ᠣᠩᠭᠤᠷᠬᠠᠢ ᠴᠤᠩᠬᠤ ᠪᠠᠷ ᠵᠢᠷᠭᠢᠬᠦ ᠰᠢᠪᠠᠭᠤᠳ ᠤᠨ ᠳᠠᠭᠤᠨ ᠢᠶᠠᠷ ᠡᠩᠭᠡᠮᠡ ᠰᠠᠶ᠋ᠢ ᠯᠠ ᠨᠣᠶᠢᠷ ᠠᠴᠠ | ᠰᠡᠷᠢᠯ᠎ᠡ᠃ ᠴᠣᠩᠬᠤᠨ ᠤ ᠬᠢᠨᠢ ᠴᠠᠭᠠᠨ᠎ᠠ ᠪᠠᠶᠢᠳᠠᠭ ᠰᠠᠭᠯᠠᠭᠠᠷ ᠮᠤᠳᠤᠨ ᠳᠤ ᠠᠮᠢᠳᠣᠷᠠᠳᠠᠭ ᠪᠢᠴᠢᠬᠠᠨ ᠬᠦᠬᠡᠷᠦᠬᠦᠨ | ᠰᠢᠪᠠᠭᠤᠳ ᠲᠡᠭᠦᠨ ᠢ ᠦᠷᠯᠦᠭᠡ ᠪᠦᠷᠢ ᠯᠠ ᠢᠩᠬᠢᠵᠦ ᠰᠡᠷᠢᠭᠡᠳᠡᠭ᠃ ᠡᠩᠭᠡᠮᠡ ᠣᠷᠤᠨ ᠳᠠᠭᠠᠨ ᠬᠡᠰᠡᠭ ᠬᠡᠪᠲᠡᠵᠦ | ᠲᠡᠳᠡᠭᠡᠷ ᠪᠢᠴᠢᠬᠠᠨ ᠰᠢᠪᠠᠭᠤᠳ ᠤᠨ ᠬᠦᠬᠡᠷᠦᠬᠦᠨ ᠰᠣᠯᠣᠭᠠᠨᠠᠭᠠ ᠶᠢ ᠰᠣᠨᠣᠰᠴᠦ ᠪᠦᠷ ᠳᠠᠰᠴᠠᠢ᠃ ᠡᠳᠡ ᠨᠠᠷ | ᠬᠦᠮᠦᠨ ᠤ ᠬᠡᠯᠡ ᠪᠠᠷ ᠶᠠᠷᠢᠳᠠᠭ ᠰᠠᠨ ᠪᠤᠯ᠂ ᠡᠩᠭᠡᠮᠡ ᠪᠤᠰᠤᠭᠠᠷᠠᠢ᠂ ᠬᠢᠴᠢᠶᠡᠯ ᠠᠴᠠ ᠪᠠᠨ ᠬᠤᠴᠤᠷᠤᠯ᠎ᠠ ᠰᠢᠣ ᠭᠡᠵᠦ | ᠬᠡᠯᠡᠬᠦ ᠪᠠᠶᠢᠬ᠎ᠠ ᠳ᠋ᠠ ᠭᠡᠵᠦ ᠪᠣᠳᠣᠭᠠᠳ ᠢᠨᠢᠶᠡᠮᠰᠦᠭᠯᠡᠭᠰᠡᠨ ᠢᠶᠠᠨ ᠪᠤᠰᠤᠯ᠎ᠠ᠃ ᠣᠷᠤᠨ ᠤ ᠬᠢ ᠨᠢ ᠬᠠᠵᠠᠭᠤ ᠶᠢᠨ | ᠰᠢᠷᠡᠭᠡᠨ ᠲᠡᠭᠡᠷ᠎ᠡ ᠴᠠᠭᠠᠰᠦ᠂ ᠬᠠᠷᠠᠨᠳᠠ ᠬᠦᠭᠯᠡᠷᠡᠨᠡ᠃ ᠣᠷᠣᠢ ᠵᠢᠷᠤᠵᠦ ᠪᠠᠶᠢᠭᠠᠳ ᠣᠷᠬᠢᠭᠰᠠᠨ ᠠᠷᠬᠢᠲ᠋ᠧᠺᠲ᠋ᠣᠷ ᠤᠨ | ᠠᠳᠠᠷᠠᠮ ᠠ᠋ ᠲᠠᠢ ᠣᠯᠠᠨ ᠵᠢᠷᠤᠭ ᠲᠡᠨᠳᠡ ᠨᠢ ᠡᠷᠢᠶᠡᠯᠵᠢᠯᠡᠨ ᠬᠠᠷᠠᠭᠳᠠᠨ ᠠ᠋᠃ ᠦᠨᠦᠳᠦᠷ ᠳᠣᠯᠠᠭᠠᠨ ᠪᠠᠶᠢᠬᠤ ᠪᠣᠯᠣᠯᠲᠠᠢ | ᠭᠡᠵᠦ ᠪᠣᠳᠣᠭᠠᠳ ᠣᠯᠠᠭᠠᠨ ᠡᠷᠢᠶᠡᠨ ᠳᠠᠰᠢᠨᠵᠠ ᠭᠠᠷᠭᠠᠨ ᠣᠷᠢᠳ ᠢᠶᠠᠨ ᠪᠠᠷᠢᠵᠦ ᠲᠤᠯᠢᠨ ᠳᠤ ᠬᠠᠷᠠᠭᠰᠠᠨ ᠢᠶᠠᠨ | ᠰᠡᠳᠭᠢᠯ ᠬᠠᠩᠭᠤᠯᠤᠭᠤᠨ ᠮᠦᠰᠢᠶᠡᠯ᠎ᠡ᠃ ᠦᠪᠡᠷ ᠲᠤ ᠨᠢ ᠭᠤᠶᠤ ᠵᠣᠬᠢᠳᠠᠭ ᠢ ᠲᠡᠷᠡ ᠰᠠᠶᠢᠨ ᠮᠡᠳᠡᠬᠦ ᠪᠢᠯᠡ᠃ | ᠳᠠᠩᠳᠠ ᠵᠢᠩᠰᠡᠨ ᠦᠮᠦᠳᠣ᠂ ᠬᠦᠩᠭᠡᠨ ᠭᠤᠲᠤᠯ ᠭᠡᠳ ᠣᠶᠣᠳᠠᠨ ᠬᠦᠮᠦᠨ ᠤ ᠡᠳᠦᠷ ᠳᠤᠲᠤᠮ ᠤᠨ | ᠬᠤᠪᠴᠠᠰᠣᠨ ᠠᠴᠠ ᠵᠠᠷᠢᠮ ᠳᠠᠭᠠᠨ ᠵᠠᠯᠬᠠᠵᠤ ᠭᠤᠶᠤ ᠳᠠᠰᠢᠨᠵᠠ ᠨᠠᠮᠢᠷᠠᠭᠤᠯᠵᠣ᠂ ᠦᠨᠳᠦᠷ ᠦᠰᠦᠬᠡᠢ ᠲᠠᠢ | ᠭᠤᠳᠤᠯ ᠤᠨ ᠦᠰᠦᠭᠡᠢ ᠲᠤᠪᠣᠷ᠂ ᠲᠤᠪᠣᠷ ᠳᠤᠣᠭᠠᠷᠭᠠᠨ᠂ ᠵᠠᠳᠠᠷᠠᠭᠰᠠᠨ ᠣᠷᠳᠤ ᠬᠠᠷ᠎ᠠ ᠭᠡᠵᠢᠭᠡ ᠪᠠᠨ ᠦᠶ᠎ᠡ ᠦᠶ᠎ᠡ | ᠮᠦᠷᠦ ᠪᠠᠨ ᠳᠠᠪᠠᠭᠤᠯᠤᠨ ᠰᠢᠳᠡᠯᠡᠨ ᠠᠯᠬᠤᠬᠤ ᠳᠤ ᠡᠩᠭᠡᠮᠡ ᠳᠣᠷᠠᠲᠠᠢ᠃ ᠣᠳᠤ ᠠᠴᠠ ᠭᠤᠷᠪᠠᠨ ᠵᠢᠯ ᠤᠨ ᠡᠮᠦᠨ᠎ᠡ | ᠲᠡᠷᠡ ᠸᠧᠨᠧᠽᠢᠶᠠ ᠬᠤᠲᠠ ᠶᠢᠨ ᠠᠷᠬᠢᠲ᠋ᠧᠺᠲ᠋ᠣᠷ ᠤᠨ ᠲᠡᠭᠡᠳᠦ ᠰᠣᠷᠭᠠᠭᠤᠯᠢ ᠳᠤ ᠰᠤᠷᠤᠯᠴᠠᠬᠤ ᠪᠠᠷ ᠢᠷᠡᠵᠦ | ᠪᠠᠶᠢᠭᠰᠠᠨ ᠨᠢ ᠰᠠᠶ᠋ᠢᠬᠠᠨ ᠮᠡᠳᠦ᠃ ᠸᠧᠨᠧᠽᠢᠶᠠ ᠬᠤᠲᠠ ᠪᠤᠯ᠄ ᠬᠡᠷᠴᠢᠭᠰᠡᠨ ᠮᠡᠳᠦ ᠣᠯᠠᠨ ᠣᠰᠣᠨ | ᠭᠤᠳᠤᠮᠵᠢ ᠨᠤᠭᠤᠳ᠂ ᠨᠣᠮᠤᠨ ᠬᠡᠯᠪᠡᠷᠢ ᠶᠢᠨ ᠭᠦᠣᠷ ᠨᠦᠭᠦᠳ᠂ ᠣᠰᠣᠨ ᠲᠠᠺᠰᠢ᠂ ᠣᠷᠠᠨ ᠪᠠᠷᠢᠮᠠᠯ ᠤᠳ ᠭᠡᠳ | ᠢᠲ᠋ᠠᠯᠢ ᠪᠠᠶᠢᠳᠣᠭᠠᠢ ᠳᠡᠯᠡᠬᠡᠢ ᠳᠤ ᠠᠯᠳᠠᠷᠲᠠᠢ ᠬᠤᠲᠠ ᠪᠢᠯᠡ᠃ | ᠣᠷᠣᠢ ᠪᠤᠯ ᠠᠳ᠋ᠷᠢᠶᠠᠲ ᠶᠢᠨ ᠲᠠᠩᠭᠢᠰ ᠠᠴᠠ ᠵᠦᠭᠡᠯᠡᠨ ᠰᠠᠯᠬᠢ ᠦᠯᠢᠶᠡᠵᠤ ᠣᠰᠣᠨ ᠭᠤᠳᠤᠮᠵᠢ ᠤᠳ ᠢᠶᠠᠷ | ᠲᠡᠨᠦᠬᠦᠴᠢᠯᠡᠨ ᠰᠡᠪᠡᠯᠵᠡᠨ᠎ᠡ᠃ ᠣᠷᠳᠤ ᠬᠢᠲ᠋ᠢᠭ ᠲᠠᠢ ᠣᠰᠣᠨ ᠲᠠᠺᠰᠢ ᠨᠤᠭᠤᠳ ᠬᠡᠳᠦᠨ ᠲᠠᠯ᠎ᠠ ᠳᠠᠭᠠᠨ ᠳ᠋ᠧᠩᠯᠦ | ᠠᠰᠠᠭᠠᠨ ᠵᠣᠷᠴᠢᠭᠴᠢ᠂ ᠵᠢᠭᠤᠯᠴᠢᠳ ᠢ ᠰᠠᠭᠤᠯᠭᠠᠨ ᠨᠠᠰᠢ ᠴᠠᠰᠢ ᠬᠦᠯᠬᠦᠬᠦ ᠪᠦᠭᠡᠳ ᠳᠠᠯᠪᠠᠭᠠᠷ ᠣᠷᠳᠤ ᠰᠡᠯᠢᠭᠦᠷ᠂ | ᠢᠷᠠᠯᠵᠠᠳᠠᠯᠡ ᠰᠡᠯᠢᠭᠦᠷᠳᠡᠵᠦ ᠪᠤᠢ ᠵᠠᠪᠢᠴᠢᠨ ᠣᠶᠠᠩᠭᠠᠲᠤ ᠳᠠᠭᠤᠣ ᠡᠭᠡᠰᠢᠭᠯᠡᠭᠦᠯᠵᠦ ᠡᠨᠡᠬᠦ ᠣᠰᠣᠨ ᠭᠤᠳᠤᠮᠵᠢ ᠤᠳ ᠢ | ᠳᠠᠭᠤᠣ ᠬᠤᠭᠤᠷ ᠢᠶᠠᠷ ᠴᠢᠮᠡᠨ᠎ᠡ᠃ ᠸᠧᠨᠧᠽᠢᠶᠠ ᠬᠤᠲᠠ ᠶᠢᠨ ᠵᠤᠨ ᠤ ᠰᠦᠨᠢ ᠪᠤᠯ ᠦᠨᠡᠬᠡᠷ ᠰᠠᠶᠢᠬᠠᠨ ᠁ | ᠣᠰᠣᠨ ᠲᠡᠭᠡᠷ᠎ᠡ ᠪᠠᠷᠢᠭᠰᠠᠨ ᠲᠠᠪᠴᠠᠩ ᠨᠤᠭᠤᠳ ᠤᠨ ᠺᠣᠹᠧᠨ ᠤ ᠭᠠᠵᠠᠷ ᠲᠤ ᠣᠷᠤᠵᠤ ᠬᠠᠯᠠᠭᠤᠨ ᠺᠣᠹᠧ᠂ | ᠺᠠᠫᠫᠣᠴᠢᠨᠣ᠋ ᠣᠣᠭᠤᠵᠦ ᠰᠠᠭᠤᠬᠤ ᠶᠠᠷᠢᠵᠤ ᠬᠦᠭᠡᠷᠬᠦ ᠪᠦᠷ ᠴᠦ ᠭᠤᠶᠤ᠃ ᠡᠩᠭᠡᠮᠡ ᠰᠤᠷᠭᠠᠭᠤᠯᠢ ᠠᠴᠠ ᠪᠠᠨ | ᠨᠡᠯᠢᠶᠡᠳ ᠵᠠᠶᠢᠲᠠᠢ ᠷᠢᠸ᠋ᠯᠯᠣ᠋ ᠰᠠᠨᠲ᠋ᠠ ᠰᠣᠹᠢᠶᠠ ᠳᠡᠭᠦᠷᠭᠡ ᠳᠤ ᠪᠠᠶᠢᠷᠢ ᠬᠦᠯᠦᠰᠦᠯᠡᠨ ᠠᠮᠢᠳᠣᠷᠠᠳᠠᠭ ᠪᠦᠭᠡᠳ | ᠭᠡᠷ ᠠᠴᠠ ᠪᠠᠨ ᠬᠡᠳᠦᠨ ᠮᠢᠨᠦ᠋ᠲ ᠠᠯᠬᠤᠭᠰᠠᠨ ᠤ ᠳᠠᠷᠠᠭ᠋ ᠠ᠋ ᠠᠦ᠋ᠲ᠋ᠣᠪᠣᠰ ᠲᠤ ᠰᠠᠭᠤᠵᠤ ᠰᠤᠷᠭᠠᠭᠤᠯᠢ ᠣᠷᠤᠭᠤ ᠪᠠᠨ | ᠶᠠᠪᠣᠨ᠎ᠠ᠃ ᠲᠡᠭᠦᠨ ᠢ ᠱᠠᠲᠤ ᠪᠠᠷ ᠣᠷᠤᠭᠤᠳᠠᠭᠰᠠᠭᠠᠷ ᠭᠠᠳᠠᠭ᠋ ᠠ᠋ ᠭᠠᠷᠴᠤ ᠢᠷᠡᠬᠦ ᠳᠤ ᠪᠢᠴᠢᠬᠠᠨ ᠰᠢᠪᠠᠭᠤᠳ ᠮᠦᠨ | ᠱᠣᠯᠣᠭᠠᠨᠠᠨ ᠵᠢᠷᠭᠢᠭᠰᠡᠭᠡᠷ ᠯᠠ ᠁ ᠬᠡᠵᠢᠶ᠎ᠡ ᠴᠦ ᠶᠤᠮ ᠪᠤᠢ︖ ᠬᠡᠨ ᠨᠢᠭᠡᠨ ᠤ ᠬᠡᠯᠡᠭᠰᠡᠨ ᠡᠮᠡᠭᠲᠠᠢ ᠬᠦᠮᠦᠨ᠂ | ᠢᠨᠢᠶᠡᠮᠰᠦᠭᠯᠡᠵᠤ ᠶᠠᠪᠣᠬᠤ ᠳᠤ ᠬᠤᠷᠸ᠎ᠠ ᠳᠡᠯᠡᠬᠡᠢ ᠳᠠᠭᠠᠵᠣ ᠢᠨᠢᠶᠡᠮᠰᠦᠭᠯᠡᠳᠡᠭ ᠶᠤᠮ ᠭᠡᠰᠡᠨ ᠦᠭᠡ ᠰᠠᠨᠠᠭᠠᠨ ᠳᠤ ᠨᠢ | ᠪᠠᠭᠤᠬᠤ ᠳᠤ ᠲᠡᠷᠡ ᠡᠬᠢᠯᠡᠭᠡᠳ ᠨᠠᠷᠠ ᠣᠷᠤᠭᠤ᠂ ᠳᠠᠷᠠᠭ᠋ ᠠ᠋ ᠨᠢ ᠪᠢᠴᠢᠬᠠᠨ ᠰᠢᠪᠠᠭᠤᠳ ᠣᠷᠤᠭᠤ ᠬᠠᠷᠠᠵᠤ | ᠢᠨᠢᠶᠡᠮᠰᠦᠭᠯᠡᠯ᠎ᠡ᠃ ᠲᠡᠭᠦᠨ ᠢ ᠢᠨᠢᠶᠡᠬᠦ ᠳᠤ ᠬᠠᠴᠠᠷ ᠲᠡᠭᠡᠷ᠎ᠡ ᠨᠢ ᠬᠤᠩᠬᠤᠶᠢᠳᠠᠭ ᠣᠴᠢᠷ ᠪᠠᠭ᠎ᠠ ᠪᠠᠶᠢᠬᠤ ᠳᠤ ᠨᠢ | ᠵᠠᠷᠢᠮ ᠨᠢ ᠠᠪᠤ ᠳᠠᠭᠠᠨ ᠡᠷᠬᠡ ᠬᠡᠣᠬᠡᠳ ᠨᠦᠭᠦᠭᠡ ᠬᠡᠰᠡᠭ ᠨᠢ ᠬᠦᠬᠡᠷᠦᠬᠦᠨ ᠦᠬᠢᠨ ᠤ ᠰᠢᠨᠵᠢ ᠭᠡᠵᠦ ᠢᠷᠡᠭᠡᠳ ᠯᠠ | ᠦᠬᠦᠭᠡᠷᠳᠡᠳᠡᠭ ᠰᠠᠨ ᠭᠡᠵᠦ ᠲᠡᠷᠡ ᠪᠣᠳᠣᠪᠠ᠃ | ᠡᠩᠬᠡᠮᠡ ᠶᠢᠨ ᠠᠮᠢᠳᠣᠷᠠᠳᠠᠭ ᠪᠠᠶᠢᠷᠢ ᠺᠠᠯᠯᠢ ᠳᠡᠯ ᠹᠣᠮᠣ᠋ ᠭᠤᠳᠤᠮᠵᠢᠨ ᠳᠤ ᠪᠠᠶᠢᠳᠠᠭ ᠪᠦᠭᠡᠳ ᠭᠡᠷ ᠠᠴᠠ ᠪᠠᠨ | 3 ᠮᠢᠨᠦ᠋ᠲ ᠠᠯᠬᠤᠭᠠᠳ ᠶᠤᠰᠤ ᠶᠤᠮ ᠰᠢᠭ᠋ ᠺᠣᠹᠧ ᠶᠢᠨ ᠭᠠᠵᠠᠷ ᠠᠴᠠ ᠬᠠᠯᠠᠭᠤᠨ ᠺᠠᠫᠫᠣᠴᠢᠨᠣ᠋ ᠠᠪᠴᠣ ᠣᠣᠭᠤᠭᠠᠳ | ᠠᠦ᠋ᠲ᠋ᠣᠪᠦᠰ ᠤᠨ ᠪᠠᠭᠤᠳᠠᠯ ᠣᠷᠤᠭᠤ ᠠᠯᠬᠤᠨ᠎ᠠ᠃ ᠭᠤᠳᠤᠮᠵᠢᠨ ᠤ ᠠᠳᠠᠭ ᠲᠤ ᠪᠠᠶᠢᠬᠤ ᠠᠶᠢᠷᠯᠠᠨᠳ᠋ ᠫᠢᠸᠤ᠋ ᠶᠢᠨ | ᠭᠠᠵᠠᠷ ᠢ ᠦᠩᠭᠡᠷᠡᠬᠦ ᠳᠤ ᠪᠣᠯᠣᠩ ᠳᠤ ᠴᠡᠴᠡᠭ ᠵᠠᠷᠤᠳᠠᠭ ᠡᠮᠡᠭᠡ ᠭᠠᠷ ᠲᠠᠯᠠᠯᠤᠨ ᠡᠩᠬᠡᠮᠡ ᠶᠢ ᠣᠭᠲᠤᠪᠠ᠃ ᠡᠨᠡ | ᠡᠮᠡᠭᠡ ᠦᠷᠯᠦᠭᠡ ᠪᠦᠷᠢ ᠡᠩᠬᠡᠮᠠ ᠲᠠᠢ ᠢᠩᠬᠢᠵᠦ ᠮᠡᠨᠳᠦᠴᠢᠯᠡᠳᠡᠭ ᠪᠢᠯᠡ᠃ ᠡᠮᠡᠭᠡᠨ ᠡᠩᠬᠡᠮᠡ ᠶᠢ ᠳᠤᠣᠷ᠎ᠠ ᠠᠴᠠ | ᠳᠡᠭᠡᠭᠰᠢ ᠬᠦᠷᠳᠡᠯ᠎ᠡ ᠬᠠᠷᠠᠭᠰᠠᠨ ᠢᠶᠠᠨ ᠢᠨᠢᠶᠡᠮᠰᠦᠭᠯᠡᠵᠤ ᠪᠦᠰᠡᠬᠦᠢ ᠮᠢᠨᠢ ᠲᠠ ᠦᠨᠦᠳᠦᠷ ᠲᠦᠢᠯ ᠤᠨ | ᠦᠵᠡᠰᠬᠦᠯᠡᠩᠲᠡᠢ ᠬᠠᠷᠠᠭᠳᠠᠵᠤ ᠪᠠᠶᠢᠨ᠎ᠠ᠂ ᠶᠠᠭ ᠯᠠ ᠮᠢᠨᠦ ᠡᠨᠡ ᠵᠠᠷᠣᠵᠦ ᠪᠠᠶᠢᠭ᠎ᠠ ᠰᠠᠷᠠᠨᠠᠢ ᠴᠡᠴᠡᠭ ᠰᠢᠭ ᠭᠡᠬᠦ ᠳᠤ | ᠡᠩᠭᠡᠮᠡ ᠲᠠᠨ ᠳᠤ ᠶᠡᠭᠡ ᠪᠠᠶᠠᠷᠯᠠᠯ ᠠ᠋ ᠭᠡᠪᠡᠯ ᠨᠠᠭᠠᠳᠣᠬᠢ ᠳᠠᠰᠢᠨᠵᠠ ᠴᠢᠨᠢ ᠶᠡᠭᠡ ᠭᠤᠶᠤ ᠵᠤᠬᠢᠵᠦ ᠪᠠᠶᠢᠨ᠎ᠠ ᠶᠠᠮᠠᠷ ᠴᠦ | ᠡᠷᠡᠭᠲᠠᠢ ᠬᠦᠮᠦᠨ ᠡᠷᠭᠢᠵᠦ ᠬᠠᠷᠠᠬᠤ ᠶᠤᠮ ᠪᠠᠶᠢᠨ᠎ᠠ᠃ ᠲᠠᠨ ᠤ ᠶᠠᠫᠣᠨ ᠡᠮᠡᠭᠲᠠᠶᠢᠴᠣᠳ ᠢᠩᠬᠢᠵᠦ ᠭᠤᠶᠤ | ᠬᠤᠪᠴᠠᠰᠣᠯᠠᠳᠠᠭ ᠤᠤ︖ ᠭᠡᠬᠦ ᠳᠤ ᠡᠩᠭᠡᠮᠡ ᠠᠭᠤᠴᠢᠯᠠᠭᠠᠷᠠᠢ︕ ᠪᠢ ᠶᠠᠫᠣᠨ ᠪᠢᠰᠢ ᠮᠣᠩᠭᠤᠯ ᠬᠦᠮᠦᠨ ᠯᠠ ᠳ᠋ᠧ | ᠭᠡᠬᠦ ᠳᠤ ᠡᠮᠡᠭᠡ ᠮᠠᠨ ᠤ ᠡᠨᠡ ᠡᠧᠦ᠋ᠷᠦᠫᠡᠴᠦᠳ ᠭᠤᠶᠤ ᠯᠠ ᠠᠽᠢᠶ᠎ᠠ ᠪᠦᠰᠡᠬᠦᠢ ᠪᠠᠶᠢᠪᠠᠯ ᠶᠠᠫᠣᠨ ᠭᠡᠵᠦ ᠪᠣᠳᠣᠳᠠᠭ | ᠲᠣᠮᠣ ᠠᠳᠡᠭᠦᠷᠡᠳᠡᠭ ᠬᠦᠮᠦᠰ ᠳ᠋ᠧ ᠭᠡᠳ ᠢᠨᠢᠶᠡᠭᠰᠡᠨ ᠢᠶᠠᠨ ᠨᠢᠭᠡ ᠰᠢᠷᠬᠡᠭ ᠣᠯᠠᠭᠠᠨ ᠰᠠᠷᠠᠨᠠᠢ ᠶᠢ ᠡᠩᠬᠡᠮᠡ ᠳᠤ | ᠦᠭᠭᠦᠭᠡᠳ ᠲᠠᠨ ᠳᠤ ᠪᠡᠯᠡᠭᠯᠡᠵᠦ ᠪᠠᠶᠢᠭ᠎ᠠ ᠶᠤᠮ᠂ ᠲᠠ ᠶᠠᠭ ᠯᠠ ᠡᠨᠡ ᠣᠯᠠᠭᠠᠬᠠᠨ ᠰᠠᠷᠠᠨᠠᠢ ᠰᠢᠭ᠋ ᠪᠠᠶᠢᠭ᠎ᠠ ᠪᠤᠯᠬᠤᠷ | ᠭᠡᠳ ᠢᠨᠢᠶᠡᠪᠡ᠃ ᠪᠣᠭᠤᠷᠣᠯ ᠦᠰᠦᠲᠠᠢ᠂ ᠨᠢᠳᠦᠨ ᠳᠤ ᠲᠣᠯᠠᠭᠠᠬᠠᠨ ᠡᠶᠡᠯᠳᠡᠭ ᠡᠮᠧ ᠳᠤ ᠲᠠᠯᠠᠷᠬᠠᠭᠠᠳ | ᠠᠦ᠋ᠲ᠋ᠣᠪᠦᠰ ᠤᠨ ᠪᠠᠭᠤᠳᠠᠯ ᠣᠷᠤᠭᠤ ᠠᠯᠬᠤᠪᠠ᠃ ᠡᠩᠬᠡᠮᠡ ᠶᠢᠨ ᠣᠯᠠᠭᠠᠨ ᠡᠷᠢᠶᠡᠨ ᠳᠠᠰᠢᠨᠵᠠ ᠣᠯᠠᠭᠠᠨ ᠰᠠᠷᠠᠨᠠᠢ | ᠬᠤᠶᠠᠷ ᠭᠤᠶᠤ ᠵᠤᠬᠢᠴᠠᠵᠦ ᠪᠠᠶᠢᠭ᠎ᠠ ᠨᠢ ᠦᠩᠭᠡᠷᠡᠵᠦ ᠪᠠᠶᠢᠭ᠎ᠠ ᠬᠦᠮᠦᠰ ᠤᠨ ᠬᠠᠷᠠᠴᠠᠨ ᠠᠴᠠ ᠮᠡᠳᠡᠭᠳᠡᠵᠣ ᠪᠠᠶᠢᠯ᠎ᠠ᠃ | ᠡᠨᠡ ᠡᠳᠦᠷ ᠠᠭᠤᠷ ᠲᠠᠢ ᠴᠢᠷᠠᠢ ᠲᠠᠢ ᠬᠤᠲᠠ ᠲᠦᠯᠦᠪᠯᠡᠯᠲᠡ ᠶᠢᠨ ᠪᠠᠭᠰᠢ ᠷᠤᠰᠰᠢ ᠢᠨᠢᠶᠡᠮᠰᠦᠭᠯᠡᠵᠤ ᠪᠠᠶᠢᠭᠰᠠᠨ᠂ | ᠣᠷᠢᠳᠴᠢᠯᠠᠭᠰᠠᠨ ᠨᠢᠭᠡ ᠰᠢᠯᠭᠠᠯᠲᠠ ᠪᠠᠨ ᠰᠠᠶᠢᠨ ᠦᠭᠭᠦᠭᠰᠡᠨ ᠵᠡᠷᠭᠡ ᠶᠢ ᠰᠠᠨᠠᠭᠰᠠᠨ ᠢᠶᠠᠨ ᠡᠩᠭᠡᠮᠡ᠂ | ᠦᠷᠯᠦᠬᠡᠨ ᠠᠴᠠ ᠡᠬᠢᠯᠡᠭᠡᠳ ᠯᠠ ᠪᠦᠬᠦ ᠶᠠᠭᠤᠮ᠎ᠠ ᠰᠠᠶᠢᠬᠠᠨ ᠡᠬᠢᠯᠡᠭᠰᠡᠨ ᠶᠣᠮ ᠡ ᠭᠡᠵᠦ ᠰᠡᠳᠭᠢᠯ ᠬᠠᠩᠭᠤᠯᠤᠭᠤᠨ | ᠪᠣᠳᠣᠭᠠᠳ ᠠᠦ᠋ᠲ᠋ᠣᠪᠦᠰ ᠠᠴᠠ ᠪᠠᠭᠤᠵᠤ ᠠᠯᠬᠤᠯ᠎ᠠ᠃ ᠣᠷᠣᠢ ᠪᠣᠯᠣᠭᠰᠠᠨ ᠣᠴᠢᠷ ᠴᠡᠴᠡᠭ ᠵᠠᠷᠤᠳᠠᠭ ᠡᠮᠡᠭᠡ | ᠦᠯᠡᠳᠡᠭᠳᠡᠯ ᠴᠡᠴᠡᠭ ᠢᠶᠠᠨ ᠬᠤᠷᠢᠶᠠᠵᠤ ᠪᠠᠶᠢᠪᠠ᠃ ᠡᠮᠡᠭᠡ᠂ ᠡᠩᠬᠡᠮᠡ ᠶᠢ ᠬᠠᠷᠠᠭᠰᠠᠨ ᠢᠶᠠᠨ ᠪᠦᠰᠡᠬᠦᠢ ᠮᠢᠨᠢ | ᠦᠨᠦᠳᠦᠷ ᠶᠡᠭᠡ ᠬᠠᠳᠠᠭᠠᠭᠰᠠᠨ ᠡᠳᠦᠷ ᠪᠠᠶᠢᠭᠰᠠᠨ ᠴᠢᠨᠢ ᠨᠢᠭᠤᠷ ᠠᠴᠠ ᠴᠢᠨᠢ ᠬᠠᠷᠠᠭᠳᠠᠵᠤ ᠪᠠᠶᠢᠨ᠎ᠠ ᠭᠡᠬᠦ ᠳᠤ | ᠡᠩᠭᠡᠮᠡ ᠲᠠᠨ ᠤ ᠪᠡᠯᠡᠭᠯᠡᠭᠰᠡᠨ ᠰᠠᠷᠠᠨᠠᠢ ᠶᠢᠨ ᠬᠦᠴᠦ ᠭᠡᠳ ᠢᠨᠢᠶᠡᠪᠡ᠃ ᠡᠮᠡᠭᠡ᠂ ᠬᠡᠷᠪᠡ ᠦᠬᠢᠨ ᠮᠢᠨᠢ ᠶᠠᠭᠠᠷᠠᠭ᠎ᠠ | ᠦᠭᠡᠢ ᠪᠤᠯ ᠨᠠᠳᠠ ᠲᠠᠢ ᠰᠠᠭᠤᠵᠤ ᠺᠠᠫᠫᠣᠴᠢᠨᠣ᠋ ᠣᠣᠭᠤᠭᠠᠴᠢ᠂ ᠲᠠᠯᠢᠭᠠᠴᠢ ᠡᠪᠦᠭᠡᠨ ᠠᠴᠠ ᠪᠠᠨ ᠬᠤᠶᠢᠰᠢ ᠭᠡᠷ ᠲᠡᠭᠡᠨ | ᠣᠷᠤᠬᠤ ᠪᠠᠷ ᠯᠠ ᠣᠶᠢᠳᠬᠠᠷ ᠲᠠᠢ ᠰᠠᠨᠠᠭᠳᠠᠭᠠᠳ ᠪᠠᠶᠢᠳᠠᠭ ᠶᠤᠮ᠂ ᠭᠡᠰᠡᠨ ᠢᠶᠠᠨ — ᠪᠢ ᠺᠠᠫᠫᠣᠴᠢᠨᠣ᠋ ᠳᠤ | ᠳᠣᠷᠠᠲᠠᠢ ᠬᠠᠷᠢᠨ ᠴᠢ ᠭᠡᠬᠦ ᠳᠤ ᠡᠩᠭᠡᠮᠡ ᠢᠨᠢᠶᠡᠳᠤ ᠠᠯᠳᠠᠵᠦ ᠪᠢ ᠴᠦ ᠪᠠᠰᠠ ᠭᠡᠪᠡ᠃ ᠭᠤᠳᠤᠮᠵᠢᠨ ᠤ ᠭᠡᠷᠡᠯ ᠤᠳ | ᠠᠯᠢ ᠬᠡᠳᠦᠶᠢᠨ ᠠᠰᠠᠵᠦ᠂ ᠣᠣᠭᠤᠰᠢ ᠶᠢᠨ ᠭᠠᠵᠠᠷ ᠤᠳ ᠬᠦᠮᠦᠨ ᠶᠡᠬᠡᠲᠡᠢ ᠬᠠᠷᠠᠭᠳᠠᠨ ᠠ᠋᠃ ᠮᠠᠷᠭᠠᠰᠢ | ᠠᠮᠠᠷᠠᠯᠲᠠ ᠶᠢᠨ ᠡᠳᠦᠷ ᠣᠴᠢᠷ ᠠᠴᠠ ᠡᠩᠭᠡᠮᠡ ᠴᠦ ᠡᠮᠧ ᠶᠢᠨ ᠣᠷᠢᠯᠭ᠎ᠠ ᠠᠴᠠ ᠲᠠᠳᠠᠭᠠᠯᠵᠠᠭᠰᠠᠨ ᠦᠬᠡᠢ᠃ | ᠲᠡᠷᠡ ᠬᠤᠶᠠᠷ ᠬᠠᠯᠠᠭᠤᠨ ᠺᠠᠫᠫᠣᠴᠢᠨᠣ᠋ ᠣᠣᠭᠤᠵᠦ ᠵᠦᠭᠡᠯᠡᠨ ᠰᠠᠨᠳᠠᠯᠢ ᠨᠠᠯᠠᠨ ᠲᠣᠬᠠᠯᠠᠵᠠᠭᠠᠪᠠ᠃ ᠪᠢ | ᠰᠠᠷᠠᠨᠠᠢ ᠳᠤ ᠲᠦᠢᠯ ᠤᠨ ᠶᠡᠭᠡ ᠳᠣᠷᠠᠲᠠᠢ ᠬᠦᠮᠦᠨ ᠯᠠ ᠳ᠋ᠧ᠂ ᠣᠳᠤ ᠠᠴᠠ 50 ᠭᠠᠷᠤᠢ ᠵᠢᠯ ᠤᠨ ᠡᠮᠦᠨ᠎ᠡ ᠠᠩᠬ ᠠ᠋ | ᠸᠢᠨᠽᠧᠨᠵᠣ᠋ ᠪᠠᠨ ᠬᠠᠷᠠᠭᠰᠠᠨ ᠶᠤᠮ ᠭᠡᠳ ᠡᠮᠡᠭᠡ ᠶᠠᠷᠢᠶ᠎ᠠ ᠪᠠᠨ ᠡᠬᠢᠯᠡᠪᠡ᠃ ᠪᠢ ᠣᠭ ᠨᠢ ᠮᠢᠯᠠᠨᠣ᠋ ᠬᠤᠲᠠ ᠶᠢᠨ ᠬᠦᠮᠦᠨ | ᠂ ᠮᠢᠯᠠᠨᠣ᠋ ᠪᠤᠯ ᠢᠲ᠋ᠠᠯᠢ ᠶᠢᠨ ᠠᠵᠤ ᠦᠢᠯᠡᠳᠪᠦᠷᠢ ᠶᠢᠨ ᠨᠦᠰᠡᠷ ᠲᠣᠮᠣ ᠬᠤᠲᠠ ᠰᠢᠣ ᠳ᠋ᠧ᠃ ᠮᠠᠨᠠᠶᠢᠬᠢ ᠫᠣᠷᠲ᠋ᠠ | ᠷᠣᠮᠠᠨᠣ᠋ ᠳᠡᠭᠦᠷᠭᠡ ᠳᠤ ᠠᠮᠢᠳᠣᠷᠠᠳᠠᠭ ᠪᠠᠶᠢᠯ᠎ᠠ᠃ ᠠᠪᠤ ᠮᠠᠨᠢ ᠦᠢᠯᠡᠳᠪᠦᠷᠢ ᠳᠤ ᠠᠵᠢᠯᠯᠠᠵᠤ ᠡᠵᠢ ᠮᠢᠨᠢ | ᠣᠭᠢᠶᠠᠯᠭ᠎ᠠ ᠶᠢᠨ ᠭᠠᠵᠠᠷ ᠲᠤ ᠦᠷᠯᠦᠬᠡᠨ ᠠᠴᠠ ᠣᠷᠣᠢ ᠬᠦᠷᠳᠡᠯ᠎ᠡ ᠠᠵᠢᠯᠯᠠᠨ ᠠ᠋᠃ ᠲᠡᠭᠡᠬᠦ ᠳᠤ ᠪᠢ 18 ᠨᠠᠰᠤ ᠲᠠᠢ | ᠬᠤᠩᠭᠤᠷᠬᠠᠨ ᠦᠬᠢᠨ ᠪᠠᠶᠢᠯ᠎ᠠ᠃ ᠨᠢᠭᠡ ᠡᠳᠦᠷ ᠡᠵᠢ ᠮᠠᠨᠢ ᠶᠠᠮᠠᠷ ᠨᠢᠭᠡᠨ ᠠᠵᠢᠯ ᠭᠠᠷᠴᠤ᠂ ᠣᠷᠤᠨ ᠳᠠᠭᠠᠨ ᠨᠠᠮᠠᠢᠢ | ᠠᠵᠢᠯᠯᠠᠭᠤᠯᠬᠤ ᠪᠣᠯᠪᠡ᠃ ᠪᠢ ᠬᠡᠴᠢᠨᠡᠨ ᠳᠤᠷ᠎ᠠ ᠦᠭᠡᠢ ᠶᠠᠪᠣᠭᠰᠠᠨ ᠭᠡᠭᠴᠢ ᠁ ᠲᠤᠲᠤᠷ᠎ᠠ ᠪᠠᠨ ᠠᠭᠤᠷᠯᠠᠭᠠᠳ | ᠯᠠ᠃ ᠠᠵᠢᠯᠯᠠᠵᠤ ᠪᠠᠶᠢᠳᠠᠯ᠎ᠠ ᠦᠳᠠ ᠲᠤᠮᠳᠠ ᠶᠢᠨ ᠦᠶ᠎ᠡ ᠳᠤ ᠨᠢᠭᠡ ᠵᠠᠯᠠᠭᠤ ᠬᠤᠪᠴᠠᠰᠤ ᠣᠬᠢᠶᠠᠯᠭᠠᠬᠤ ᠪᠠᠷ | ᠢᠷᠡᠯ᠎ᠡ᠃ ᠪᠢ ᠲᠡᠭᠦᠨ ᠤ ᠭᠠᠷ ᠠᠴᠠ ᠣᠭᠤᠲᠠ ᠲᠠᠢ ᠬᠤᠪᠴᠠᠰᠤ ᠶᠢ ᠨᠢ ᠠᠪᠴᠣ ᠪᠠᠶᠢᠬᠤ ᠳᠠᠭᠠᠨ ᠭᠦᠯᠦᠷᠴᠦ | ᠣᠷᠬᠢᠪᠠ᠃ ᠲᠡᠭᠦᠨ ᠤ ᠬᠦᠮᠦᠰᠬᠡ ᠣᠷᠤᠭᠤ ᠣᠨᠵᠠᠶᠢᠭᠰᠠᠨ ᠲᠣᠯᠬᠢᠶᠠᠳᠣᠭᠰᠠᠨ ᠬᠠᠷ᠎ᠠ ᠦᠰᠦ᠂ ᠶᠠᠭᠤᠨ ᠳᠤ ᠴᠦ | ᠭᠤᠨᠢᠭᠯᠠᠬᠤ ᠪᠠᠷ ᠦᠭᠡᠢ ᠰᠠᠶᠢᠬᠠᠨ ᠨᠢᠳᠦ᠂ ᠳᠠᠷᠤᠣᠬᠠᠨ ᠮᠦᠷᠲᠡᠯ᠎ᠡ ᠪᠠᠨ᠂ ᠢᠯᠠᠩᠭᠤᠶ᠎ᠠ ᠡᠮᠡᠭᠲᠠᠢ ᠬᠦᠮᠦᠨ ᠢ ᠣᠷᠢᠨ | ᠳᠠᠭᠤᠳᠠᠬᠤ ᠮᠡᠳᠦ ᠢᠨᠢᠶᠡᠮᠰᠦᠭᠯᠡᠯ ᠨᠢ ᠮᠢᠨᠦ ᠬᠤᠪᠢ ᠳᠤ ᠠᠮᠢᠳᠣᠷᠠᠯ ᠳᠠᠭᠠᠨ ᠠᠩᠬ ᠠ᠋ ᠣᠳᠠᠭ᠎ᠠ ᠬᠠᠷᠠᠭᠰᠠᠨ᠂ | ᠮᠡᠳᠡᠷᠡᠭᠰᠡᠨ ᠰᠠᠶᠢᠬᠠᠨ ᠵᠦᠢᠯ ᠪᠠᠶᠢᠯ᠎ᠠ᠃ ᠲᠡᠭᠦᠨ ᠢ ᠬᠤᠶᠠᠳᠠᠬᠢ ᠣᠳᠠᠭ᠋ ᠠ᠋ ᠪᠠᠨ ᠪᠢ ᠬᠤᠪᠴᠠᠰᠤ ᠪᠠᠨ ᠬᠡᠵᠢᠶ᠎ᠡ | ᠠᠪᠬᠤ ᠪᠤᠢ︖ ᠭᠡᠬᠦ ᠳᠤ ᠣᠳᠠᠭᠠᠨ ᠭᠦᠯᠢᠷᠡᠭᠰᠡᠨ ᠳᠡᠭᠡᠨ ᠪᠢ ᠲᠦᠢᠯ ᠤᠨ ᠶᠡᠭᠡ ᠢᠴᠢᠵᠦ᠂ ᠣᠷᠣᠢ 7 ᠴᠠᠭ ᠲᠤ | ᠭᠡᠳ ᠬᠡᠯᠡᠴᠢᠬᠡᠪᠡ᠃ ᠲᠠᠰᠤᠯᠪᠣᠷᠢ ᠲᠡᠭᠡᠷ᠎ᠡ ᠸᠢᠨᠽᠧᠨᠵᠣ᠋ ᠭᠡᠵᠦ ᠪᠢᠴᠢᠭᠰᠡᠨ ᠪᠠᠶᠢᠬᠤ ᠶᠢ ᠬᠠᠷᠠᠭᠠᠳ ᠴᠠᠰᠢ ᠪᠠᠨ | ᠠᠯᠬᠤᠵᠦ ᠶᠠᠪᠣᠭ᠎ᠠ ᠵᠠᠯᠠᠭᠤ ᠶᠢᠨ ᠠᠷᠣ ᠠᠴᠠ ᠸᠢᠨᠽᠧᠨᠵᠣ᠋᠂ ᠸᠢᠨᠽᠧᠨᠵᠣ᠋ ᠭᠡᠵᠦ ᠰᠢᠪᠨᠡᠭᠰᠡᠭᠡᠷ ᠦᠯᠡᠳᠡᠭᠰᠡᠨ ᠶᠤᠮ᠃ | ᠪᠢ ᠲᠡᠷᠡ ᠲᠠᠷᠤᠢ ᠳᠠᠭᠠᠨ ᠸᠢᠨᠽᠧᠨᠵᠣ᠋ ᠶᠢᠨ ᠬᠤᠪᠴᠠᠰᠤ ᠶᠢ ᠬᠠᠮᠤᠭ ᠤᠨ ᠲᠦᠷᠦᠭᠦᠨ ᠳᠤ ᠴᠡᠪᠡᠷᠯᠡᠪᠡ᠃ ᠪᠠᠶᠢᠨ | ᠪᠠᠶᠢᠨ ᠴᠠᠭ ᠤᠨ ᠵᠡᠭᠦᠦ ᠣᠷᠤᠭᠤ ᠬᠠᠷᠠᠬᠤ ᠪᠣᠯᠪᠡ ᠴᠦ ᠲᠤᠩ ᠣᠳᠠᠭᠠᠨ ᠶᠠᠪᠣᠵᠤ ᠪᠠᠶᠢᠬᠤ ᠰᠢᠭ᠋᠃ ᠵᠢᠷᠦᠬᠡ ᠮᠢᠨᠢ | ᠣᠷᠢᠳᠦ ᠣᠷᠢᠳᠤ ᠶᠢᠨ ᠬᠢ ᠠᠴᠠ ᠦᠭᠡᠷ᠎ᠡ ᠪᠠᠷ ᠴᠤᠬᠢᠯᠠᠭᠠᠳ ᠴᠦ ᠪᠠᠶᠢᠬᠤ ᠰᠢᠭ᠋᠃ ᠭᠡᠪᠡᠴᠤ ᠲᠡᠷᠡ ᠢᠷᠡᠭᠰᠡᠨ | ᠦᠭᠡᠢ ᠡ᠃ ᠪᠦᠷ ᠣᠭᠢᠶᠠᠯᠭ᠎ᠠ ᠶᠢᠨ ᠭᠠᠵᠠᠷ ᠬᠠᠭᠠᠭᠰᠠᠨ ᠠᠴᠠ ᠬᠤᠶᠢᠰᠢ ᠬᠦᠯᠢᠶᠡᠭᠰᠡᠨ ᠪᠤᠯᠪᠠᠴᠤ ᠲᠡᠷᠡ ᠢᠷᠡᠭᠰᠡᠨ | ᠦᠭᠡᠢ᠃ ᠮᠠᠷᠭᠠᠰᠢ ᠣᠷᠣᠢ ᠨᠢ ᠡᠵᠢ ᠠᠵᠢᠯ ᠠᠴᠠ ᠪᠠᠨ ᠲᠠᠷᠬᠠᠵᠦ ᠢᠷᠡᠬᠦ ᠳᠡᠭᠡᠨ᠂ ᠦᠨᠦᠳᠦᠷ ᠴᠢᠮᠠᠢᠢ ᠨᠢᠭᠡ ᠵᠠᠯᠠᠭᠤ | ᠠᠰᠠᠭᠤᠭᠠᠳ᠂ ᠦᠴᠦᠭᠡᠳᠦᠷ ᠠᠵᠢᠯᠯᠠᠵᠤ ᠪᠠᠶᠢᠭᠰᠠᠨ ᠦᠬᠢᠨ ᠬᠠᠮᠢᠭᠠᠰᠢ ᠪᠠᠨ ᠶᠠᠪᠣᠭᠰᠠᠨ ᠪᠤᠢ︖ ᠨᠡᠷ᠎ᠡ ᠶᠢ ᠨᠢ | ᠬᠡᠨ ᠭᠡᠳᠡᠭ ᠶᠤᠮ ᠪᠤᠢ︖ ᠭᠡᠳ ᠯᠠ ᠣᠯᠠᠨ ᠶᠠᠭᠤᠮ᠎ᠠ ᠠᠰᠠᠭᠤᠭᠠᠳ ᠪᠠᠶᠢᠬᠤ ᠪᠠᠷ ᠨᠢ ᠠᠭᠤᠷᠯᠠᠭᠠᠳ᠂ | ᠶᠠᠪᠤᠭᠤᠯᠴᠢᠬᠠᠯ᠎ᠠ ᠭᠡᠬᠦ ᠳᠤ ᠨᠢ ᠲᠤᠯᠤᠭᠠᠢ ᠣᠷᠤᠭᠤ ᠪᠠᠨ ᠶᠠᠭᠤᠮ᠎ᠠ ᠪᠠᠷ ᠴᠤᠬᠢᠭᠤᠯᠬᠤ ᠰᠢᠭ᠋ ᠪᠤᠯᠵᠤ ᠪᠢᠯᠡ᠃ | ᠡᠵᠢ ᠶᠢ ᠠᠷᠭᠠᠯᠠᠵᠤ ᠪᠠᠶᠢᠭᠠᠳ ᠬᠡᠳᠦ ᠬᠡᠳᠦᠨ ᠣᠳᠠᠭ᠎ᠠ ᠣᠷᠤᠨ ᠳᠤ ᠨᠢ ᠠᠵᠢᠯᠯᠠᠭᠰᠠᠨ ᠪᠤᠯᠪᠠᠴᠤ ᠸᠢᠨᠽᠧᠨᠵᠣ᠋ ᠲᠠᠢ | ᠲᠠᠭᠠᠷᠠᠯᠳᠣᠭᠰᠠᠨ ᠦᠭᠡᠢ᠃ ᠠᠷᠠᠢ ᠡᠨᠡ ᠬᠤᠳᠠ ᠠᠴᠠ ᠨᠡᠬᠦᠴᠢᠭᠡᠭᠰᠡᠨ ᠶᠤᠮ ᠪᠢᠰᠢ ᠪᠠᠶᠢᠭ᠋ ᠠ᠋ ᠳ᠋ᠠ ᠭᠡᠵᠦ ᠰᠠᠨᠠᠭ᠎ᠠ | ᠵᠣᠪᠠᠵᠣ ᠡᠬᠢᠯᠡᠪᠡ᠃ ᠲᠡᠷᠡ ᠨᠢᠭᠡᠨ ᠡᠳᠦᠷ ᠪᠣᠷᠬᠠᠨ ᠨᠠᠮᠠᠢᠢ ᠢᠪᠡᠭᠡᠭᠰᠡᠨ ᠡᠳᠦᠷ ᠪᠠᠶᠢᠭᠰᠠᠨ ᠶᠤᠮ᠃ ᠪᠢ | ᠦᠳᠠ ᠠᠴᠠ ᠬᠤᠶᠢᠰᠢ ᠡᠵᠢ ᠶᠢᠨ ᠣᠷᠤᠨ ᠳᠤ ᠠᠵᠢᠯᠯᠠᠵᠤ ᠪᠠᠶᠢᠳᠠᠯ᠎ᠠ ᠨᠢᠭᠡ ᠬᠦᠮᠦᠨ ᠣᠷᠤᠵᠤ ᠢᠷᠡᠭᠰᠡᠨ ᠨᠢ | ᠸᠢᠨᠽᠧᠨᠵᠣ᠋ ᠮᠢᠨᠦ ᠮᠦᠷᠦᠭᠡᠳᠦᠯ ᠪᠣᠯᠣᠭᠰᠠᠨ ᠲᠡᠷᠡ ᠵᠠᠯᠠᠭᠤ ᠵᠤᠭᠰᠤᠵᠤ ᠪᠠᠶᠢᠯ᠎ᠠ᠃ ᠪᠢ ᠰᠠᠨᠳᠤᠷᠤᠨ ᠲᠡᠭᠦᠨ ᠢ ᠪᠠᠨ | ᠮᠡᠳᠡᠭᠳᠡᠬᠦ ᠦᠬᠡᠢ ᠶᠢ ᠬᠢᠴᠢᠶᠡᠭᠰᠡᠨ ᠪᠤᠯᠪᠠᠴᠤ ᠵᠢᠷᠦᠬᠡ ᠮᠢᠨᠢ ᠭᠠᠷ ᠰᠢᠭ᠋ ᠮᠢᠨᠢ ᠴᠡᠴᠡᠷᠡᠵᠤ ᠪᠠᠶᠢᠬᠤ ᠶᠢ ᠮᠡᠳᠡᠷᠡᠪᠡ᠃ | ᠲᠡᠷᠡ ᠢᠨᠢᠶᠡᠮᠰᠦᠭᠯᠡᠭᠰᠡᠨ ᠢᠶᠠᠨ᠂ ᠣᠳᠠᠭᠠᠨ ᠠᠭᠤᠯᠵᠠᠭᠰᠠᠨ ᠦᠭᠡᠢ ᠰᠢᠣ︕ ᠴᠢᠮᠠᠢᠢ ᠬᠡᠨ ᠭᠡᠳᠡᠭ ᠪᠤᠢ︖ | ᠭᠡᠬᠦ ᠳᠤ ᠪᠢ ᠲᠤᠩ ᠠᠶᠠᠷᠬᠠᠨ ᠢᠶᠠᠷ ᠠᠮᠧᠳᠢᠶᠨ ᠭᠡᠵᠦ ᠬᠡᠯᠡᠬᠦ ᠳᠤ ᠶᠠᠮᠠᠷ ᠭᠤᠶᠤ ᠨᠡᠷ᠎ᠡ ᠪᠤᠢ︖ ᠮᠢᠨᠦ | ᠬᠤᠪᠴᠠᠰᠤ ᠶᠢ ᠦᠨᠦᠳᠦᠷ ᠣᠷᠣᠢ ᠭᠠᠷᠭᠠᠵᠤ ᠴᠢᠳᠠᠬᠤ ᠤᠤ︕ ᠪᠢ ᠣᠷᠣᠢ ᠢᠷᠡᠶ᠎ᠡ ᠭᠡᠬᠦ ᠳᠤ ᠨᠢ ᠪᠢ ᠲᠤᠯᠤᠭᠠᠢ | ᠳᠤᠬᠢᠪᠠ᠃ ᠪᠢ ᠵᠠᠪᠠᠯ ᠢᠷᠡᠨ᠎ᠡ ᠡ ᠭᠡᠳ ᠲᠡᠷᠡ ᠨᠦᠭᠦᠭᠡᠬᠢ ᠯᠠ ᠰᠡᠳᠭᠢᠯ ᠲᠠᠲᠠᠮ ᠠ᠋ ᠢᠯᠳᠠᠮᠬᠠᠨ ᠢᠶᠠᠷ | ᠢᠨᠢᠶᠡᠮᠰᠦᠭᠯᠡᠭᠰᠡᠭᠡᠷ ᠭᠠᠷᠴᠤ ᠣᠳᠪᠠ᠃ ᠣᠷᠣᠢ ᠠᠵᠢᠯ ᠲᠠᠷᠬᠠᠵᠦ ᠪᠠᠶᠢᠬᠤ ᠳᠤ ᠸᠢᠨᠽᠧᠨᠵᠣ᠋ ᠢᠷᠡᠯ᠎ᠡ᠃ ᠲᠡᠷᠡ | ᠭᠠᠷ ᠲᠠᠭᠠᠨ ᠨᠢᠭᠡ ᠰᠢᠷᠬᠡᠭ ᠭᠠᠯ ᠣᠯᠠᠭᠠᠨ ᠰᠠᠷᠠᠨᠠᠢ ᠪᠠᠷᠢᠴᠢᠬᠠᠭᠰᠠᠨ ᠵᠤᠭᠰᠤᠵᠤ ᠪᠠᠶᠢᠪᠠ᠃ ᠶᠠᠭ ᠯᠠ ᠮᠢᠨᠦ | ᠴᠢᠮ᠎ᠠ ᠳᠤ ᠦᠭᠳᠡᠭ ᠴᠡᠴᠡᠭ ᠰᠢᠭ᠃ ᠲᠡᠷᠡ ᠸᠢᠨᠽᠧᠨᠵᠣ᠋᠂ ᠴᠢᠮ᠎ᠠ ᠲᠠᠢ ᠲᠠᠨᠢᠯᠴᠠᠭᠰᠠᠨ ᠤ ᠪᠡᠯᠭᠡᠳᠡᠯ ᠪᠤᠯᠭᠠᠵᠤ ᠡᠨᠡ | ᠰᠠᠷᠠᠨᠠᠢ ᠶᠢ ᠪᠡᠯᠡᠭᠯᠡᠵᠦ ᠪᠠᠶᠢᠨ᠎ᠠ ᠭᠡᠳ ᠰᠠᠷᠠᠨᠠᠢ ᠶᠢ ᠨᠠᠳᠠᠳᠦ ᠦᠭᠪᠡ᠃ | ᠲᠡᠷᠡ ᠰᠠᠷᠠᠨᠠᠢ ᠶᠢᠨ ᠦᠨᠣᠷ ᠣᠳᠤ ᠶᠢ ᠬᠦᠷᠳᠡᠯ᠎ᠡ ᠨᠠᠳᠠᠳᠦ ᠦᠨᠦᠷᠲᠦᠬᠦ ᠰᠢᠭ ᠪᠤᠯᠳᠠᠭ ᠶᠤᠮ᠃ ᠸᠢᠨᠽᠧᠨᠵᠣ᠋ | ᠨᠠᠮᠠᠢᠢ ᠬᠦᠷᠭᠡᠵᠦ ᠦᠭᠬᠦ ᠪᠠᠷ ᠬᠠᠮᠳᠤ ᠶᠠᠪᠤᠯ ᠠ᠋᠃ ᠭᠤᠳᠤᠮᠵᠢᠨ ᠤ ᠭᠡᠷᠡᠯ ᠤᠳ ᠠᠯᠢ ᠬᠡᠳᠦᠶᠢᠨ ᠠᠰᠠᠵᠦ᠂ ᠬᠦᠮᠦᠨ ᠤ | ᠬᠦᠳᠡᠯᠭᠡᠭᠡᠨ ᠲᠠᠳᠠᠷᠠᠭᠰᠠᠨ ᠪᠠᠶᠢᠪᠠ᠃ ᠪᠢ ᠲᠡᠭᠦᠨ ᠤ ᠶᠠᠷᠢᠬᠤ ᠶᠢ ᠰᠣᠨᠣᠰᠣᠭᠠᠳ ᠯᠠ ᠁ ᠲᠡᠷᠡ ᠶᠠᠷᠢᠭᠠᠳ ᠯᠠ | ᠪᠠᠶᠢᠭᠰᠠᠨ᠃ ᠠᠩᠬ ᠠ᠋ ᠣᠳᠠᠭ᠎ᠠ ᠡᠷᠡᠭᠲᠠᠢ ᠬᠦᠮᠦᠨ ᠤ ᠦᠭᠡ ᠶᠠᠷᠢᠶ᠎ᠠ ᠶᠧᠯᠸᠢ ᠶᠢᠨ ᠰᠢᠳᠢ ᠲᠠᠢ ᠶᠢ ᠣᠶᠢᠯᠠᠭᠠᠵᠣ | ᠪᠢᠯᠡ᠃ ᠭᠡᠷ ᠤᠨ ᠬᠠᠭᠠᠯᠭᠠᠨ ᠳᠤ ᠨᠠᠮᠠᠢᠢ ᠬᠦᠷᠭᠡᠵᠦ ᠦᠭᠭᠦᠭᠡᠳ ᠮᠢᠨᠦ ᠨᠡᠷ᠎ᠡ ᠸᠢᠨᠽᠧᠨᠵᠣ᠋ ᠭᠡᠳᠡᠭ ᠢ ᠪᠢᠲᠡᠭᠡᠢ | ᠮᠠᠷᠲᠠᠭᠠᠷᠠᠢ ᠭᠡᠵᠦ ᠬᠡᠯᠡᠬᠦ ᠳᠤ ᠲᠡᠭᠦᠨ ᠤ ᠲᠣᠩᠭᠠᠯᠠᠭ ᠨᠢᠳᠦ ᠶᠠᠮᠠᠷ ᠣᠶᠠᠷᠠᠮᠠᠷ ᠪᠠᠶᠢᠭᠰᠠᠨ ᠭᠡᠭᠴᠢ ᠁ | ᠡᠭᠦᠨ ᠠᠴᠠ ᠬᠤᠶᠢᠰᠢ ᠨᠠᠮᠠᠢᠢ ᠠᠵᠢᠯ ᠲᠠᠷᠬᠠᠬᠤ ᠪᠣᠯᠭᠠᠨ ᠳᠤ ᠸᠢᠨᠽᠧᠨᠵᠣ᠋ ᠳᠤᠰᠴᠤ ᠵᠤᠭᠰᠤᠳᠠᠭ ᠪᠠᠶᠢᠭᠰᠠᠨ ᠪᠦᠭᠡᠳ | ᠭᠠᠷ ᠲᠤ ᠨᠢ ᠵᠠᠪᠠᠯ ᠴᠦ ᠦᠭᠡᠢ ᠨᠢᠭᠡ ᠣᠯᠠᠭᠠᠨ ᠰᠠᠷᠠᠨᠠᠢ ᠨᠠᠳᠠᠳᠦ ᠦᠭᠬᠦ ᠪᠠᠷ ᠪᠠᠷᠢᠭᠰᠠᠨ ᠪᠠᠶᠢᠳᠠᠭ ᠪᠠᠶᠢᠯ᠎ᠠ᠃ | ᠨᠡᠯᠢᠶᠡᠳ ᠬᠡᠳᠦᠨ ᠰᠠᠷ᠎ᠠ ᠦᠩᠭᠡᠷᠡᠵᠦ ᠪᠢᠳᠡ ᠬᠠᠷᠠᠴᠠ ᠪᠠᠷ ᠢᠶᠠᠨ ᠪᠡᠶ᠎ᠡ ᠪᠡᠶ᠎ᠡ ᠣᠷᠤᠭᠤ ᠪᠠᠨ ᠬᠡᠴᠢᠨᠡᠨ ᠲᠡᠮᠡᠦᠯᠡᠵᠦ᠂ | ᠬᠡᠴᠢᠨᠡᠨ ᠡᠩᠬᠦᠷᠡᠶᠢᠯᠡᠵᠤ ᠪᠠᠶᠢᠭ᠎ᠠ ᠶᠢ ᠮᠡᠳᠡᠷᠡᠵᠤ ᠪᠠᠶᠢᠯ᠎ᠠ᠃ | ᠰᠡᠳᠭᠢᠯ ᠤᠨ ᠲᠡᠷᠡ ᠨᠠᠨᠳᠢᠨ ᠬᠦᠰᠡᠯ ᠪᠢᠳᠡ ᠬᠤᠶᠠᠷ ᠤᠨ ᠵᠢᠷᠦᠬᠡᠨ ᠲᠤᠳᠤᠷ᠎ᠠ ᠪᠢᠴᠢᠬᠠᠨ ᠬᠦᠵᠢ ᠪᠤᠯᠤᠨ | ᠠᠰᠠᠵᠦ ᠣᠯᠠᠮ ᠢᠶᠠᠷ ᠲᠦᠷᠡᠯᠵᠡᠭᠰᠡᠨ ᠲᠣᠮᠣ ᠪᠠᠮᠪᠠᠷ ᠪᠤᠯᠤᠨ ᠪᠠᠳᠠᠷᠠᠭᠰᠠᠨ ᠶᠤᠮ᠃ ᠸᠢᠨᠽᠧᠨᠵᠣ᠋ ᠫᠠᠯᠧᠷᠮᠣ᠋ ᠬᠤᠲᠠ | ᠣᠷᠤᠭᠤ ᠬᠤᠶᠠᠷ ᠰᠠᠷ᠎ᠠ ᠠᠵᠢᠯ ᠢᠶᠠᠷ ᠶᠠᠪᠣᠬᠤ ᠪᠣᠯᠪᠡ᠃ ᠲᠡᠭᠦᠨ ᠳᠤ ᠰᠠᠶᠢᠨ ᠶᠠᠪᠣᠭᠠᠳ ᠢᠷᠡᠭᠡᠷᠡᠢ ᠭᠡᠳᠡᠭ ᠠᠴᠠ | ᠦᠭᠡᠷ᠎ᠡ ᠦᠭᠡ ᠬᠡᠯᠡᠵᠦ ᠴᠢᠳᠠᠭᠰᠠᠨ ᠦᠭᠡᠢ ᠳᠡᠭᠡᠨ ᠪᠢ ᠳᠠᠷᠠᠭ᠋ ᠠ᠋ ᠨᠢ ᠶᠡᠭᠡ ᠬᠠᠷᠠᠮᠰᠠᠵᠤ ᠪᠢᠯᠡ᠃ ᠪᠢ ᠲᠡᠭᠦᠨ ᠤ | ᠪᠣᠴᠠᠵᠣ ᠢᠷᠡᠬᠦ ᠶᠢ ᠴᠠᠭ᠂ ᠮᠢᠨᠦ᠋ᠲ ᠠᠯᠭᠠᠰᠠᠯ ᠦᠭᠡᠢ ᠲᠤᠭᠠᠯᠠᠵᠤ ᠪᠠᠶᠢᠯ᠎ᠠ᠃ ᠮᠢᠨᠦ ᠠᠮᠢᠳᠤᠷᠠᠯ ᠳᠠᠬᠢ ᠬᠠᠮᠤᠭ ᠤᠨ | ᠣᠷᠳᠤ ᠬᠦᠯᠢᠶᠡᠯᠲᠠ ᠲᠡᠷᠡ ᠪᠠᠶᠢᠭᠰᠠᠨ ᠪᠠᠶᠢᠬ᠎ᠠ᠃ ᠭᠡᠳᠡᠯ᠎ᠡ ᠭᠠᠢ ᠪᠤᠯᠵᠤ ᠠᠪᠤ ᠶᠢᠨ ᠠᠵᠢᠯᠯᠠᠵᠤ ᠪᠠᠶᠢᠭᠰᠠᠨ | ᠦᠢᠯᠡᠳᠪᠦᠷᠢ ᠳᠠᠮᠫᠣᠷᠠᠵᠤ ᠮᠠᠨ ᠤ ᠸᠧᠨᠧᠽᠢᠶᠠ ᠬᠤᠳᠠ ᠠᠴᠠ ᠬᠤᠯᠠ ᠦᠭᠡᠢ ᠪᠠᠶᠢᠳᠠᠭ ᠮᠢᠷᠠ ᠬᠤᠲᠠ ᠣᠷᠤᠭᠤ | ᠨᠡᠭᠦᠪᠡ᠃ ᠲᠡᠷᠡ ᠦᠶ᠎ᠡ ᠳᠤ ᠣᠳᠤ ᠰᠢᠭ᠋ ᠪᠢᠰᠢ ᠪᠤᠯᠬᠤᠷ ᠶᠠᠮᠠᠷ ᠴᠦ ᠬᠤᠯᠪᠤᠭ᠋ ᠠ᠋ ᠪᠠᠷᠢᠬᠤ ᠠᠷᠭ᠎ᠠ ᠪᠠᠶᠢᠭᠰᠠᠨ | ᠦᠭᠡᠢ᠃ ᠭᠡᠷ ᠤᠨ ᠡᠳ᠋ ᠬᠤᠭᠰᠢᠯ ᠠᠴᠢᠭᠰᠠᠨ ᠮᠠᠰᠢᠨ ᠤ ᠬᠠᠮᠤᠭ ᠤᠨ ᠠᠷᠣ ᠲᠠᠯ ᠠ᠋ ᠳᠤ ᠪᠢ᠂ ᠸᠢᠨᠽᠧᠨᠵᠣ᠋ ᠶᠢᠨ | ᠠᠯᠬᠤᠵᠦ ᠢᠷᠡᠳᠡᠭ ᠴᠡᠴᠡᠭᠲᠦ ᠭᠤᠳᠤᠮᠵᠢ ᠶᠢ ᠨᠢᠯᠪᠣᠰᠤ ᠲᠠᠢ ᠨᠢᠳᠤ ᠪᠠᠷ ᠬᠠᠷᠠᠭᠰᠠᠭᠠᠷ ᠬᠤᠯᠠᠳᠠᠭᠰᠠᠨ ᠶᠤᠮ᠃ | ᠰᠢᠨ᠎ᠡ ᠭᠠᠵᠠᠷ ᠲᠤ ᠠᠪᠤ᠂ ᠡᠵᠢ ᠬᠤᠶᠠᠷ ᠠᠵᠢᠯ ᠲᠠᠢ ᠪᠤᠯᠵᠤ ᠪᠢ ᠰᠣᠷᠭᠠᠭᠤᠯᠢ ᠳᠤ ᠰᠤᠷᠤᠯᠴᠠᠪᠠ᠃ ᠲᠡᠭᠦᠨ ᠢ ᠪᠠᠨ | ᠬᠠᠷᠠᠯ ᠦᠭᠡᠢ᠂ ᠳᠠᠭᠤ ᠬᠤᠭᠤᠯᠠᠢ ᠶᠢ ᠨᠢ ᠰᠤᠨᠣᠰᠤᠯ ᠦᠭᠡᠢ ᠪᠦᠳᠦᠨ ᠭᠤᠷᠪᠠᠨ ᠰᠠᠷ᠎ᠠ ᠦᠩᠭᠡᠷᠠᠯ ᠠ᠋᠂ ᠡᠨᠡ | ᠭᠤᠷᠪᠠᠨ ᠰᠠᠷ᠎ᠠ ᠨᠠᠳᠠᠳᠦ 300 ᠵᠢᠯ ᠲᠠᠢ ᠲᠡᠩᠴᠡᠬᠦ ᠰᠢᠭ ᠰᠠᠨᠠᠭᠳᠠᠵᠤ ᠪᠢᠯᠡ᠃ ᠪᠠᠰᠠ ᠯᠠ ᠲᠡᠷᠡ ᠨᠢᠭᠡᠨ ᠡᠳᠦᠷ | ᠪᠤᠷᠬᠠᠨ ᠠᠴᠠ ᠨᠠᠳᠠᠳᠦ ᠵᠠᠶᠠᠭᠠᠭᠰᠠᠨ ᠠᠵᠠᠲᠠᠢ ᠡᠳᠦᠷ ᠪᠠᠶᠢᠭᠰᠠᠨ ᠶᠤᠮ᠃ ᠨᠢᠭᠡ ᠡᠳᠦᠷ ᠬᠢᠴᠢᠶᠡᠯ ᠢᠶᠠᠨ ᠲᠠᠷᠬᠠᠭᠠᠳ | ᠶᠠᠪᠣᠵᠤ ᠪᠠᠶᠢᠳᠠᠯ᠎ᠠ ᠮᠠᠨ ᠤ ᠵᠢᠵᠢᠭ ᠬᠤᠲᠠ ᠪᠠᠷ ᠲᠦᠭᠦᠷᠡᠩ ᠬᠡᠷᠡᠭ ᠮᠠᠨᠳᠤᠪᠠ᠃ ᠲᠡᠷᠡ ᠦᠶ᠎ᠡ ᠳᠤ ᠮᠢᠷᠠ ᠬᠤᠲᠠ | ᠪᠠᠭ᠎ᠠ ᠬᠤᠲᠠ ᠪᠠᠶᠢᠭᠰᠠᠨ ᠶᠤᠮ᠃ ᠶᠠᠮᠠᠷ ᠬᠡᠷᠡᠭ ᠪᠤᠢ︖ ᠭᠡᠬᠦ ᠪᠠᠷ ᠬᠤᠲᠠ ᠶᠢᠨ ᠱᠤᠭᠤᠮ ᠳᠤ ᠶᠠᠪᠣᠵᠤ ᠪᠠᠶᠢᠭ᠎ᠠ | ᠪᠠᠷᠤᠭ ᠪᠦᠬᠦ ᠠᠦ᠋ᠲ᠋ᠣᠪᠦᠰ ᠲᠡᠭᠡᠷ᠎ᠡ ᠬᠠᠷ᠎ᠠ ᠪᠤᠳᠤᠭ ᠢᠶᠠᠷ ᠲᠤᠮᠤ ᠪᠠᠷ᠂ ᠠᠮᠧᠳᠢᠶᠨ ᠴᠢ ᠮᠢᠨᠢ ᠬᠠᠮᠢᠭ᠎ᠠ ᠪᠠᠶᠢᠨ᠎ᠠ ᠡ︖ | ᠸᠢᠨᠽᠧᠨᠵᠣ᠋ ᠭᠡᠰᠡᠨ ᠪᠢᠴᠢᠭ ᠪᠠᠶᠢᠯ᠎ᠠ᠃ ᠪᠢ ᠡᠭᠦᠨ ᠢ ᠬᠠᠷᠠᠭᠠᠳ ᠣᠬᠠᠭᠠᠨ ᠠᠯᠳᠠᠬᠤ ᠪᠠᠨ ᠰᠢᠬᠠᠵᠣ ᠪᠢᠯᠡ᠃ | ᠭᠡᠷ ᠲᠡᠭᠡᠨ ᠣᠷᠣᠭᠠᠳ ᠢᠷᠡᠲᠡᠯ᠎ᠡ ᠲᠡᠭᠦᠦ ᠨᠠᠷ ᠮᠠᠨᠢ ᠷᠠᠳᠢᠣ᠋ ᠲᠤᠭᠤᠷᠢᠭᠠᠳ ᠰᠠᠭᠤᠴᠢᠬᠠᠭᠰᠠᠨ ᠴᠢᠩᠨᠠᠵᠤ ᠪᠠᠶᠢᠯ᠎ᠠ᠃ | ᠷᠠᠳᠢᠣ᠋ ᠶᠢᠨ ᠨᠡᠪᠳᠡᠷᠡᠭᠦᠯᠦᠭᠴᠢ ᠡᠮᠡᠭᠲᠠᠢ᠄ ᠦᠨᠦᠳᠦᠷ ᠮᠠᠨ ᠤ ᠬᠤᠲᠠ ᠳᠤ ᠶᠡᠷᠦ ᠪᠣᠰᠣ ᠶᠢᠨ ᠬᠡᠷᠡᠭ ᠭᠠᠷᠤᠯ᠎ᠠ᠃ ᠨᠢᠭᠡ | ᠵᠠᠯᠠᠭᠤ ᠴᠢᠭᠯᠡᠯ ᠤᠨ ᠪᠦᠬᠦ ᠠᠦ᠋ᠲ᠋ᠣᠪᠦᠰ ᠲᠡᠭᠡᠷ᠎ᠡ ᠠᠮᠧᠳᠢᠶᠨ ᠨᠡᠷᠡᠳᠡᠢ ᠪᠦᠰᠡᠬᠦᠢ ᠶᠢ ᠬᠠᠶᠢᠵᠦ ᠪᠠᠶᠢᠭ᠎ᠠ ᠪᠠᠨ ᠪᠢᠴᠢᠵᠦ | ᠶᠡᠬᠡᠬᠡᠨ ᠱᠣᠣᠬᠢᠶᠠᠨ ᠲᠠᠷᠢᠭᠠᠳ ᠪᠠᠶᠢᠨ᠎ᠠ᠃ ᠲᠡᠷᠡ ᠰᠦᠨᠢ ᠠᠦ᠋ᠲ᠋ᠣᠪᠦᠰ ᠤᠨ ᠫᠠᠷᠺᠠ ᠳᠤ ᠣᠷᠤᠵᠤ ᠪᠢᠴᠢᠭᠰᠡᠨ | ᠭᠡᠳᠡᠭ ᠢᠶᠠᠨ ᠬᠦᠯᠢᠶᠡᠵᠠᠢ᠃ ᠣᠳᠤ ᠪᠠᠷ ᠲᠡᠷᠡ ᠵᠠᠯᠠᠭᠤ ᠬᠤᠲᠠ ᠶᠢᠨ ᠴᠠᠭᠳᠠᠭ᠋ ᠠ᠋ ᠶᠢᠨ ᠭᠠᠵᠠᠷ ᠲᠤ ᠪᠠᠷᠢᠭᠳᠠᠭᠠᠳ | ᠪᠠᠶᠢᠭ᠎ᠠ ᠶᠤᠮ ᠪᠠᠶᠢᠨ᠎ᠠ ᠭᠡᠬᠦ ᠶᠢ ᠰᠣᠨᠣᠰᠣᠭᠠᠳ ᠴᠦᠩᠬᠦ ᠪᠠᠨ ᠰᠢᠳᠡᠴᠢᠬᠡᠭᠡᠳ ᠪᠤᠴᠠᠭᠠᠳ ᠯᠠ ᠬᠠᠷᠠᠶᠢᠯᠡ᠃ | ᠴᠠᠭᠳᠠᠭ᠋ ᠠ᠋ ᠶᠢᠨ ᠭᠠᠵᠠᠷ ᠲᠤ ᠣᠴᠢᠩᠭᠤᠲᠠ ᠨᠢᠭᠡ ᠣᠹᠢᠽᠧᠷ ᠲᠤ ᠦᠨᠡᠨ ᠪᠠᠶᠢᠳᠠᠯ ᠢᠶᠠᠨ ᠬᠡᠯᠡᠬᠦ ᠳᠤ ᠣᠹᠢᠽᠧᠷ | ᠵᠣᠮᠠᠯᠵᠠᠭᠰᠠᠨ ᠢᠶᠠᠨ ᠨᠠᠮᠠᠢᠢ ᠲᠠᠭᠠᠭᠤᠯᠵᠤ ᠲᠤᠲᠤᠭᠰᠢ ᠣᠷᠤᠪᠠ᠃ ᠰᠡᠷᠡᠯᠵᠢᠨ ᠴᠤᠩᠬᠤ ᠪᠠᠷ ᠵᠢᠭᠠᠵᠤ ᠲᠡᠷᠡ ᠵᠠᠯᠠᠭᠤ | ᠮᠦᠨ ᠤᠤ︖ ᠭᠡᠬᠦ ᠳᠤ ᠦᠩᠭᠡᠶᠢᠵᠦ ᠬᠠᠷᠠᠪᠠᠯ ᠸᠢᠨᠽᠧᠨᠵᠣ᠋ ᠳᠦᠷᠢ ᠪᠠᠷ ᠢᠶᠠᠨ᠂ ᠨᠦᠭᠦᠭᠡᠬᠢ ᠯᠠ ᠰᠠᠶᠢᠬᠠᠨ | ᠨᠢᠳᠤ ᠪᠠᠷ ᠢᠶᠠᠨ ᠨᠠᠮᠠᠢᠢ ᠰᠢᠷᠲᠡᠨ ᠰᠠᠭᠤᠵᠤ ᠪᠠᠶᠢᠯ᠎ᠠ᠃ ᠲᠡᠷᠡ ᠡᠳᠦᠷ ᠪᠤᠯ ᠶᠠᠭ ᠦᠨᠦᠳᠦᠷ ᠶᠤᠮ ᠰᠢᠣ ᠳ᠋ᠧ ᠦᠬᠢᠨ | ᠮᠢᠨᠢ᠃ 5 ᠳ᠋ᠣᠭᠠᠷ ᠰᠠᠷ᠎ᠠ ᠶᠢᠨ 20 ᠭᠡᠳ ᠡᠮᠡᠭᠡ ᠺᠠᠫᠫᠣᠴᠢᠨᠣ᠋ ᠪᠠᠨ ᠣᠣᠭᠤᠪᠠ᠃ ᠲᠡᠭᠡᠭᠡᠳ ᠯᠠ ᠪᠢᠳᠡ ᠬᠤᠶᠠᠷ | ᠰᠠᠭᠤᠵᠤ ᠠᠮᠢᠳᠣᠷᠠᠭᠰᠠᠨ ᠡ᠃ ᠸᠢᠨᠽᠧᠨᠵᠣ᠋ ᠲᠠᠢ 50 ᠵᠢᠯ ᠠᠮᠢᠳᠤᠷᠠᠬᠤ ᠳᠤ ᠪᠠᠨ ᠪᠢ ᠬᠠᠮᠤᠭ ᠤᠨ ᠠᠵᠠ | ᠵᠢᠷᠭᠠᠯᠲᠠᠢ ᠡᠮᠡᠭᠲᠠᠢ ᠪᠠᠶᠢᠭᠰᠠᠨ ᠶᠤᠮ᠃ ᠨᠠᠳᠠᠳᠦ ᠪᠠᠶᠢᠩᠭᠤ ᠯᠠ ᠣᠯᠠᠭᠠᠨ ᠰᠠᠷᠠᠨᠠᠢ ᠪᠡᠯᠡᠭᠯᠡᠳᠡᠭ ᠰᠠᠨ᠃ ᠲᠡᠷᠡ ᠮᠢᠨᠢ | ᠦᠭᠡᠳᠡ ᠪᠤᠯᠬᠤ ᠡᠳᠦᠷ ᠤᠨ ᠢᠶᠠᠨ ᠦᠷᠯᠦᠭᠡ ᠬᠦᠴᠦ ᠪᠠᠷ ᠪᠣᠰᠴᠦ ᠬᠠᠵᠠᠭᠤ ᠳᠠᠭᠠᠨ ᠪᠠᠶᠢᠭᠰᠠᠨ ᠴᠡᠴᠡᠭ ᠤᠨ | ᠳᠤᠲᠤᠷ᠎ᠠ ᠠᠴᠠ ᠨᠢᠭᠡ ᠣᠯᠠᠭᠠᠨ ᠰᠠᠷᠠᠨᠠᠢ ᠠᠪᠴᠣ ᠨᠠᠳᠠᠳᠦ ᠦᠭᠴᠦ ᠪᠢᠯᠡ᠃ ᠣᠳᠤ ᠪᠢ ᠦᠷᠯᠦᠭᠡ ᠪᠦᠷᠢ ᠡᠷᠲᠡᠯᠡᠨ | ᠪᠣᠰᠴᠦ ᠨᠢᠭᠡ ᠣᠯᠠᠭᠠᠨ ᠰᠠᠷᠠᠨᠠᠢ ᠶᠢ ᠲᠡᠭᠦᠨ ᠤ ᠪᠠᠨ ᠱᠠᠷᠢᠯ ᠲᠡᠭᠡᠷ᠎ᠡ ᠲᠠᠯᠪᠢᠳᠠᠭ ᠶᠤᠮ᠂ ᠭᠡᠳ ᠠᠮᠧᠳᠢᠶᠨ ᠡᠮᠡᠭᠡ | ᠲᠡᠷᠲᠡᠭᠡᠬᠢ ᠠᠯᠤᠰ ᠲᠤ ᠭᠢᠯᠠᠯᠵᠠᠬᠤ ᠣᠳᠤᠳ ᠢ ᠰᠢᠷᠲᠡᠵᠦ ᠪᠠᠶᠢᠭᠰᠠᠨ ᠢᠶᠠᠨ ᠸᠢᠨᠽᠧᠨᠵᠣ᠋ ᠶᠢ ᠬᠠᠷᠠᠭᠰᠠᠨ ᠮᠡᠳᠦ | ᠮᠢᠰᠢᠶᠡᠪᠡ᠃ | ᠦᠬᠢᠨ ᠮᠢᠨᠢ ᠰᠠᠷᠠᠨᠠᠢ᠂ ᠡᠮᠡᠭᠲᠠᠢ ᠬᠦᠮᠦᠨ ᠬᠤᠶᠠᠷ ᠲᠤᠩ ᠠᠳᠠᠯᠢᠬᠠᠨ ᠰᠢᠣ︕ ᠭᠡᠳ ᠲᠡᠷᠡ ᠶᠠᠷᠢᠶ᠎ᠠ ᠪᠠᠨ | ᠳᠠᠭᠤᠰᠬᠠᠪᠠ᠃ | ᠡᠩᠭᠡᠮᠡ ᠬᠡᠳᠦᠨ ᠰᠢᠯᠭᠠᠯᠲᠠ ᠪᠠᠨ ᠦᠭᠴᠦ ᠳᠠᠭᠤᠰᠤᠭᠠᠳ ᠵᠤᠨ ᠤ ᠪᠠᠨ ᠠᠮᠠᠷᠠᠯᠳᠠ ᠪᠠᠷ ᠮᠤᠩᠭᠤᠯ ᠳᠠᠭᠠᠨ | ᠪᠦᠷ ᠲᠣᠳᠣᠷᠠᠭᠤᠯᠪᠠᠯ ᠰᠢᠷᠭ ᠠ᠋ ᠮᠣᠷᠢᠳᠣ ᠶᠢᠨ ᠵᠤᠰᠠᠯᠠᠩ ᠳᠠᠭᠠᠨ ᠵᠤᠨ ᠢ ᠦᠩᠭᠡᠷᠡᠭᠡᠵᠦ ᠰᠠᠶᠢᠬᠠᠨ ᠠᠮᠠᠷᠠᠭᠠᠳ ᠨᠠᠮᠤᠷ | ᠬᠢᠴᠢᠶᠡᠯ ᠳᠡᠭᠡᠨ ᠪᠣᠴᠠᠵᠣ ᠢᠷᠡᠯ᠎ᠡ᠃ ᠦᠷᠯᠦᠭᠡ ᠠᠷᠠᠢ ᠡᠷᠲᠠ ᠭᠠᠷᠴᠤ ᠠᠮᠧᠳᠢᠶᠨ ᠡᠮᠧ ᠳᠤ ᠠᠪᠴᠢᠷᠠᠭᠰᠠᠨ | ᠪᠡᠯᠡᠭ ᠢᠶᠠᠨ ᠦᠭᠬᠦ ᠪᠠᠷ ᠠᠶᠢᠷᠯᠠᠨᠳ᠋ ᠫᠢᠸᠤ᠋ ᠶᠢᠨ ᠭᠠᠵᠠᠷ ᠦᠩᠭᠡᠷᠡᠨ ᠠᠯᠬᠤᠳᠠᠯᠠ ᠠᠮᠧᠳᠢᠶᠨ ᠡᠮᠧ ᠶᠢᠨ ᠴᠡᠴᠡᠭ | ᠵᠠᠷᠤᠳᠠᠭ ᠭᠠᠵᠠᠷ ᠤᠨ ᠣᠷᠤᠨ ᠳᠤ ᠰᠣᠨᠢᠨ ᠰᠡᠳᠭᠦᠯ ᠵᠠᠷᠤᠭᠠᠳ ᠵᠠᠯᠠᠭᠤᠬᠠᠨ ᠪᠦᠰᠡᠬᠦᠢ ᠵᠤᠭᠰᠤᠵᠤ ᠪᠠᠶᠢᠪᠠ᠃ ᠠᠳᠡ | ᠴᠡᠴᠡᠭ ᠵᠠᠷᠤᠳᠠᠭ ᠡᠮᠡᠭᠡ ᠬᠠᠮᠢᠭ᠎ᠠ ᠶᠠᠪᠣᠴᠢᠬᠠᠭᠰᠠᠨ ᠶᠣᠮ ᠪᠤᠢ︖ ᠭᠡᠬᠦ ᠳᠤ᠂ ᠡ ᠠᠮᠧᠳᠢᠶᠨ ᠡᠮᠡᠭᠡ ᠤᠤ︖ ᠭᠡᠳ | ᠬᠡᠰᠡᠭ ᠲᠦᠭᠳᠡᠷᠡᠭᠰᠡᠨ ᠢᠶᠠᠨ ᠰᠠᠷ᠎ᠠ ᠭᠠᠷᠣᠢ ᠶᠢᠨ ᠡᠮᠦᠨ᠎ᠡ ᠨᠠᠰᠤ ᠪᠠᠷᠠᠭᠰᠠᠨ ᠭᠡᠬᠦ ᠶᠢ ᠰᠣᠨᠣᠰᠣᠭᠠᠳ ᠡᠩᠬᠡᠮᠡ ᠶᠢᠨ | ᠲᠤᠳᠤᠷ᠎ᠠ ᠨᠢ ᠪᠦᠭᠡᠮ ᠬᠠᠷ᠎ᠠ ᠶᠠᠭᠤᠮ᠎ᠠ ᠣᠷᠤᠴᠢᠬᠠᠬᠤ ᠰᠢᠭ᠋ ᠪᠤᠯᠵᠤ ᠨᠢᠳᠦᠨ ᠳᠤ ᠨᠢ ᠨᠢᠯᠪᠤᠰᠣ ᠲᠣᠨᠣᠷᠠᠭᠠᠳ | ᠶᠠᠪᠣᠴᠢᠬᠠᠪᠠ᠃ ᠺᠠᠫᠫᠣᠴᠢᠨᠣ᠋ ᠴᠦ ᠠᠪᠴᠣ ᠣᠣᠭᠤᠭᠰᠠᠨ ᠦᠭᠡᠢ ᠴᠢᠷᠠᠢ ᠨᠢ ᠴᠣᠩᠬᠠᠶᠢᠨ ᠠᠦ᠋ᠲ᠋ᠣᠪᠦᠰ ᠤᠨ ᠪᠠᠭᠤᠳᠠᠯ | ᠣᠷᠤᠭᠤ ᠭᠡᠯᠳᠦᠷᠢᠪᠡ᠃ ᠬᠢᠴᠢᠶᠡᠯ ᠡᠷᠲᠠ ᠲᠠᠷᠬᠠᠭᠰᠠᠨ ᠲᠣᠯᠠ ᠡᠩᠭᠡᠮᠡ ᠵᠠᠮ ᠢᠶᠠᠷ ᠢᠶᠠᠨ ᠴᠡᠴᠡᠭ ᠤᠨ | ᠳᠡᠯᠭᠡᠭᠦᠷ ᠠᠴᠠ ᠰᠠᠪᠠᠨ ᠳᠤ ᠰᠠᠭᠤᠯᠭᠠᠵᠤ ᠲᠠᠷᠢᠭᠰᠠᠨ ᠣᠯᠠᠭᠠᠨ ᠰᠠᠷᠠᠨᠠᠢ ᠬᠤᠳᠠᠯᠳᠤᠨ ᠠᠪᠤᠭᠠᠳ ᠠᠮᠧᠳᠢᠶᠨ | ᠡᠮᠧ ᠶᠢᠨ ᠠᠵᠢᠯᠯᠠᠳᠠᠭ ᠪᠠᠶᠢᠭᠰᠠᠨ ᠭᠠᠵᠠᠷ ᠲᠤ ᠢᠷᠡᠯ᠎ᠡ᠃ ᠰᠣᠨᠢᠨ ᠵᠠᠷᠤᠳᠠᠭ ᠪᠦᠰᠡᠬᠦᠢ ᠶᠢ ᠬᠡᠰᠡᠭ ᠬᠠᠷᠠᠵᠤ | ᠵᠣᠭᠰᠣᠭᠰᠠᠨ ᠢᠶᠠᠨ᠂ ᠠᠭᠤᠴᠢᠯᠠᠭᠠᠷᠠᠢ᠂ ᠲᠠᠨ ᠠᠴᠠ ᠨᠢᠭᠡ ᠶᠠᠭᠤᠮ᠎ᠠ ᠭᠤᠶᠤᠪᠠᠯ ᠪᠤᠯᠬᠤ ᠤᠤ︖ ᠭᠡᠬᠦ ᠳᠤ | ᠪᠦᠰᠡᠬᠦᠢ ᠣᠷᠢᠶᠠᠯᠢᠭᠬᠠᠨ ᠢᠶᠠᠷ ᠲᠤᠯᠤᠭᠠᠢ ᠳᠤᠬᠢᠪᠠ᠃ ᠠᠮᠧᠳᠢᠶᠨ ᠡᠮᠡᠭᠡ ᠰᠠᠷᠠᠨᠠᠢ ᠳᠤ ᠶᠡᠭᠡ ᠳᠣᠷᠠᠲᠠᠢ ᠪᠠᠶᠢᠭᠰᠠᠨ | ᠶᠤᠮ᠂ ᠪᠢ ᠲᠡᠭᠦᠨ ᠳᠤ ᠵᠤᠷᠢᠭᠤᠯᠵᠤ ᠡᠭᠦᠨ ᠢ ᠠᠪᠤᠭᠰᠠᠨ ᠶᠤᠮ᠂ ᠲᠠ ᠠᠳᠡ ᠪᠠᠨ ᠪᠠᠶᠢᠯᠭᠠᠵᠤ ᠪᠤᠯᠬᠤ ᠤᠤ︖ | ᠭᠡᠬᠦ ᠳᠤ ᠪᠦᠰᠡᠬᠦᠢ ᠢᠨᠢᠶᠡᠮᠰᠦᠭᠯᠡᠵᠤ ᠪᠤᠯᠤᠯ ᠦᠭᠡᠢ ᠶᠠᠭᠠᠬᠢᠬᠤᠪ᠂ ᠪᠢ ᠦᠷᠭᠦᠯᠵᠢ ᠠᠷᠠᠴᠢᠯᠠᠵᠤ ᠳᠣᠷᠳᠣᠭᠠᠳ | ᠪᠠᠶᠢᠵᠤ ᠴᠢᠳᠠᠨ᠎ᠠ ᠡ᠂ ᠪᠢ ᠴᠦ ᠭᠡᠰᠡᠨ ᠲᠡᠷᠡ ᠡᠮᠧ ᠶᠢ ᠬᠦᠨᠳᠦᠯᠡᠳᠡᠭ ᠪᠠᠶᠢᠭᠰᠠᠨ ᠶᠤᠮ ᠭᠡᠳ ᠰᠠᠪᠠ ᠲᠠᠢ | ᠴᠡᠴᠡᠭ ᠢ ᠠᠪᠣᠪᠠ᠃ ︵ᠴᠢᠩ᠊᠂ ᠬᠠᠰ ᠶᠢᠨ ᠪᠦᠷᠭᠡ ᠠᠴᠠ︶ |