᠬᠤ ᠳᠠᠭᠠᠨ ︽ᠳᠤᠨᠤᠢ︾ ᠭᠡᠳᠡᠭ ᠦᠭᠡ ᠶᠢ ᠤᠯᠠᠨ | ᠬᠦᠮᠦᠰ ᠠᠴᠠ ᠰᠤᠨᠤᠰᠴᠤ᠂ ᠲᠡᠷᠡ ᠨᠢ ᠬᠦᠮᠦᠨ ᠤ ᠨᠡᠷ᠎ᠡ ᠪᠤᠯᠪᠠᠴᠤ ᠤᠭᠲᠤ ᠦᠭᠡᠷ᠎ᠡ ᠶᠠᠭᠤᠮ᠎ᠠ ᠳᠤ ᠬᠡᠷᠡᠭᠯᠡᠭᠳᠡᠵᠦ | ᠪᠠᠶᠢᠬᠤ ᠶᠢ ᠤᠴᠢᠷ ᠦᠭᠡᠢ ᠭᠠᠶᠢᠬᠠᠵᠤ ᠪᠢᠯᠡ᠃ ᠦᠨᠢᠶ᠎ᠡ ᠰᠠᠭᠠᠵᠤ ᠪᠤᠢ ᠠᠪᠠᠭᠠᠢ ᠬᠤᠪᠢᠩ ᠲᠠᠢ ᠰᠦ | ᠠᠰᠬᠠᠴᠢᠬᠠᠭᠰᠠᠨ ᠦᠬᠡᠷ ᠢ ︽ᠶᠧ ᠮᠠᠭᠤ ᠳᠤᠨᠤᠢ ᠴᠢᠮᠠᠢᠢ︕︾ ᠭᠡᠵᠦ ᠤᠷᠢᠶᠠᠯᠭᠠᠨᠠ᠃ ᠲᠡᠷᠭᠡ ᠲᠠᠲᠠᠵᠤ | ᠪᠠᠶᠢᠭ᠎ᠠ ᠬᠦᠮᠦᠰ ᠴᠤ ᠭᠡᠰᠡᠨ ᠠᠷᠭᠠᠮᠵᠢᠶ᠎ᠠ ᠲᠠᠰᠤᠷᠠᠪᠠᠯ ︽ᠲᠦᠢ︕ ᠶᠤᠰᠤᠲᠠᠢ ᠳᠤᠨᠤᠢ ᠰᠢᠭ᠋ ᠬᠤᠭ ᠪᠠᠶᠢᠨ᠎ᠠ᠃ | ᠦᠭᠡᠷ᠎ᠡ ᠳᠤᠷᠢᠭᠤᠨ ᠶᠠᠭᠤᠮ᠎ᠠ ᠠᠪᠤᠭᠠᠳ ᠢᠷ᠎ᠡ︕︾ ᠭᠡᠵᠦ ᠦᠬᠦᠯᠡᠨ᠎ᠡ᠃ | ᠢᠢᠮᠦ ᠳᠤ ︽ᠳᠤᠨᠤᠢ︾ ᠭᠡᠳᠡᠭ ᠨᠡᠷ᠎ᠡ ᠨᠢᠭᠡᠨ ᠶᠤᠰᠤ ᠶᠢ ᠠᠭᠤᠯᠵᠤ ᠪᠠᠶᠢᠭ᠎ᠠ ᠮᠡᠲᠦ ᠰᠠᠨᠠᠭᠳᠠᠵᠤ᠂ ᠤᠴᠢᠷ ᠢ | ᠠᠰᠠᠭᠤᠪᠠᠯ᠂ ᠳᠤᠷᠤᠨᠠᠲᠤ ᠶᠢᠨ ᠲᠠᠯ᠎ᠠ ᠳᠤ ᠪᠦᠬᠦ ᠨᠠᠰᠤ ᠪᠠᠨ ᠡᠯᠡᠬᠡᠭᠰᠡᠨ ᠴᠠᠪ ᠴᠠᠭᠠᠨ ᠰᠠᠬᠠᠯ ᠲᠠᠢ ᠪᠠᠷᠭᠤ ᠡᠪᠦᠭᠡᠨ | ᠠᠶᠢᠰᠢᠩᠪᠤᠤ ᠭᠤᠸᠠᠢ ᠶᠢᠨ ᠦᠬᠦᠯᠡᠭᠰᠡᠨ ᠨᠢ᠄ | — ᠨᠠᠮᠠᠢᠢ ᠪᠠᠭ᠎ᠠ ᠪᠠᠶᠢᠬᠤ ᠳᠤ᠂ ᠶᠤᠰᠤᠲᠠᠢ ᠯᠡ ᠠᠮᠢᠲᠠᠨ ᠬᠦᠮᠦᠨ ᠤ ᠠᠮᠠᠨ ᠳᠤ ᠤᠷᠤᠴᠢᠬᠠᠬᠤ ᠰᠢᠬᠠᠮ᠂ | ᠠᠯᠠᠭ ᠳᠤᠭᠤᠯ ᠤᠨ ᠨᠢᠳᠦᠨ ᠳᠤ ᠤᠷᠤᠴᠢᠬᠠᠬᠤ ᠳᠦᠬᠦᠵᠦ ᠪᠠᠶᠢᠳᠠᠭ ᠶᠡᠭᠡ ᠰᠤᠨᠢᠭᠤᠴᠢ ᠦᠶ᠎ᠡ ᠳᠤ ᠮᠢᠨᠢ ᠳᠤᠨᠤᠢ | ᠭᠡᠳᠡᠭ ᠬᠦᠮᠦᠨ ᠤ ᠨᠡᠷ᠎ᠡ᠂ ᠠᠶᠢᠯ ᠬᠤᠲᠠ ᠪᠠᠷ ᠰᠠᠶ᠋ᠢ ᠲᠠᠷᠠᠵᠤ ᠪᠠᠶᠢᠭᠰᠠᠨ ᠶᠤᠮ᠃ ᠲᠡᠭᠦᠨ ᠢ ᠪᠠᠷᠤᠭ ᠬᠠᠮᠤᠭ ᠤᠨ | ᠰᠡᠭᠦᠯ ᠳᠤ ᠦᠵᠡᠭᠰᠡᠨ ᠬᠦᠮᠦᠨ ᠨᠢ ᠪᠢ ᠪᠠᠶᠢᠬ᠎ᠠ᠃ ᠪᠦᠭᠳᠦᠷ ᠰᠡᠷᠪᠡᠭᠡ ᠲᠠᠢ᠂ ᠮᠦᠷᠦ ᠪᠠᠨ ᠬᠠᠪᠴᠢᠭᠰᠠᠨ᠂ ᠬᠤᠶᠠᠷ | ᠠᠯᠠᠭ᠎ᠠ ᠪᠠᠨ ᠦᠷᠦᠵᠦ ᠶᠠᠷᠢᠳᠠᠭ᠂ ᠫᠠᠳ ᠬᠠᠷ᠎ᠠ ᠴᠢᠷᠠᠢ ᠲᠠᠢ᠂ ᠨᠠᠷᠮᠢᠭᠠᠷ ᠬᠠᠮᠠᠷ ᠲᠠᠢ᠂ ᠨᠢᠳᠦᠨ ᠳᠡᠭᠡᠨ ᠤᠰᠤᠨ | ᠰᠢᠯ ᠵᠡᠭᠦᠭᠰᠡᠨ᠂ ᠪᠠᠷᠭᠤ ᠴᠤ ᠪᠢᠰᠢ᠂ ᠪᠤᠷᠢᠶᠠᠳ ᠴᠤ ᠪᠢᠰᠢ ᠬᠡᠯᠡ ᠮᠠᠭᠤᠲᠠᠢ ᠲᠡᠶᠢᠮᠦ ᠬᠦᠮᠦᠨ ᠪᠠᠶᠢᠭᠰᠠᠨ ᠶᠤᠮᠳᠠᠭ᠃ | ᠬᠤᠨᠵᠢᠶᠠᠴᠢ ᠵᠠᠯᠢᠬᠠᠢ ᠪᠠᠷ ᠢᠶᠠᠨ ᠨᠡᠷ᠎ᠡ ᠳᠤ ᠭᠠᠷᠤᠭᠰᠠᠨ ᠨᠢᠭᠡ ᠬᠤᠪᠳᠤᠭ ᠪᠠᠶᠠᠨ ᠬᠦᠮᠦᠨ ᠪᠠᠶᠢᠭᠰᠠᠨ ᠭᠡᠳᠡᠭ᠃ | ᠲᠡᠷᠡ ᠡᠷᠭᠦᠮᠡᠯ ᠬᠦᠦ ᠨᠢ ᠶᠤᠮ ᠭᠡᠨ᠎ᠡ ᠯᠡ᠃ ᠲᠡᠭᠡᠭᠡᠳ ᠡᠴᠢᠭᠡ ᠨᠢ ᠳᠤᠨᠤᠢ ᠶᠢ ᠮᠠᠯ ᠳᠤ ᠨᠢᠳᠦ ᠦᠭᠡᠢ᠂ | ᠠᠵᠢᠯ ᠳᠤ ᠳᠦᠢ ᠦᠭᠡᠢ ᠪᠤᠯᠬᠤ ᠪᠠᠷ ᠨᠢ ᠤᠷᠠᠨ ᠳᠠᠷᠬᠠᠨ ᠤ ᠰᠤᠷᠭᠠᠭᠤᠯᠢ ᠳᠤ ᠶᠠᠪᠤᠭᠤᠯᠤᠭᠰᠠᠨ ᠶᠤᠮ ᠭᠡᠨ᠎ᠡ ᠯᠡ᠃ | | ᠲᠡᠷᠡ ᠦᠶ᠎ᠡ ᠳᠤ ᠶᠠᠭᠠᠬᠢᠭᠠᠳ ᠴᠤ ᠶᠤᠮ ᠪᠤᠢ᠂ ᠨᠤᠶᠠᠨ ᠳᠤ ᠦᠪᠡᠷ ᠲᠤᠨᠢ ᠮᠦᠩᠭᠦᠨ ᠤ ᠨᠠᠷᠢᠨ ᠤᠷᠠᠴᠤᠳ | ᠬᠡᠷᠡᠭᠲᠡᠢ ᠪᠤᠯᠵᠤ᠂ ᠬᠡᠳᠦ ᠬᠡᠳᠦᠨ ᠬᠦᠮᠦᠨ ᠢ ᠶᠠᠪᠤᠭᠤᠯᠵᠤ ᠰᠤᠷᠭᠠᠬᠤ ᠪᠤᠯᠤᠭᠰᠠᠨ ᠶᠤᠮ ᠪᠠᠶᠢᠬ᠎ᠠ ᠡ᠃ ᠳᠤᠨᠤᠢ ᠶᠢᠨ | ᠨᠠᠶᠢᠵᠠ ᠨᠢ ᠨᠤᠶᠠᠨ ᠤ ᠬᠦᠦ ᠪᠤᠯᠬᠤ ᠪᠠᠷ ᠳᠤᠨᠤᠢ ᠴᠤ ᠰᠠᠭᠠᠳ ᠦᠭᠡᠢ ᠶᠠᠪᠤᠬᠤ ᠪᠤᠯᠵᠠᠢ᠃ ᠲᠡᠭᠡᠬᠦ ᠳᠤ᠂ ᠲᠡᠨᠳᠡᠬᠢ | ᠨᠤᠲᠤᠭ ᠤᠨ ᠶᠠᠳᠠᠭᠤ ᠠᠶᠢᠯ ᠤᠨ ᠷᠢᠨᠴᠢᠨ ᠭᠡᠭᠴᠢ ᠨᠢᠭᠡ ᠵᠢᠭᠠᠯ ᠬᠦᠦ ᠬᠡᠷ ᠲᠡᠭᠡᠨ ᠲᠡᠮᠦᠷ ᠪᠠᠯᠪᠠᠵᠤ᠂ ᠤᠶᠢᠷ᠎ᠠ | ᠵᠠᠭᠤᠷ᠎ᠠ ᠶᠢᠨ ᠶᠠᠭᠤᠮᠠᠰ ᠢ ᠬᠢᠭᠰᠡᠨ ᠨᠢ ᠬᠠᠪᠢ ᠶᠢᠨ ᠠᠮᠢᠲᠠᠨ ᠳᠤ ᠭᠠᠶᠢᠬᠠᠭᠳᠠᠵᠤ ᠪᠠᠶᠢᠭᠰᠠᠨ ᠭᠡᠳᠡᠭ᠃ | ᠲᠡᠭᠦᠨ ᠢ ᠪᠠᠨ ᠪᠠᠰᠠ ᠶᠠᠪᠤᠭᠤᠯᠪᠠᠯ ᠵᠦᠭᠡᠷ ᠶᠤᠮ ᠭᠡᠯᠴᠡᠵᠦ᠂ ᠨᠤᠶᠠᠨ ᠤ ᠬᠦᠦ᠂ ᠷᠢᠨᠴᠢᠨ ᠢ ᠳᠠᠭᠤᠳᠠᠭᠤᠯᠤᠭᠰᠠᠨ | ᠪᠤᠯᠪᠠᠴᠤ ᠲᠡᠷᠡ ᠬᠠᠷᠢᠭᠤ ᠳᠤᠨᠢ᠄ | — ᠦᠪᠡᠷ ᠤᠨ ᠤᠷᠠᠴᠤᠳ ᠤᠨ ᠤᠷ᠎ᠠ ᠶᠢ ᠦᠪᠡᠷ ᠤᠨ ᠨᠤᠲᠤᠭ ᠠᠴᠠ ᠪᠠᠨ ᠰᠤᠷᠤᠶ᠎ᠠ ᠳ᠋ᠠ᠃ ᠬᠠᠷᠢ ᠶᠢᠨ | ᠤᠷᠠᠯᠠᠯ ᠢ ᠰᠤᠷᠬᠤ ᠳᠤᠷᠠᠲᠠᠢ ᠨᠢ ᠶᠠᠪᠤᠵᠤ ᠪᠠᠶᠢᠭ ᠭᠡᠳ ᠢᠷᠡᠭᠰᠡᠨ ᠦᠭᠡᠢ ᠭᠡᠨ᠎ᠡ᠃ ᠨᠤᠶᠠᠨ ᠤ ᠬᠦᠦ ᠡᠨᠡ | ᠮᠡᠲᠦ ᠶᠢᠨ ᠭᠠᠰᠢᠭᠤᠨ ᠨᠢᠱᠤᠭᠤᠨ ᠦᠭᠡ ᠰᠤᠨᠤᠰᠤᠭ᠎ᠠ ᠦᠭᠡᠢ ᠪᠤᠯᠬᠤ ᠪᠠᠷ ᠤᠴᠢᠷ ᠦᠭᠡᠢ ᠠᠭᠤᠷᠰᠠᠵᠤ᠂ ᠡᠴᠢᠭᠡ | ᠨᠤᠶᠠᠨ ᠳᠤ ᠠᠶᠢᠯᠠᠳᠬᠠᠵᠠᠢ᠃ ᠡᠴᠢᠭᠡ ᠨᠤᠶᠠᠨ ᠷᠢᠨᠴᠢᠨ ᠢ ᠳᠠᠭᠤᠳᠠᠵᠤ ᠠᠪᠴᠢᠷᠠᠭᠠᠳ ᠶᠠᠯ᠎ᠠ ᠲᠤᠯᠭᠠᠪᠠᠯ ᠬᠦᠦ | ᠤᠭᠲᠤ ᠠᠶᠤᠭᠰᠠᠨ ᠰᠢᠨᠵᠢ ᠦᠭᠡᠢ ᠪᠠᠷ᠄ | — ᠨᠤᠶᠠᠨᠲᠠᠨ᠂ ᠬᠡᠷᠪᠡ ᠲᠠᠭᠠᠯᠠᠪᠠᠯ ᠨᠤᠲᠤᠭ ᠤᠨ ᠢᠶᠠᠨ ᠡᠪᠦᠭᠡᠴᠦᠦᠯ ᠤᠨ ᠢᠶᠠᠨ ᠤᠷ᠎ᠠ ᠠᠴᠠ ᠰᠤᠷᠤᠶ᠎ᠠ | ᠭᠡᠰᠡᠨ ᠢ ᠪᠤᠯᠭᠤᠭᠠᠵᠤ ᠬᠠᠶᠢᠷᠠᠯᠠᠨ᠎ᠠ ᠤᠤ︖ ᠡᠨᠡ ᠬᠦᠮᠦᠰ ᠰᠤᠷᠭᠠᠭᠤᠯᠢ ᠪᠠᠨ ᠬᠢᠭᠡᠳ ᠢᠷᠡᠭ᠃ ᠲᠡᠷᠡ ᠦᠶ᠎ᠡ ᠳᠤ | ᠪᠢᠳᠡᠨ ᠤ ᠠᠯᠢ ᠨᠢ ᠢᠯᠡᠭᠦᠦ ᠪᠤᠯᠬᠤ ᠶᠢ ᠰᠢᠯᠭᠠᠪᠠᠯ ᠶᠠᠮᠠᠷ ᠪᠤᠢ︖ ᠭᠡᠰᠡᠨ ᠳᠤ ᠨᠤᠶᠠᠨ ᠵᠢᠭᠠᠯ ᠬᠦᠦ ᠶᠢᠨ ᠲᠡᠷᠡ | ᠰᠦᠷᠡᠬᠡᠢ ᠦᠭᠡᠨ ᠳᠤ ᠬᠢᠷᠳ᠋ᠬᠢᠨ ᠰᠤᠴᠢᠵᠤ ᠭᠡᠨ᠎ᠡ᠃ ᠨᠤᠶᠠᠨᠲᠠᠨ ᠪᠤᠳᠤᠵᠤ ᠪᠤᠳᠤᠵᠤ ᠡᠴᠦᠰ ᠲᠤᠨᠢ᠄ | — ᠵᠠ ᠬᠦ᠋︕ ᠴᠢᠨᠦ ᠡᠨᠡ ᠦᠭᠡ ᠨᠢᠭᠡ ᠪᠤᠯ ᠴᠢᠮᠠᠢᠢ ᠠᠪᠤᠷᠠᠨ᠎ᠠ᠂ ᠨᠢᠭᠡ ᠪᠤᠯ ᠴᠢᠮᠠᠢᠢ ᠠᠯᠠᠨ᠎ᠠ᠃ ᠪᠢ | ᠴᠢᠨᠦ ᠬᠡᠯᠡᠭᠰᠡᠨ ᠢᠶᠠᠷ ᠪᠤᠯᠤᠶ᠎ᠠ᠃ ᠡᠷ᠎ᠡ ᠬᠦᠮᠦᠨ ᠶᠤᠮ ᠪᠤᠯ ᠴᠢ ᠰᠠᠨᠠᠭᠰᠠᠨ ᠳᠠᠭᠠᠨ ᠬᠦᠷᠦᠨ᠎ᠡ ᠪᠢᠵᠡ᠃ ᠡᠰᠡ | ᠬᠦᠷᠪᠡᠯ ᠁ ᠡᠵᠡᠨ ᠨᠤᠶᠠᠨ ᠳᠠᠭᠠᠨ ᠠᠮᠠ ᠭᠠᠷᠤᠭᠰᠠᠨ ᠢᠶᠠᠨ ᠬᠡᠵᠢᠶ᠎ᠡ ᠴᠤ ᠪᠢᠲᠡᠭᠡᠢ ᠮᠠᠷᠲᠠᠭᠠᠷᠠᠢ︕ ᠭᠡᠵᠡᠢ᠃ | ᠰᠠᠷ᠎ᠠ ᠵᠢᠯ ᠤᠳ ᠠᠭᠤᠯᠠᠨ ᠠᠴᠠ ᠪᠠᠭᠤᠭᠰᠠᠨ ᠰᠢᠷᠦᠭᠦᠨ ᠭᠤᠷᠤᠬ᠎ᠠ ᠰᠢᠭ᠋᠂ ᠶᠠᠭᠠᠬᠢᠬᠤ ᠢᠢᠬᠦ ᠶᠢᠨ ᠵᠠᠪ ᠦᠭᠡᠢ | ᠤᠯᠠᠷᠢᠨ ᠦᠩᠭᠡᠷᠡᠵᠦ᠂ ᠨᠢᠭᠡ ᠮᠡᠳᠡᠬᠦ ᠳᠤ ᠪᠡᠭᠡᠵᠢᠩ ᠠᠴᠠ ᠤᠷᠠᠨ ᠳᠠᠷᠬᠠᠨ ᠤ ᠤᠬᠠᠭᠠᠨ ᠰᠤᠷᠤᠭᠰᠠᠨ ᠬᠡᠳᠦᠨ | ᠰᠠᠶᠢᠨ ᠤᠷᠠᠴᠤᠤᠯ ᠴᠤ ᠪᠤᠴᠠᠭᠠᠳ ᠢᠷᠡᠵᠡᠢ᠃ ᠨᠤᠶᠠᠨ ᠵᠠᠷᠯᠢᠭ ᠪᠠᠭᠤᠯᠭᠠᠵᠤ᠂ ᠦᠪᠡᠷ ᠤᠨ ᠬᠤᠰᠢᠭᠤ ᠨᠤᠲᠤᠭ ᠤᠨ | ᠪᠦᠬᠦ ᠳᠠᠷᠬᠠᠴᠤᠤᠯ ᠢ ᠬᠤᠷᠮᠤᠢ ᠶᠢᠨ ᠪᠤᠭᠤᠯᠲᠠ ᠬᠢ︕ ᠭᠡᠵᠡᠢ᠃ | ᠢᠵᠢᠯᠢ ᠦᠭᠡᠢ ᠰᠠᠶᠢᠬᠠᠨ ᠬᠤᠷᠮᠤᠢ ᠶᠢᠨ ᠪᠤᠭᠤᠯᠲᠠ ᠶᠢ ᠪᠤᠭᠳᠠ ᠳᠤ ᠡᠷᠬᠦᠬᠦ ᠤᠴᠢᠷ᠂ ᠲᠡᠭᠦᠨ ᠢ ᠤᠷᠠᠯᠠᠵᠤ | ᠰᠢᠯᠭᠠᠷᠠᠭᠰᠠᠨ ᠬᠦᠮᠦᠨ ᠢ ᠲᠤᠰᠬᠠᠢ ᠱᠠᠩᠨᠠᠨ᠎ᠠ ᠭᠡᠪᠡ᠃ ᠳᠤᠨᠤᠢ ᠤᠷᠢᠳᠤ ᠠᠴᠠ ᠢᠷᠡᠮᠡᠭᠴᠡ ᠨᠤᠶᠠᠨ ᠳᠤ | ᠦᠪᠡᠷ ᠢ ᠪᠠᠨ ᠬᠠᠮᠤᠭ ᠤᠨ ᠰᠢᠯᠢᠳᠡᠭ ᠳᠠᠷᠬᠠᠨ ᠪᠤᠯᠤᠭᠰᠠᠨ ᠭᠡᠵᠦ ᠨᠢᠭᠡ ᠶᠡᠭᠡ ᠰᠠᠶᠢᠬᠠᠨ ᠮᠦᠩᠭᠦᠨ ᠴᠤᠭᠤᠯᠪᠤᠷᠢ | ᠠᠪᠴᠢᠷᠠᠵᠤ ᠡᠷᠭᠦᠭᠡᠳ᠂ ᠨᠤᠶᠠᠨ ᠤ ᠳᠡᠷᠭᠡᠳᠡ ᠨᠤᠲᠤᠭ ᠬᠤᠰᠢᠭᠤᠨ ᠤ ᠳᠠᠷᠬᠠᠴᠤᠤᠯ ᠤᠨ ᠲᠡᠷᠢᠭᠦᠨ ᠪᠦᠭᠡᠳ | ᠰᠢᠯᠭᠠᠭᠴᠢ ᠪᠤᠯᠤᠨ ᠵᠠᠯᠠᠷᠠᠵᠠᠢ᠃ ᠲᠡᠭᠡᠭᠡᠳ ᠨᠢᠭᠡ ᠡᠳᠦᠷ ᠡᠪᠦᠭᠡᠨ ᠵᠠᠯᠠᠭᠤ ᠤᠯᠠᠨ ᠳᠠᠷᠬᠠᠴᠤᠤᠯ ᠨᠤᠶᠠᠨ ᠤ ᠳᠤ | ᠲᠤᠰ ᠲᠤᠰ ᠤᠨ ᠬᠢᠭᠰᠡᠨ ᠬᠤᠷᠮᠤᠢ ᠶᠢᠨ ᠪᠤᠭᠤᠯᠲᠠ ᠪᠠᠨ ᠠᠪᠴᠢᠷᠠᠵᠤ ᠭᠡᠨ᠎ᠡ᠃ ᠨᠤᠶᠠᠨ ᠳᠤᠨᠤᠢ ᠬᠤᠶᠠᠷ ᠲᠡᠭᠦᠨ ᠢ | ᠲᠡᠰ ᠳᠠᠷᠠᠭᠠᠯᠠᠨ ᠦᠵᠡᠵᠡᠢ᠃ ᠪᠡᠭᠡᠵᠢᠩ ᠠᠴᠠ ᠢᠷᠡᠭᠰᠡᠨ ᠳᠤᠨᠤᠢ ᠶᠢᠨ ᠨᠠᠶᠢᠵᠠ ᠨᠢᠭᠡ ᠳᠠᠷᠬᠠᠨ ᠤ ᠬᠢᠭᠰᠡᠨ ᠠᠷᠪᠠᠨ | ᠭᠤᠷᠪᠠᠨ ᠨᠤᠭᠤᠰᠤ ᠲᠠᠢ ᠬᠤᠶᠠᠷ ᠵᠢᠩ ᠤᠨ ᠬᠦᠨᠳᠦ ᠮᠦᠩᠭᠦᠨ ᠪᠤᠭᠤᠯᠲᠠ᠂ ᠷᠢᠨᠴᠢᠨ ᠤ ᠬᠢᠭᠰᠡᠨ ᠭᠤᠷᠪᠠᠨ | ᠨᠤᠭᠤᠰᠤ ᠲᠠᠢ ᠪᠤᠭᠤᠯᠲᠠ ᠬᠤᠶᠠᠷ ᠰᠢᠯᠭᠠᠷᠠᠪᠠ᠃ ᠨᠦᠬᠦᠭᠡ ᠳᠠᠷᠬᠠᠨ ᠤ ᠬᠢᠭᠰᠡᠨ ᠬᠤᠷᠮᠤᠢ ᠶᠢᠨ ᠪᠤᠭᠤᠯᠲᠠ ᠠᠷᠪᠠᠨ | ᠬᠤᠶᠠᠷ ᠳᠦᠷᠪᠡᠯᠵᠢᠨ ᠳᠡᠭᠡᠷ᠎ᠡ ᠨᠢ ᠠᠷᠪᠠᠨ ᠬᠤᠶᠠᠷ ᠵᠢᠯ᠂ ᠦᠯᠡᠳᠡᠭᠰᠡᠨ ᠨᠢᠭᠡ ᠳᠦᠷᠪᠡᠯᠵᠢᠨ ᠳᠡᠭᠡᠷ᠎ᠡ ᠨᠢ ᠬᠢᠲᠠᠳ | ᠤᠷᠤᠨ ᠤ ᠦᠨᠳᠦᠷ ᠠᠭᠤᠯᠠ᠂ ᠲᠡᠭᠷᠢ ᠶᠢᠨ ᠳᠤᠭᠠᠩ ᠤᠨ ᠤᠯᠠᠨ ᠳᠠᠪᠬᠤᠷ ᠴᠠᠮᠬᠠᠭ ᠢ ᠮᠠᠰᠢ ᠤᠷᠠᠨ ᠰᠡᠶᠢᠯᠵᠡᠢ᠃ | ᠭᠡᠲᠡᠯ᠎ᠡ ᠷᠢᠨᠴᠢᠨ ᠤ ᠪᠤᠭᠤᠯᠲᠠ ᠨᠢᠭᠡ ᠠᠮᠠ ᠳᠦᠷᠪᠡᠵᠢᠨ᠂ ᠦᠨᠳᠡᠭᠡ ᠳᠠᠷᠤᠮ᠎ᠠ ᠬᠢᠷᠢ ᠶᠢᠨ ᠨᠤᠭᠤᠰᠤᠨ ᠳᠤᠨᠢ | ᠠᠷᠪᠠᠨ ᠬᠤᠶᠠᠷ ᠵᠢᠯ ᠢ ᠳᠠᠪᠬᠤᠷ ᠰᠡᠶᠢᠯᠪᠦᠷᠢᠯᠡᠭᠰᠡᠨ ᠢᠶᠠᠷ ᠮᠠᠰᠢ ᠨᠠᠷᠢᠨ ᠤᠷᠠᠯᠠᠵᠤ ᠪᠠᠭᠲᠠᠭᠠᠭᠠᠳ᠂ ᠨᠦᠬᠦᠭᠡ ᠬᠤᠶᠠᠷ | ᠳᠦᠷᠪᠡᠯᠵᠢᠨ ᠳᠤᠨᠢ ᠲᠠᠪᠤᠨ ᠬᠤᠰᠢᠭᠤ ᠮᠠᠯ᠂ ᠮᠤᠩᠭᠤᠯ ᠭᠡᠷ ᠵᠡᠷᠭᠡ ᠨᠤᠲᠤᠭ ᠤᠰᠤ ᠪᠠᠨ ᠪᠠᠭᠲᠠᠭᠠᠵᠠᠢ᠃ ᠨᠤᠶᠠᠨ | ᠴᠤ ᠭᠠᠶᠢᠬᠠᠨ ᠱᠠᠭᠰᠢᠷᠠᠵᠤ᠄ | — ᠡᠨᠡ ᠬᠤᠶᠠᠷ ᠤᠨ ᠠᠯᠢ ᠶᠢ ᠰᠢᠯᠭᠠᠷᠠᠭᠤᠯᠬᠤ ᠪᠤᠢ︖ ᠭᠡᠵᠦ ᠳᠤᠨᠤᠢ ᠠᠴᠠ ᠠᠰᠠᠭᠤᠪᠠ᠃ ᠳᠤᠨᠤᠢ | ᠨᠠᠷᠮᠢᠭᠠᠷ ᠬᠠᠮᠠᠷ ᠳᠡᠭᠡᠷ᠎ᠡ ᠪᠠᠨ ᠲᠤᠭᠲᠠᠬᠤ ᠦᠭᠡᠢ ᠭᠤᠯᠠᠰᠴᠤ ᠪᠠᠶᠢᠳᠠᠭ ᠨᠢᠳᠦᠨ ᠤ ᠰᠢᠯ ᠢᠶᠠᠨ ᠵᠠᠰᠠᠵᠤ᠂ ᠬᠤᠶᠠᠷ | ᠠᠯᠠᠭ᠎ᠠ ᠪᠠᠨ ᠦᠷᠦᠵᠦ᠂ ᠬᠡᠵᠢᠶᠡᠳᠡ ᠪᠡᠯᠡᠨ ᠪᠠᠶᠢᠳᠠᠭ ᠬᠤᠳᠠᠯ ᠢᠨᠢᠶᠡᠳᠦ ᠪᠠᠷ ᠢᠨᠢᠶᠡᠵᠦ᠄ | — ᠵᠠ᠂ ᠡᠨᠡ ᠠᠷᠪᠠᠨ ᠭᠤᠷᠪᠠᠨ ᠵᠠᠯᠭᠠᠭ᠎ᠠ ᠲᠠᠢ ᠪᠤᠭᠤᠯᠲᠠ ᠶᠤᠰᠤᠲᠠᠢ ᠳᠡᠭᠡᠳᠦ ᠤᠷᠠᠯᠠᠯ ᠪᠤᠯᠵᠠᠢ᠃ | ᠦᠴᠦᠬᠡᠨ ᠮᠢᠨᠦ ᠰᠠᠨᠠᠯ ᠢᠶᠠᠷ ᠪᠤᠯ ᠡᠭᠦᠨ ᠢ ᠠᠪᠤᠶ᠎ᠠ ᠭᠡᠵᠡᠢ᠃ ᠨᠤᠶᠠᠨ ᠦᠪᠡᠷ ᠢᠶᠠᠨ ᠷᠢᠨᠴᠢᠨ ᠤ ᠬᠢᠭᠰᠡᠨ | ᠪᠤᠭᠤᠯᠲᠠ ᠶᠢ ᠢᠯᠡᠭᠦᠦ ᠰᠤᠨᠢᠷᠬᠠᠵᠤ ᠪᠠᠶᠢᠪᠠ᠃ ᠲᠡᠭᠦᠨ ᠢ ᠠᠵᠢᠭᠯᠠᠵᠤ ᠮᠡᠳᠡᠭᠰᠡᠨ ᠳᠤᠨᠤᠢ᠄ | — ᠷᠢᠨᠴᠢᠨ ᠤ ᠪᠤᠭᠤᠯᠲᠠ ᠶᠢᠨ ᠳᠡᠭᠡᠷ᠎ᠡ ᠬᠦᠢᠲᠡᠨ ᠬᠤᠰᠢᠭᠤ ᠲᠠᠢ ᠮᠠᠯ ᠤᠷᠤᠭᠤᠯᠵᠤ᠂ ᠪᠠᠰᠠ ᠬᠠᠷᠠᠴᠤ | ᠠᠷᠠᠳ ᠤᠨ ᠭᠡᠷ ᠬᠢᠭᠰᠡᠨ ᠪᠠᠶᠢᠨ᠎ᠠ᠃ ᠡᠨᠡ ᠪᠤᠭᠤᠯᠲᠠ ᠪᠠᠷ ᠢᠶᠠᠨ ᠲᠡᠷᠡ ᠲᠡᠭᠡᠳᠦᠰ ᠶᠡᠬᠡᠰ ᠢ ᠳᠠᠭᠠᠷᠢᠵᠠᠢ︕ ᠭᠡᠪᠡ᠃ | ᠡᠨᠡ ᠦᠭᠡ ᠶᠢ ᠰᠤᠨᠤᠰᠤᠮᠠᠭᠴᠠ᠂ ᠬᠢᠶ᠎ᠡ ᠲᠦᠰᠢᠮᠡᠳ ᠤᠳ ᠨᠢᠭᠡ ᠳᠠᠭᠤ ᠪᠠᠷ᠄ | — ᠲᠡᠷᠡ ᠠᠶᠢᠬᠤᠪᠲᠤᠷ ᠦᠨᠡᠨ︕ ᠭᠡᠯᠴᠡᠪᠡ᠃ ᠬᠠᠷᠢᠨ ᠨᠤᠶᠠᠨ ᠬᠡᠳᠦᠶᠢᠪᠡᠷ ᠳᠤᠨᠤᠢ ᠶᠢᠨ ᠦᠭᠡᠨ ᠳᠤ | ᠤᠷᠤᠭᠰᠠᠨ ᠪᠤᠯᠪᠠᠴᠤ ᠲᠤᠳᠤᠷ᠎ᠠ ᠪᠠᠨ ᠪᠠᠭ᠋ᠠᠷᠬᠠᠵᠤ ᠪᠠᠶᠢᠭᠰᠠᠨ ᠤᠴᠢᠷ᠂ ᠬᠡᠯᠡᠭᠰᠡᠨ ᠠᠮᠠᠨ ᠳᠠᠭᠠᠨ ᠬᠦᠷᠦᠭᠰᠡᠨ ᠦᠭᠡᠢ | ᠭᠡᠵᠦ ᠷᠢᠨᠴᠢᠨ ᠳᠤ ᠶᠠᠯ᠎ᠠ ᠲᠤᠯᠭᠠᠯ ᠦᠭᠡᠢ ᠶᠠᠪᠤᠭᠤᠯᠵᠠᠢ᠃ ᠮᠤᠯᠭᠤᠤ ᠮᠤᠯᠭᠤᠤ ᠮᠤᠩᠬᠠᠭ ᠬᠦᠮᠦᠰ ᠠᠴᠠ ᠤᠢ ᠨᠢ | ᠭᠤᠲᠤᠭᠰᠠᠨ ᠠᠭᠤᠤ ᠶᠡᠭᠡ ᠤᠷᠠᠨ ᠳᠠᠷᠬᠠᠨ᠂ ᠠᠮᠢᠳᠤᠷᠠᠯ ᠤᠨ ᠦᠨᠡᠨ᠂ ᠤᠷᠠᠯᠠᠯ ᠤᠨ ᠬᠤᠪᠢ ᠵᠠᠶᠠᠭ᠎ᠠ ᠶᠢ ᠡᠷᠢᠵᠦ | ᠦᠭᠡᠷ᠎ᠡ ᠨᠤᠲᠤᠭ ᠬᠤᠰᠢᠭᠤᠨ ᠳᠤ ᠠᠯᠤᠰ ᠤᠨ ᠠᠯᠤᠰ ᠲᠤ ᠵᠠᠶᠢᠯᠠᠨ ᠤᠳᠴᠠᠢ᠃ ᠳᠡᠭᠡᠵᠦ ᠪᠠᠶᠢᠳᠠᠯ᠎ᠠ ᠨᠢᠭᠡ | ᠦᠷᠯᠦᠭᠡ ᠨᠤᠶᠠᠨ ᠤ ᠦᠷᠭᠦᠭᠡᠨ ᠤ ᠳᠡᠷᠭᠡᠳᠡ ᠲᠤᠮᠤ ᠪᠢᠴᠢᠭ ᠨᠠᠭᠠᠯᠲᠠᠲᠠᠢ ᠪᠠᠶᠢᠭᠰᠠᠨ ᠢ ᠶᠡᠭᠡ ᠪᠠᠭ᠎ᠠ ᠦᠭᠡᠢ | ᠦᠵᠡᠵᠦ ᠬᠦᠯ ᠲᠠᠢ ᠨᠢ ᠬᠦᠯᠬᠢᠵᠦ᠂ ᠬᠦᠯ ᠦᠭᠡᠢ ᠨᠢ ᠮᠦᠯᠬᠦᠨ ᠴᠤᠭᠯᠠᠷᠠᠪᠠᠰᠤ᠄ ︽ᠪᠢᠳᠡᠨ ᠤ ᠤᠷᠠᠴᠤᠤᠯ | ᠦᠨᠦᠴᠢᠷᠡᠯᠡ᠃ ᠨᠤᠭᠤᠭ᠎ᠠ ᠦᠭᠡᠢ ᠭᠠᠵᠠᠷ ᠮᠠᠯ ᠲᠤᠭᠲᠠᠬᠤ ᠦᠭᠡᠢ ᠶᠢᠨ ᠠᠳᠠᠯᠢ᠂ ᠷᠢᠨᠴᠢᠨ ᠦᠭᠡᠢ ᠭᠠᠵᠠᠷ ᠪᠢᠳᠡ | ᠶᠠᠭᠠᠬᠢᠵᠤ ᠲᠤᠭᠲᠠᠬᠤ ᠪᠢᠯᠡ︕ ᠶᠠᠭᠤ ᠴᠤ ᠮᠡᠳᠡᠬᠦ ᠦᠭᠡᠢ ᠠᠰᠠᠮᠠᠨ ᠳᠤᠨᠤᠢ ᠠᠴᠠ ᠬᠤᠯᠠᠳᠬᠤ ᠪᠠᠷ ᠰᠢᠭᠤᠳᠤᠯ᠎ᠠ︾ | ᠭᠡᠵᠦ ᠪᠢᠴᠢᠭᠡᠳ ᠬᠤᠰᠢᠭᠤᠨ ᠤ ᠳᠠᠷᠬᠠᠴᠤᠤᠯ ᠭᠠᠷ ᠤᠨ ᠦᠰᠦᠭ ᠢᠶᠠᠨ ᠵᠢᠷᠤᠭᠰᠠᠨ ᠤ ᠲᠤᠳᠤᠷ᠎ᠠ ᠪᠡᠭᠡᠵᠢᠩ ᠳᠤ | ᠤᠷᠠᠯᠠᠯ ᠰᠤᠷᠴᠤ ᠢᠷᠡᠭᠰᠡᠨ ᠨᠦᠬᠦᠭᠡ ᠠᠷᠪᠠᠨ ᠬᠤᠶᠠᠷ ᠨᠤᠭᠤᠰᠤᠲᠠᠢ ᠪᠤᠭᠤᠯᠲᠠ ᠬᠢᠭᠰᠡᠨ ᠬᠦᠮᠦᠨ ᠴᠤ ᠪᠠᠶᠢᠯᠴᠠᠵᠠᠢ᠃ | ᠨᠤᠶᠠᠨ ᠳᠡᠭᠦᠨ ᠢ ᠦᠵᠡᠭᠡᠳ ᠶᠡᠬᠡᠳᠡ ᠭᠠᠰᠢᠭᠤᠳᠠᠨ᠂ ᠳᠤᠨᠤᠢ ᠶᠢ ᠰᠢᠯᠭᠠᠭᠰᠠᠨ ᠴᠢᠨᠢ ᠲᠡᠷᠡ ᠮᠦᠩᠭᠦᠨ ᠳᠡᠭᠡᠷ᠎ᠡ | ᠪᠠᠶᠢᠲᠤᠭᠠᠢ ᠰᠢᠷᠤᠢ ᠳᠡᠭᠡᠷ᠎ᠡ ᠴᠤ ᠭᠡᠰᠡᠨ ᠭᠠᠭᠴᠠ ᠴᠤ ᠤᠭᠠᠯᠵᠠ ᠶᠢᠨ ᠡᠷᠬᠢᠭᠦᠯᠭᠡ ᠶᠢ ᠬᠢᠵᠦ ᠭᠠᠷᠭᠠᠵᠤ ᠴᠢᠳᠠᠬᠤ | ᠦᠭᠡᠢ ᠠᠮᠢᠲᠠᠨ ᠪᠠᠶᠢᠵᠠᠢ᠃ ᠳᠡᠭᠡᠭᠡᠳ ᠨᠤᠶᠠᠨ᠂ ᠳᠤᠨᠤᠢ ᠶᠢ ᠦᠷᠭᠦᠭᠡᠨ ᠠᠴᠠ ᠪᠠᠨ ᠲᠡᠷᠡ ᠡᠳᠦᠷ ᠲᠤᠨᠢ ᠬᠦᠬᠡᠬᠡᠵᠦ | ᠂ ᠪᠠᠰᠠ ᠨᠤᠲᠤᠭ ᠠᠴᠠ ᠳᠠᠷᠤᠢ ᠭᠠᠷᠬᠤ ᠶᠢ ᠠᠷᠠᠳ ᠤᠳ ᠴᠤ ᠱᠠᠭᠠᠷᠳᠠᠵᠠᠢ᠃ ᠲᠡᠭᠦᠨ ᠠᠴᠠ ᠬᠤᠶᠢᠰᠢ ᠨᠤᠶᠠᠨ | ᠦᠪᠡᠷ ᠤᠨ ᠤᠷᠠᠴᠤᠳ ᠢ ᠢᠯᠠᠩᠭᠤᠶ᠎ᠠ ᠷᠢᠨᠴᠢᠨ ᠢ ᠢᠷ᠎ᠡ ᠭᠡᠵᠦ ᠪᠢᠴᠢᠭ ᠶᠠᠪᠤᠭᠤᠯᠵᠤ ᠪᠡᠶ᠎ᠡ ᠬᠦᠮᠦᠨ ᠶᠠᠪᠤᠭᠤᠯᠵᠤ | ᠤᠷᠢᠨ ᠳᠠᠭᠤᠳᠠᠭᠰᠠᠨ ᠪᠤᠯᠪᠠᠴᠤ ᠲᠡᠳᠡ ᠢᠷᠡᠭᠰᠡᠨ ᠦᠭᠡᠢ᠃ ᠢᠩᠬᠢᠵᠦ ᠡᠨᠡ ᠨᠤᠲᠤᠭ ᠲᠤ ᠤᠷᠠᠯᠠᠯ ᠭᠡᠭᠴᠢ ᠶᠢ | ᠨᠢᠭᠡ ᠤᠳᠠᠭ᠎ᠠ ᠬᠦᠢᠰᠦ ᠲᠡᠮᠲᠡᠷᠢᠭᠰᠡᠨ ᠬᠦᠮᠦᠨ ᠪᠤᠯ ᠲᠡᠷᠡ ᠳᠤᠨᠤᠢ ᠶᠤᠮ ᠳ᠋ᠠ᠂ ᠬᠦᠦ ᠮᠢᠨᠢ᠃ ᠠᠷᠠᠳ ᠲᠦᠮᠡᠨ | ᠦᠪᠡᠷ ᠤᠨ ᠤᠷᠠᠯᠠᠯ᠂ ᠦᠪᠡᠷ ᠤᠨ ᠦᠪ ᠤᠯᠠᠮᠵᠢᠯᠠᠯ ᠳᠤ ᠬᠠᠶᠢᠷᠠᠲᠠᠢ ᠶᠢᠨ ᠭᠡᠷᠡᠴᠢ ᠪᠤᠯᠭᠠᠵᠤ᠂ ᠳᠤᠨᠤᠢ ᠶᠢᠨ | ᠨᠡᠷ᠎ᠡ ᠶᠢ ᠬᠠᠷᠢᠶᠠᠯ ᠪᠤᠯᠭᠠᠵᠤ᠂ ᠦᠶ᠎ᠡ ᠶᠢᠨ ᠦᠶ᠎ᠡ ᠳᠤ ᠮᠠᠭᠤ ᠶᠠᠭᠤᠮ᠎ᠠ ᠪᠦᠬᠦᠨ ᠳᠤ ᠬᠡᠯᠡᠵᠦ ᠶᠠᠪᠤᠬᠤ ᠪᠠᠷ | ᠪᠤᠯᠤᠭᠰᠠᠨ ᠭᠡᠵᠦ ᠠᠶᠢᠰᠢᠩᠪᠤᠤ ᠭᠤᠸᠠᠢ ᠶᠠᠷᠢᠶ᠎ᠠ ᠪᠠᠨ ᠲᠡᠭᠦᠰᠭᠡᠯ᠎ᠡ᠃ ︵ᠷ᠊ · ᠴᠤᠶᠢᠨᠤᠮ︶ |