ᠬᠠᠶᠢᠷᠠᠳᠤ ᠲᠡᠭᠦᠤ ᠮᠢᠨᠢ ᠬᠠᠨᠠᠨ ᠭᠡᠷ ᠠᠴᠠ ᠰᠠᠯᠵᠤ ᠬᠠᠳᠠᠨ ᠭᠡᠷ ᠲᠤ ᠪᠤᠴᠠᠭᠰᠠᠨ ᠨᠢᠭᠡ ᠵᠢᠯ ᠤᠨ ᠤᠢ ᠳᠤ | ᠬᠠᠶᠢᠷᠠᠳᠤ ᠪᠠᠭ᠎ᠠ ᠲᠠᠭᠦᠤ ᠮᠢᠨᠢ ᠬᠠᠯᠠᠭᠤᠨ ᠲᠤᠯᠠᠭᠠᠨ ᠭᠡᠷ ᠪᠦᠯᠢ ᠠᠴᠠ ᠪᠠᠨ ᠰᠠᠯᠵᠤ ᠬᠠᠳᠠᠳᠤ ᠭᠡᠷ ᠲᠡᠭᠡᠨ | ᠪᠤᠴᠠᠭᠠᠳ ᠬᠤᠷᠤᠮᠬᠠᠨ ᠵᠠᠭᠤᠷ᠎ᠠ ᠨᠢᠬᠡ ᠵᠢᠯ ᠪᠤᠯᠤᠭᠰᠠᠨ ᠴᠦ ᠭᠡᠭᠡᠨ ᠡᠳᠦᠷ ᠰᠡᠳᠬᠢᠯ ᠠᠴᠠ ᠰᠠᠯᠬᠤ ᠦᠭᠡᠢ᠂ | ᠬᠠᠷᠠᠩᠭᠤᠢ ᠰᠦᠨᠢ ᠵᠡᠭᠦᠳᠦᠨ ᠠᠴᠠ ᠶᠡᠷᠦ ᠭᠠᠷᠬᠤ ᠦᠭᠡᠢ ᠪᠠᠶᠢᠨᠠᠮ᠃ | ᠠᠤᠬᠠᠨ ᠵᠦᠷᠬᠢᠨ ᠠᠶᠢᠮᠠᠭ ᠤᠨ ᠠᠪᠦ ᠠᠰᠠᠷ᠂ ᠡᠵᠢ ᠲᠢᠶᠠᠨᠰᠢᠶᠦᠤ ᠶᠢᠨ ᠠᠯᠠᠭᠠᠨ ᠤ ᠠᠷᠪᠠᠨ ᠬᠤᠷᠤᠭᠤ ᠬᠡᠮᠡᠷ | ᠵᠠᠶᠠᠭᠠᠭᠰᠠᠨ ᠠᠬ᠎ᠠ ᠲᠠᠬᠦᠤ ᠶᠢᠨ ᠮᠢᠨᠢ ᠬᠠᠮᠤᠭ ᠤᠨ ᠪᠠᠭ᠎ᠠ ᠨᠢ ᠪᠤᠯᠵᠤ 1951 ᠤᠨ ᠳᠤ ᠨᠡᠷᠡᠳᠤ ᠬᠤᠷᠸ᠎ᠠ ᠳᠤ | ᠵᠠᠶᠠᠭᠠᠬᠤ ᠳᠤ᠂ ᠠᠪᠤ ᠡᠵᠢ ᠮᠢᠨᠢ ᠴᠢᠮ᠎ᠠ ᠪᠠᠨ ᠬᠠᠯᠠᠭᠤᠨ ᠬᠤᠷᠮᠤᠢ ᠪᠠᠷ ᠢᠶᠠᠨ ᠲᠤᠰᠴᠦ ᠪᠦᠷᠢᠨᠪᠠᠶᠠᠷ ᠬᠡᠭᠦ ᠨᠡᠷ᠎ᠡ | ᠬᠠᠶᠢᠷᠠᠯᠠᠪᠠ᠃ ᠲᠠᠨ ᠢ ᠤᠢ ᠬᠦᠷᠦᠭᠡ ᠦᠭᠡᠢ ᠪᠠᠷ ᠠᠮᠢᠳᠤᠷᠠᠯ ᠤᠨ ᠲᠦᠬᠦᠮ᠂ ᠠᠬ᠎ᠠ ᠡᠭᠡᠴᠢ ᠶᠢ ᠴᠢᠨᠢ ᠰᠤᠶᠤᠯ | ᠡᠷᠳᠡᠮ ᠰᠤᠷᠭᠠᠵᠤ ᠰᠤᠪᠢᠭᠤᠯᠬᠤ ᠶᠢ ᠪᠤᠳᠤᠯᠬᠢᠯᠠᠨ ᠬᠤᠨᠳᠤ ᠶᠢᠨ ᠪᠦᠷᠢᠨ ᠪᠠᠭ᠎ᠠ ᠰᠤᠷᠭᠠᠭᠤᠯᠢ ᠳᠤ ᠪᠠᠭᠰᠢᠯᠠᠵᠤ | ᠪᠠᠶᠢᠭᠰᠠᠨ ᠠᠬᠠᠮᠠᠳ ᠬᠦᠤ ᠨᠠᠳᠠ ᠶᠢ ᠲᠦᠰᠢᠭᠦᠯᠦᠨ ᠬᠤᠨᠳᠤ ᠶᠢᠨ ᠱᠠᠩᠰᠢᠨᠪᠤᠯᠤᠩ ᠳᠤ ᠨᠡᠭᠦᠨ ᠢᠷᠡᠵᠦ | ᠲᠡᠭᠡᠳᠦ ᠶᠢᠨ ᠦᠯᠦᠬᠡᠢ - ᠤᠯᠠᠭᠠᠨᠰᠦ᠋ᠮᠡ ᠠᠶᠢᠯ ᠠᠴᠠ ᠰᠠᠯᠵᠤ ᠲᠠᠷᠢᠶᠠᠴᠢᠨ ᠠᠴᠠ ᠪᠠᠨ ᠮᠠᠯᠴᠢᠨ ᠪᠤᠯᠵᠤ ᠮᠠᠨ ᠤ | ᠠᠮᠢᠳᠤᠷᠠᠯ ᠤᠨᠳᠤᠷᠤᠯ ᠳᠤ ᠰᠢᠨ᠎ᠡ ᠡᠷᠬᠢᠯᠳᠡ ᠬᠤᠪᠢᠷᠠᠯᠳᠠ ᠭᠠᠷᠤᠯ᠎ᠠ᠃ | ᠲᠡᠬᠦᠤ ᠮᠢᠨᠢ ᠴᠢ ᠲᠡᠨᠢᠬᠡᠷ ᠠᠭᠤᠳᠠᠮ ᠲᠠᠯ᠎ᠠ ᠨᠤᠳᠤᠭ ᠲᠤ ᠲᠤᠭᠤᠯ ᠢᠰᠢᠭᠡ ᠲᠠᠢ ᠢᠵᠢᠯᠢᠰᠢᠨ ᠲᠤᠭᠯᠠᠵᠤ | ᠲᠤᠷᠨᠢᠨ ᠪᠤᠶᠢᠵᠢᠯᠠ᠃ ᠲᠠᠪᠤᠳᠠᠢ ᠳᠠᠭᠠᠨ ᠠᠪᠤ ᠡᠵᠢ ᠶᠢ ᠲᠠᠭᠠᠵᠤ ᠨᠠᠳᠠ ᠶᠢ ᠡᠷᠬᠢᠵᠦ ᠦᠵᠡᠬᠦ ᠪᠠᠷ ᠢᠷᠡᠬᠦ ᠳᠤ᠂ | ᠰᠤᠷᠭᠠᠭᠤᠯᠢ ᠶᠢᠨ ᠭᠦᠷᠢᠶ᠎ᠡ ᠤᠶᠢᠷᠠᠳᠤᠮᠠᠭᠴᠠ ᠠᠪᠤ ᠡᠵᠢ ᠶᠢ ᠠᠷᠤ ᠳᠠᠭᠠᠨ ᠤᠷᠬᠢᠵᠤ ᠤᠨᠠᠨ ᠲᠤᠰᠤᠨ ᠡᠮᠦᠨ᠎ᠡ ᠨᠢ | ᠬᠦᠶᠦᠬᠦ ᠳᠤ ᠵᠤᠯᠠᠢ ᠲᠡᠭᠡᠷᠡᠬᠢ ᠰᠠᠮ ᠬᠡᠵᠢᠬᠡ ᠴᠢᠨᠢ ᠰᠡᠷᠪᠡᠯᠵᠠᠨ ᠰᠡᠷᠪᠡᠯᠵᠠᠬᠦ ᠨᠢ ᠤᠳᠤ ᠳᠤ ᠲᠤᠯᠲᠠᠯ᠎ᠠ ᠨᠢᠳᠦᠨ ᠳᠤ | ᠬᠠᠷᠠᠭᠳᠠᠵᠦ ᠪᠠᠶᠢᠮᠠᠷ ᠰᠢᠥᠬᠠᠨ︕ ᠪᠠᠭᠰᠢ ᠰᠤᠷᠤᠭᠴᠢᠳ ᠬᠠᠮᠳᠤᠪᠠᠷ ᠲᠠᠨ ᠢ ᠬᠠᠰᠢᠵᠤ ᠬᠦᠷᠢᠶᠡᠯᠡᠭᠡᠳ ᠡᠨᠡ | ᠲᠡᠷᠡ ᠶᠢ ᠠᠰᠠᠭᠤᠬᠤ ᠳᠤ᠂ ᠴᠢ ᠪᠦᠱᠦᠬᠦᠷᠬᠡᠨ ᠲᠠᠳᠠᠭᠠᠯᠵᠠᠯ ᠦᠭᠡᠢ ᠰᠢᠭᠤᠳ ᠰᠢᠯᠤᠭᠤᠨ ᠦᠴᠢᠵᠦ ᠦᠬᠦᠯᠡᠬᠦ ᠳᠤ | ᠄ ︽ᠬᠦᠮᠦᠨ ᠪᠤᠯᠬᠤ ᠬᠡᠤᠬᠡᠳ ᠠᠴᠠ᠂ ᠬᠦᠯᠦᠭ ᠪᠤᠯᠬᠤ ᠤᠨᠠᠭᠠᠨ ᠠᠴᠠ᠂ ᠡᠨᠡ ᠬᠦᠥ ᠴᠦ ᠬᠤᠵᠢᠮ ᠡᠷᠳᠡᠮ | ᠨᠤᠮ ᠲᠠᠢ᠂ ᠵᠤᠷᠢᠭ ᠵᠢᠷᠦᠬᠡ ᠲᠠᠢ ᠡᠷ᠎ᠡ ᠪᠤᠯᠤᠨ᠎ᠠ︾ ᠭᠡᠵᠦ ᠬᠠᠶᠢᠷᠠᠯᠠᠵᠦ ᠪᠠᠭ᠋ᠠᠳᠤᠯᠴᠠᠵᠦ ᠪᠠᠶᠢᠭᠰᠠᠨ ᠨᠢ ᠴᠢᠬᠢᠨ | ᠰᠤᠨᠤᠷ ᠠᠴᠠ ᠬᠤᠯᠠᠳᠠᠭ᠎ᠠ ᠦᠭᠡᠢ ᠁ ᠲᠡᠬᠦᠤ ᠮᠢᠨᠢ ᠲᠤᠯᠤᠭᠠᠳᠠᠢ ᠲᠠᠷᠠ ᠵᠢᠯ ᠳᠡᠭᠡᠨ ᠠᠶᠢᠯ ᠤᠨ | ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠯᠬᠤᠨ ︽ᠠ᠂ ᠡ᠂ ᠢ︾ ᠲᠠᠢ ᠪᠠᠨ ᠲᠠᠨᠢᠯᠴᠠᠵᠦ ᠨᠢᠳᠦᠯᠡᠭᠡᠳ ᠠᠪᠦ | ᠡᠵᠢ᠂ ᠠᠬ᠎ᠠ ᠡᠭᠡᠴᠢ ᠳᠡᠭᠡᠨ ᠤᠩᠰᠢᠨ ᠤᠩᠰᠢᠨ ᠦᠭᠴᠦ ᠤᠷᠮ᠎ᠠ ᠶᠢ ᠬᠦᠭᠵᠢᠭᠡᠨ ᠮᠠᠩᠨᠠᠢ ᠶᠢ ᠲᠡᠨᠢᠢᠯᠬᠡᠨ ᠶᠠᠳᠠᠷᠠᠭ᠎ᠠ | ᠴᠢᠯᠡᠭᠡ ᠶᠢ ᠮᠠᠷᠳᠠᠭᠤᠯᠵᠦ ᠪᠠᠶᠢᠭᠰᠠᠨ ᠬᠦᠭᠡᠷᠦᠬᠦᠢ ᠴᠤᠪᠤᠭᠤ ᠲᠡᠭᠵᠢᠨ ᠵᠠᠩ ᠠᠭᠠᠯᠢ ᠴᠢᠨᠢ ᠪᠦᠬᠦ ᠭᠡᠷ ᠢ ᠪᠠᠶᠠᠷ | ᠪᠠᠶᠠᠰᠤᠯ ᠢᠶᠠᠷ ᠪᠢᠯᠬᠠᠭᠤᠯᠵᠤ ᠪᠠᠶᠢᠯ᠎ᠠ᠃ ᠤᠳᠠᠯ ᠲᠦᠳᠡᠯ ᠦᠭᠡᠢ ᠪᠠᠭ᠎ᠠ ᠰᠤᠷᠭᠠᠭᠤᠯᠢ ᠪᠠᠨ ᠲᠡᠭᠦᠰᠴᠦ ᠬᠤᠰᠢᠭᠤᠨ | ᠲᠦᠪ ᠲᠠᠬᠢ ᠬᠤᠶᠠᠳᠤᠭᠠᠷ ᠲᠤᠮᠳᠠᠳᠤ ᠰᠤᠷᠭᠠᠭᠤᠯᠢ ᠳᠤ ᠦᠨᠳᠦᠷ ᠬᠤᠪᠢ ᠪᠠᠷ ᠰᠢᠯᠭᠠᠨ ᠤᠷᠤᠯ᠎ᠠ᠃ ᠠᠪᠤ ᠡᠵᠢ ᠶᠢᠨ | ᠬᠠᠯᠠᠭᠤᠨ ᠡᠪᠦᠷ ᠠᠴᠠ ᠰᠠᠯᠵᠦ ᠶᠠᠳᠠᠵᠦ ᠪᠠᠶᠢᠭᠰᠠᠨ ᠴᠦ ᠬᠤᠰᠢᠭᠤᠨ ᠳᠤ ᠶᠡᠭᠡ ᠠᠬ᠎ᠠ ᠪᠠᠶᠢᠨ᠎ᠠ ᠬᠡᠵᠦ ᠠᠪᠦ ᠡᠵᠢ ᠶᠢ | ᠰᠠᠨᠠᠭ᠎ᠠ ᠰᠡᠳᠬᠢᠯ ᠢ ᠨᠢ ᠠᠭᠤᠵᠢᠷᠠᠭᠤᠯᠵᠤ ᠪᠠᠶᠢᠯ᠎ᠠ᠃ ᠡᠯᠢᠬᠡᠨ ᠬᠠᠶᠢᠷᠠᠳᠤ ᠠᠪᠤ ᠡᠵᠢ ᠶᠢᠨ ᠮᠢᠨᠢ ᠠᠯᠠᠭᠠᠨ | ᠲᠡᠭᠡᠷ᠎ᠡ ᠪᠠᠨ ᠲᠠᠯᠪᠢᠪᠠᠯ ᠪᠦᠮᠪᠦᠷᠢᠮᠡᠷ᠂ ᠠᠮᠠᠨ ᠳᠠᠭᠠᠨ ᠬᠢᠪᠡᠯ ᠬᠠᠶᠢᠯᠤᠮᠠᠷ ᠬᠡᠵᠦ ᠪᠦᠪᠠᠶᠢᠯᠡᠨ ᠲᠤᠷᠨᠢᠭᠤᠯᠤᠭᠰᠠᠨ | ᠮᠠᠯᠴᠢᠨ ᠤ ᠬᠦᠤ ᠲᠤᠭᠤᠯ ᠤᠨ ᠪᠠᠯᠴᠢᠭᠡᠷ ᠠᠴᠠ ᠪᠠᠨ ᠰᠠᠶ᠋ᠢᠬᠠᠨ ᠰᠠᠯᠵᠦ ᠬᠦᠴᠦ ᠵᠤᠷᠢᠭ ᠢᠶᠠᠨ ᠡᠷᠴᠢᠯᠡᠨ | ᠬᠦᠯᠦᠭ ᠤᠨ ᠵᠢᠯᠤᠭᠤ ᠰᠤᠩᠭᠠᠵᠤ ᠬᠦᠨᠳᠡᠷᠬᠢᠯᠡᠨ ᠲᠡᠮᠡᠦᠯᠦᠨ ᠪᠠᠶᠢᠳᠠᠯ᠎ᠠ ︽ᠭᠠᠢ ᠭᠠᠵᠠᠷ ᠲᠤᠤᠷ᠎ᠠ ᠠᠴᠠ︾ | ᠭᠡᠳᠡᠭᠴᠢᠯᠡᠨ ᠲᠦᠷᠦ ᠶᠢ ᠲᠦᠢᠪᠡᠭᠡᠵᠦ ᠲᠦᠮᠡᠨ ᠢ ᠭᠠᠰᠠᠯᠭᠠᠭᠰᠠᠨ ︽ᠰᠤᠶᠤᠯ ᠤᠨ ᠶᠡᠭᠡ ᠬᠤᠪᠢᠰᠬᠠᠯ︾ ᠤᠨ | ᠭᠠᠯᠵᠠᠭᠤ ᠰᠢᠭᠤᠷᠭ᠎ᠠ ᠳᠡᠭᠳᠡᠨ ᠠᠮᠠᠨ ᠰᠦ ᠨᠢ ᠴᠦ ᠠᠷᠢᠯᠤᠭᠠᠳᠤᠢ ᠬᠡᠤᠬᠡᠳ ᠪᠠᠭᠠᠴᠤᠳ ᠢ ᠴᠦ ︽ᠲᠠᠪᠤᠨ ᠤᠯᠠᠭᠠᠨ | ᠂ ᠲᠤᠯᠤᠭᠠᠨ ᠬᠠᠷ᠎ᠠ︾ ᠬᠡᠵᠦ ᠰᠢᠭᠰᠢᠨ ᠢᠯᠭᠠᠪᠡ᠃ ᠲᠦᠷᠦᠭᠰᠡᠨ ᠠᠬ᠎ᠠ ᠨᠢ ᠡᠳᠦᠷᠵᠢᠨ ᠰᠦᠨᠢᠵᠢᠨ ᠵᠠᠪ ᠴᠢᠯᠦᠬᠡ | ᠦᠭᠡᠢ ︽ᠠᠩᠭᠢ ᠶᠢᠨ ᠵᠢᠰᠦ ᠪᠤᠷᠤᠭᠤ ᠡᠳᠡᠭᠡᠳ᠂ ᠨᠠᠮ ᠳᠤ ᠰᠢᠷᠭᠤᠭᠰᠠᠨ ᠠᠩᠭᠢ ᠶᠢᠨ ᠲᠠᠶᠢᠰᠤᠨ᠂ ᠤᠷᠪᠠᠭᠴᠢ᠂ | ᠦᠪᠦᠷ ᠠᠷᠠᠳ ᠤᠨ ᠨᠠᠮᠳᠠᠨ︾ ᠭᠡᠰᠡᠨ ᠲᠠᠪᠬᠤᠷ ᠲᠠᠪᠬᠤᠷ ᠶᠠᠯ᠎ᠠ ᠳᠤ ᠤᠨᠠᠵᠦ ᠲᠡᠮᠡᠴᠡᠭᠳᠡᠨ ᠪᠤᠷᠤᠭᠤᠰᠢᠶᠠᠭᠳᠠᠬᠤ ᠳᠤ | ᠂ ᠪᠠᠯᠴᠢᠷ ᠪᠠᠭ᠎ᠠ ᠲᠠᠭᠦᠤ ᠶᠢ ᠮᠢᠨᠢ ᠴᠦ ︽ᠲᠤᠯᠤᠭᠠᠨ ᠬᠠᠷ᠎ᠠ︾ ᠶᠢᠨ ᠨᠢᠭᠡ ᠪᠠᠷ ᠦᠵᠡᠭᠳᠡᠵᠦ ᠪᠠᠭ᠎ᠠ ᠨᠠᠰᠤᠨ ᠤ | ᠭᠡᠨᠡᠨ ᠰᠡᠳᠬᠢᠯ ᠳᠤᠨᠢ ᠠᠩᠬᠢ ᠨᠠᠶᠢᠷᠠᠭ ᠤᠨ ᠢᠮ ᠲᠠᠮᠠᠭ᠎ᠠ ᠠᠷᠢᠯᠤᠰᠢ ᠦᠭᠡᠢ ᠲᠠᠮᠠᠭᠠᠯᠠᠭᠳᠠᠵᠤ ᠭᠠᠳᠠᠭᠤᠷᠴᠢᠯᠠᠭᠳᠠᠨ | ᠳᠤᠷᠤᠮᠵᠢᠯᠠᠭᠳᠠᠯᠠ᠃ | ᠡᠬᠡ ᠰᠤᠷᠭᠠᠭᠤᠯᠢ ᠨᠢ ᠤᠷᠤᠰᠢᠯ ᠲᠤᠭᠳᠠᠨᠢᠯ ᠢᠶᠠᠨ ᠠᠯᠳᠠᠭᠠᠳ ᠲᠠᠯᠬᠢᠭᠳᠠᠨ ᠵᠠᠮᠬᠠᠷᠠᠬᠤ ᠶᠢ ᠲᠠᠭᠠᠯᠳᠤᠨ ᠴᠢ | ᠴᠦ ᠤᠷᠦ ᠪᠠᠨ ᠡᠭᠦᠷᠦᠨ ᠠᠷᠤ ᠭᠡᠷ ᠲᠡᠭᠡᠨ ᠪᠤᠴᠠᠵᠦ᠂ ᠢᠷᠡᠭᠰᠡᠨ ᠤ ᠪᠠᠨ ᠮᠠᠷᠭᠠᠰᠢ ᠠᠴᠠ ᠨᠢ ᠬᠦᠨᠡᠰᠦ | ᠬᠤᠭᠤᠯᠠ ᠪᠠᠨ ᠲᠦᠭᠦᠷᠴᠦ ᠤᠷᠦ ᠲᠡᠪᠢᠰᠭᠡᠷ ᠢᠶᠠᠨ ᠡᠬᠦᠷᠴᠦ ᠬᠠᠷ᠎ᠠ ᠲᠠᠪᠠᠭ᠎ᠠ ᠶᠢᠨ ᠬᠠᠳᠤᠯᠠᠩ ᠢ ᠴᠢᠭᠯᠡᠯ᠎ᠡ᠃ ᠡᠨᠡ | ᠡᠳᠦᠷ ᠠᠴᠠ ᠪᠠᠭ᠎ᠠ ᠨᠠᠰᠤᠨ ᠤ ᠬᠦᠰᠡᠯ ᠬᠦᠭᠡᠭᠡᠴᠡᠯᠳᠦᠯ᠂ ᠠᠮᠢᠳᠤᠷᠠᠯ ᠤᠨ ᠵᠠᠮ ᠳᠤ ᠴᠢᠨᠢ ᠰᠢᠨ᠎ᠡ ᠡᠷᠭᠢᠯᠳᠡ ᠭᠠᠷᠴᠤ | ᠂ ᠨᠤᠳᠤᠭ ᠢᠶᠠᠨ ᠰᠠᠭᠢᠵᠦ ᠨᠤᠭᠤᠯᠪᠤᠷᠢ ᠪᠠᠨ ᠢᠳᠡᠵᠦ ᠨᠠᠰᠤᠳᠠᠨ ᠬᠤᠶᠠᠷ ᠪᠤᠭᠤᠷᠤᠯ ᠢᠶᠠᠨ ᠠᠴᠢᠯᠠᠨ ᠲᠠᠭᠢᠮᠳᠠᠵᠦ | ᠠᠷᠢᠭᠤᠨ ᠭᠦᠳᠡᠯᠮᠦᠷᠢ ᠪᠠᠷ ᠢᠶᠠᠨ ᠠᠳᠠᠯ ᠠᠮᠢᠳᠤᠷᠠᠯ ᠢᠶᠠᠨ ᠴᠤᠭᠴᠠᠯᠠᠨ ᠪᠠᠶᠢᠭᠤᠯᠵᠤ ᠶᠠᠪᠤᠬᠤ ᠬᠦᠨᠳᠦ ᠲᠠᠪᠢᠯᠠᠩ | ᠲᠡᠬᠦᠤ ᠶᠢᠨ ᠮᠢᠨᠢ ᠮᠦᠷᠤᠨ ᠳᠤ ᠠᠷᠭ᠎ᠠ ᠦᠭᠡᠢ ᠲᠤᠰᠤᠯ᠎ᠠ᠃ ᠡᠨᠡ ᠨᠢ ︽ᠰᠤᠶᠤᠯ ᠤᠨ ᠶᠡᠭᠡ ᠬᠤᠪᠢᠰᠬᠠᠯ︾ ᠤᠨ | ᠠᠩᠭᠢ ᠶᠢᠨ ᠲᠡᠮᠡᠴᠡᠯ ᠠᠴᠠ ︽ᠤᠯᠭᠤᠭᠰᠠᠨ︾ ᠴᠤᠷ ᠤᠨ ᠭᠠᠭᠴᠠ ᠭᠠᠷᠬᠤ ᠵᠠᠮ ᠪᠤᠯᠵᠠᠢ᠃ ᠬᠠᠶᠢᠷᠠᠳᠤ ᠲᠠᠬᠦᠤ | ᠮᠢᠨᠢ︕ ᠡᠷ᠎ᠡ ᠴᠢᠳᠠᠯ ᠡᠷᠡᠮᠡᠬᠡᠢ ᠵᠤᠷᠢᠭ᠂ ᠠᠵᠢᠯ ᠬᠦᠳᠡᠯᠮᠦᠷᠢ ᠳᠤ ᠲᠦᠰᠦᠷᠬᠡᠭ ᠪᠤᠯᠬᠤᠷ ᠴᠢᠮ᠎ᠠ ᠳᠤ ᠲᠦᠷᠪᠡ | ᠬᠦᠯᠦᠭᠰᠡᠨ ᠮᠤᠷᠢᠨ ᠲᠡᠷᠭᠡ ᠪᠠᠨ ᠲᠤᠰᠢᠶᠠᠯ᠎ᠠ᠃ ᠡᠨᠡ ᠦᠶ᠎ᠡ ᠵᠠᠷᠢᠮ ᠰᠠᠶᠢᠨ ᠰᠠᠨᠠᠭᠠᠳᠤ ᠨᠢ ᠲᠡᠭᠦᠨ ᠳᠤ᠄ ︽ᠡᠨᠡ | ᠲᠦᠷᠪᠡᠨ ᠮᠤᠷᠢ ᠲᠤᠭᠰᠢᠨ ᠲᠦᠯᠬᠢᠨ ᠦᠷᠬᠦᠵᠦ ᠨᠠᠳᠬᠤᠭᠠᠳ ᠠᠷᠠᠯ ᠲᠡᠩᠭᠡᠯᠢᠭ ᠢ ᠭᠠᠵᠠᠷᠳᠠᠭᠤᠯᠤᠭᠰᠠᠨ | ᠲᠡᠤᠭᠡ ᠲᠠᠢ᠂ ᠬᠡᠷᠰᠡᠦᠯᠡ ᠬᠡᠤᠬᠡ︕︾ ᠬᠡᠵᠦ ᠰᠡᠷᠡᠮᠵᠢᠯᠡᠭᠦᠯᠦᠨ ᠪᠠᠶᠢᠭᠰᠠᠨ ᠶᠤᠮ ᠬᠡᠨ᠎ᠡ᠃ ᠲᠠ ᠰᠤᠷᠭᠠᠯ | ᠰᠡᠷᠡᠮᠵᠢᠯᠡᠬᠦᠯᠦᠯ ᠢ ᠬᠦᠯᠢᠴᠡᠩᠭᠦᠢ ᠪᠠᠷ ᠬᠦᠯᠢᠶᠡᠵᠦ ︽ᠤᠷᠤᠭ᠎ᠠ ᠶᠢ ᠤᠬᠠᠭᠠᠨ ᠢᠶᠠᠷ᠂ ᠡᠮᠨᠢᠭ ᠢ ᠡᠪ ᠢᠶᠠᠷ︾ | ᠭᠡᠳᠡᠭᠴᠢᠯᠡᠨ ᠬᠦᠯᠦᠭ ᠤᠨᠤᠭ᠎ᠠ ᠪᠠᠨ ᠬᠠᠶᠢᠷᠠᠯᠠᠵᠤ ᠲᠤᠳᠤᠮᠳᠠᠭᠰᠠᠨ ᠠᠴᠠ ᠠᠷᠪᠠ ᠰᠢᠬᠠᠮ ᠵᠢᠯ ᠳᠤ ᠤᠰᠤᠯ ᠠᠳᠡᠯ | ᠭᠠᠷᠭᠠᠭᠰᠠᠨ ᠦᠭᠡᠢ᠂ ᠬᠠᠷᠢᠨ ᠲᠦᠷᠪᠡᠨ ᠤᠨᠤᠭ᠎ᠠ ᠴᠢᠨᠢ ᠲᠠᠨ ᠤ ᠠᠯᠬᠤᠬᠤ ᠴᠢᠮᠡᠭᠡ ᠪᠠᠷ ᠢᠨᠴᠠᠭᠠᠨᠠᠨ ᠬᠠᠮᠠᠷ | ᠲᠤᠷᠬᠢᠭᠤᠯᠵᠤ ᠤᠭᠳᠤᠨ ᠲᠠᠨ ᠢ ᠪᠠᠶᠠᠷᠯᠠᠭᠤᠯᠤᠨ ᠤᠮᠤᠭᠰᠢᠭᠤᠯᠵᠤ ᠪᠠᠶᠢᠯ᠎ᠠ᠃ | 1979 ᠤᠨ ᠳᠤ᠂ ᠨᠠᠮ ᠠᠴᠠ ᠪᠦᠬᠦ ᠤᠯᠤᠰ ᠲᠠᠶᠠᠭᠠᠷ ᠠᠩᠭᠢ ᠨᠠᠶᠢᠷᠠᠭ ᠢ ᠦᠬᠡᠶᠢᠰᠬᠡᠨ ᠠᠩᠭᠢ ᠶᠢᠨ | ᠲᠡᠮᠡᠴᠡᠯ ᠢ ᠡᠴᠦᠰᠯᠡᠬᠦᠯᠦᠯᠡ᠃ ᠡᠬᠦᠨ ᠢ ᠲᠠᠭᠠᠯᠳᠤᠨ ᠤᠳᠠᠵᠦ ᠲᠦᠳᠡᠯ ᠦᠭᠡᠢ ᠴᠢᠮᠠᠢᠢ ᠡᠪ ᠬᠠᠮᠳᠤ ᠨᠠᠮ ᠤᠨ | ᠭᠡᠰᠢᠬᠦᠨ ᠢᠶᠠᠷ ᠡᠯᠰᠡᠵᠦ᠂ ᠬᠤᠵᠢᠮ ᠨᠢ ᠭᠠᠴᠠᠭ᠎ᠠ ᠶᠢᠨ ᠤᠳᠤᠷᠢᠳᠤᠯᠭ᠎ᠠ ᠪᠠᠷ ᠰᠤᠩᠭᠤᠵᠦ᠂ ᠨᠠᠮ ᠳᠤ | ᠡᠯᠰᠡᠭᠳᠡᠭᠳᠡᠭᠰᠡᠨ ᠳᠡᠭᠡᠨ ᠪᠠᠶᠠᠷᠯᠠᠨ ᠳᠤᠭᠳᠤᠯᠤᠭᠠᠳ ᠬᠡᠳᠦᠨ ᠰᠦᠨᠢ ᠨᠦᠢᠷ ᠬᠤᠯᠵᠢᠯ᠎ᠠ ᠬᠡᠵᠦ ᠬᠡᠯᠡᠵᠦ ᠶᠡᠷᠢᠵᠦ | ᠪᠠᠶᠢᠭᠰᠠᠨ ᠢ ᠠᠬ᠎ᠠ ᠨᠢ ᠤᠳᠤ ᠴᠦ ᠲᠤᠪ ᠲᠤᠳᠤᠷᠬᠠᠢ ᠴᠡᠭᠡᠵᠢᠯᠡᠵᠦ ᠪᠠᠶᠢᠨᠠᠮ᠃ ᠨᠠᠮ ᠤᠨ ᠢᠪᠡᠭᠡᠯ᠂ ᠤᠯᠠᠨ | ᠲᠦᠮᠡᠨ ᠤ ᠢᠳᠡᠬᠡᠯ ᠨᠠᠶᠢᠳᠠᠯᠭ᠎ᠠ ᠶᠢ ᠬᠦᠰᠡᠷᠳᠡᠭᠦᠯᠬᠦ ᠦᠭᠡᠢ ᠶᠢᠨ ᠲᠦᠯᠦᠭᠡ ᠭᠠᠴᠠᠭᠠᠨ ᠤ ᠨᠠᠮ ᠤᠨ ᠡᠭᠦᠷ ᠤᠨ | ᠱᠦᠵᠢ ᠳᠡᠭᠡᠨ ᠰᠠᠶᠢᠨ ᠬᠠᠪᠰᠤᠷᠤᠭᠴᠢ ᠪᠤᠯᠵᠤ ᠬᠤᠰᠢ ᠶᠢ ᠨᠢ ᠲᠠᠰᠤᠷᠠᠳᠠᠯᠠ ᠴᠢᠩᠭᠠᠭᠠᠵᠦ᠂ ᠨᠠᠰᠢ ᠴᠠᠰᠢ ᠬᠦᠶᠦᠵᠦ | ᠤᠯᠠᠨ ᠤᠯᠤᠰ ᠤᠨ ᠤᠳᠤᠭᠢᠴᠢᠯᠠᠯᠳᠠ ᠵᠢᠨ ᠬᠦᠤ ᠦᠭᠡᠢ ᠵᠢᠭᠡᠯᠡᠯᠭᠡ ᠶᠢᠨ ᠮᠦᠩᠬᠦ ᠭᠤᠴᠢᠨ ᠲᠦᠮᠡ ᠶᠢ ᠤᠯᠵᠤ ︽ | ᠲᠠᠷᠢᠵᠤ ᠲᠡᠵᠢᠬᠡᠬᠦ ᠶᠢ ᠤᠶᠠᠯᠳᠤᠭᠤᠯᠤᠨ ᠲᠠᠷᠢᠬᠤ ᠲᠠᠯᠠᠪᠡᠢ ᠶᠢ ᠲᠦᠪᠯᠠᠷᠠᠭᠦᠯᠦᠨ ᠲᠤᠭᠳᠠᠪᠦᠷᠢᠵᠢᠭᠤᠯᠵᠤ︾᠂ ᠭᠡᠷᠡᠮ᠂ | ᠭᠤᠤ ᠪᠠᠷᠢᠵᠤ ᠮᠠᠯᠲᠠᠨ ᠬᠠᠮᠠᠭᠠᠯᠠᠭᠰᠠᠨ ᠪᠠ ᠲᠠᠷᠢᠭᠰᠠᠨ ᠤᠢ ᠮᠤᠳᠤ ᠨᠢ ᠴᠦ ᠮᠢᠩᠭᠠᠨ ᠮᠦ ᠳᠤ ᠭᠦᠷᠴᠠᠢ᠃ 1979 | ᠤᠨ ᠤ ᠦᠶᠡᠷ ᠲᠤ ᠠᠶᠢᠯ ᠤᠨ ᠬᠤᠳᠳᠤᠭ ᠠᠪᠳᠠᠭᠳᠠᠭᠠᠳ ᠭᠠᠭᠴᠠ ᠡᠷᠦᠬᠡ ᠶᠢᠨ ᠲᠠᠷᠤᠭᠤᠯ ᠬᠤᠳᠳᠤᠭ ᠲᠤ | ᠬᠦᠮᠦᠨ ᠮᠠᠯ ᠲᠠᠢ ᠪᠠᠨ ᠠᠪᠠᠭᠠᠷᠠᠯᠳᠤᠨ ᠪᠠᠶᠢᠭᠰᠠᠨ ᠰᠤᠷᠭᠠᠮᠵᠢ ᠪᠠᠷ ᠡᠷᠦᠬᠡ ᠪᠦᠷᠢ ᠳᠤ ᠲᠠᠷᠤᠭᠤᠯ ᠬᠤᠳᠳᠤᠭ ᠲᠠᠢ | ᠪᠤᠯᠭᠠᠭᠰᠠᠨ ᠪᠠ ᠭᠡᠷ ᠤᠨ ᠠᠷᠦ ᠦᠪᠦᠷ ᠢᠶᠠᠷ ᠮᠤᠳᠤ ᠰᠠᠭᠤᠯᠭᠠᠨ ᠵᠢᠮᠢᠰ ᠤᠨ ᠮᠤᠳᠤ ᠭᠠᠷᠭᠠᠬᠤ ᠶᠢ ᠲᠠᠶᠢᠴᠢᠯᠠᠨ | ᠰᠠᠨᠠᠭᠠᠴᠢᠯᠠᠵᠦ ᠴᠢᠩᠭ᠎ᠠ ᠪᠠᠷᠢᠮᠳᠠᠯᠠᠨ ᠨᠠᠶᠢᠳᠠᠪᠦᠷᠢᠵᠢᠭᠤᠯᠤᠭᠰᠠᠨ ᠠᠴᠠ ᠱᠠᠩᠰᠢᠨᠪᠤᠯᠤᠩ ᠭᠠᠴᠠᠭ᠎ᠠ ᠨᠢ ︽ᠲᠡᠵᠢᠭᠡᠵᠦ | ᠲᠠᠷᠢᠬᠤ ᠶᠢ ᠤᠶᠠᠯᠳᠤᠭᠤᠯᠤᠭᠰᠠᠨ ᠲᠡᠷᠢᠬᠦᠨ ᠤ ᠭᠠᠴᠠᠭ᠎ᠠ︾ ᠪᠠᠷ ᠲᠤᠳᠤᠷᠠᠵᠤ ᠨᠢᠭᠡᠳᠦᠯ ᠪᠠ ᠬᠤᠰᠢᠭᠤᠨ ᠤ | ᠰᠠᠶᠢᠰᠢᠶᠠᠯ ᠬᠦᠬᠢᠬᠦᠯᠦᠯ ᠢ ᠤᠯᠵᠤ ᠬᠤᠰᠢᠭᠤᠨ ᠤ ᠭᠤᠷᠪᠠᠨ ᠱᠠᠳᠤᠨ ᠤ ᠺᠠᠳ᠋ᠷᠴᠤᠳ ᠲᠤᠭᠤᠷᠢᠨ ᠦᠵᠡᠵᠦ | ᠪᠠᠶᠢᠭᠰᠠᠨ ᠦᠩᠭᠡ ᠭᠡᠷᠡᠯᠲᠦ ᠲᠡᠤᠭᠡ ᠲᠠᠢ ᠶᠤᠮ᠃ ᠬᠤᠪᠢ ᠡᠷᠦᠬᠡ ᠪᠠᠷ ᠨᠢ ᠠᠪᠴᠦ ᠦᠵᠡᠭᠰᠡᠨ ᠴᠦ ᠲᠡᠷᠡ ᠠᠯᠢ | ᠬᠡᠳᠦ᠋ᠢᠨ ᠠᠴᠠ ᠰᠤᠮᠤ ᠬᠤᠰᠢᠭᠤᠨ ᠤ ᠲᠠᠪᠤᠨ ᠰᠠᠶᠢᠳᠡᠢ ᠪᠤᠯᠪᠠᠰᠤᠨ ᠴᠢᠨᠡᠭᠡᠯᠢᠭ ᠡᠷᠦᠬᠡ ᠶᠢᠨ ᠡᠩᠨᠡᠭᠡᠨ ᠳᠤ ᠤᠷᠤᠵᠤ | ᠂ 2003 ᠤᠨ ᠳᠤ ᠪᠦᠬᠦ ᠬᠤᠰᠢᠭᠤᠨ ᠤ ᠬᠦᠳᠡᠯᠮᠦᠷᠢ ᠶᠢᠨ ᠵᠢᠱᠢᠶᠡᠴᠢ ᠶᠢᠨ ᠰᠠᠶᠢᠰᠢᠶᠠᠨ ᠬᠦᠬᠢᠬᠦᠯᠦᠯ ᠢ ᠬᠦᠷᠲᠡᠵᠦ | ᠂ ᠮᠢᠩᠭᠠᠨ ᠮᠠᠩᠯᠠᠢ ᠪᠠᠶᠠᠴᠤᠤᠯ ᠤᠨ ᠨᠢᠬᠡ ᠨᠢ ᠪᠤᠯᠵᠦ᠂ ᠬᠤᠰᠢᠭᠤᠨ ᠤ 21 ᠳ᠋ᠤᠭᠡᠷ ᠤᠳᠠᠭᠠᠨ ᠤ ᠨᠠᠭᠠᠳᠤᠮ ᠤᠨ | ᠶᠡᠭᠡ ᠬᠤᠷᠠᠯ ᠳᠤ ᠲᠤᠰᠬᠠᠶᠢᠯᠠᠨ ᠵᠠᠯᠠᠭᠳᠠᠵᠤ ᠤᠷᠤᠯᠴᠠᠭᠰᠠᠨ ᠤ ᠬᠠᠮᠲᠦ ᠠᠷᠤ ᠬᠤᠷᠴᠢᠨ ᠬᠤᠰᠢᠭᠤᠨ ᠤ ︽ᠮᠢᠩᠭᠠᠨ | ᠪᠠᠶᠠᠴᠤᠤᠯ ᠤᠨ ᠲᠤᠤᠯᠢ︾ ᠳᠤ ᠮᠦᠩᠬᠡ ᠲᠡᠮᠳᠡᠭᠯᠡᠭᠳᠡᠨ ᠲᠡᠤᠭᠡ ᠳᠤ ᠤᠯᠠ ᠮᠦᠷ ᠢᠶᠠᠨ ᠲᠤᠷᠠᠶᠢᠯᠭᠠᠨ ᠦᠯᠡᠳᠡᠭᠡᠪᠡ᠃ | | ᠲᠡᠬᠦᠤ ᠶᠢ ᠮᠢᠨᠢ ᠠᠶᠢᠯ ᠰᠠᠭᠠᠬᠠᠯᠲᠠ ᠶᠢᠨ ᠬᠢᠨᠢ ᠪᠦᠷ ︽ᠲᠡᠮᠦᠷ ᠬᠦᠮᠦᠨ︾ ᠬᠡᠬᠦ ᠪᠤᠶᠤ ︽ᠠᠯᠳᠠᠨ ᠮᠡᠯᠡᠬᠡᠢ | ︾ ᠬᠡᠵᠦ ᠳᠠᠭᠤᠳᠠᠳᠠᠭ᠃ ᠲᠡᠷᠡ ᠵᠢᠯ ᠤᠨ ᠲᠦᠷᠪᠡᠨ ᠤᠯᠠᠷᠢᠯ ᠳᠤ ᠬᠠᠷ᠎ᠠ ᠪᠤᠷᠤ ᠠᠵᠢᠯ ᠳᠠᠭᠠᠨ ᠶᠠᠭᠠᠷᠠᠨ ᠦᠷ ᠤᠨ | ᠴᠤᠯᠮᠤᠨ ᠲᠠᠢ ᠤᠷᠤᠯᠳᠤᠨ ᠪᠤᠰᠴᠤ ᠨᠠᠷᠠ ᠤᠨᠠᠬᠤ ᠦᠭᠡᠢ ᠪᠤᠯ ᠭᠡᠷ ᠲᠡᠭᠡᠨ ᠤᠷᠤᠵᠦ ᠢᠷᠡᠳᠡᠭ ᠦᠭᠡᠢ᠂ | ᠦᠷᠯᠦᠬᠡ ᠶᠢᠨ ᠴᠠᠢ ᠬᠤᠭᠤᠯᠠᠨ ᠠᠴᠠ ᠡᠮᠤᠨ᠎ᠡ ᠡᠳᠦᠷ ᠤᠨ ᠠᠵᠢᠯ ᠢᠶᠠᠨ ᠭᠦᠢᠴᠡᠭᠡᠬᠦ ᠨᠢ ᠲᠡᠬᠦᠨ ᠤ ᠨᠢᠬᠡᠨ | ᠤᠨᠴᠠᠯᠢᠭ᠂ ᠮᠦᠨ ᠴᠦ ᠠᠶᠢᠯ ᠰᠠᠭᠠᠬᠠᠯᠲᠠ ᠶᠢᠨ ᠬᠢᠨᠢ ᠬᠠᠶᠢᠷᠠᠯᠠᠭᠰᠠᠨ ︽ᠲᠡᠮᠦᠷ ᠬᠦᠮᠦᠨ︾ ᠭᠡᠬᠦ ᠶᠢᠨ ᠪᠡᠶᠡᠯᠡᠯ | ᠶᠤᠮ᠃ ᠲᠡᠷᠡ ᠶᠡᠷᠦ ᠠᠶᠢᠯ ᠤᠰᠤᠨ ᠤ ᠪᠠᠨ ᠤᠯᠠᠭᠠᠨ ᠴᠠᠭᠠᠨ ᠤ ᠦᠢᠯᠡ ᠬᠡᠷᠡᠭ ᠪᠠ ᠶᠡᠭᠡ ᠪᠠᠭ᠎ᠠ ᠶᠠᠪᠤᠳᠠᠯ ᠳᠤ | ᠬᠦᠯ ᠬᠦᠩᠭᠡᠨ ᠢᠶᠠᠷ ᠤᠷᠤᠯᠴᠠᠵᠦ᠂ ᠬᠦᠷᠦᠭᠰᠡᠭᠡᠷ ᠬᠠᠨᠴᠤᠢ ᠰᠢᠮᠠᠯᠠᠨ ᠬᠤᠶᠢᠰᠢ ᠦᠭᠡᠢ ᠬᠦᠶᠦᠳᠡᠭ ᠲᠤ ︽ᠠᠯᠳᠠᠨ | ᠮᠡᠯᠡᠬᠡᠢ︾ ᠬᠡᠰᠡᠨ ᠰᠠᠶᠢᠬᠠᠨ ᠨᠡᠷ᠎ᠡ ᠰᠤᠶᠤᠷᠬᠠᠭᠰᠠᠨ ᠨᠢ ᠡᠨᠡ ᠪᠢᠯᠡ᠃ | ᠲᠡᠬᠦᠤ ᠮᠢᠨᠢ᠂ ᠲᠦᠷᠪᠡᠨ ᠬᠡᠤᠬᠡᠳ ᠲᠡᠭᠡᠨ ᠠᠯᠠᠭ ᠦᠭᠡᠢ ᠰᠤᠶᠤᠯ ᠪᠤᠯᠪᠠᠰᠤᠷᠠᠯ ᠬᠦᠷᠲᠡᠬᠦ ᠨᠦᠬᠦᠴᠡᠯ | ᠪᠦᠷᠢᠯᠳᠦᠭᠦᠯᠦᠨ ᠬᠦᠮᠦᠨ ᠤ ᠵᠡᠷᠭᠡ ᠳᠤ ᠬᠦᠷᠭᠡᠵᠦ᠂ ᠠᠶᠢᠯ ᠡᠷᠦᠬᠡ ᠪᠠᠶᠢᠭᠤᠯᠤᠨ ᠦᠭᠴᠦ ᠠᠰ ᠠᠰ ᠤᠨ ᠠᠵᠢᠯ | ᠠᠮᠢᠳᠤᠷᠠᠯ ᠳᠠᠭᠠᠨ ᠭᠢᠯᠠᠷᠠᠭᠤᠯᠵᠦ ᠶᠠᠪᠤᠨ᠎ᠠ᠃ ᠶᠡᠭᠡ ᠬᠦᠤ ᠨᠢ ᠦᠨᠳᠦᠷ ᠲᠤᠮᠳᠠᠳᠤ ᠰᠤᠷᠭᠠᠭᠤᠯᠢ ᠪᠠᠨ ᠲᠡᠭᠦᠰᠭᠡᠭᠡᠳ | ᠠᠪᠦ᠂ ᠡᠵᠢ ᠪᠠᠨ ᠬᠠᠪᠰᠤᠷᠴᠦ ᠠᠳᠡᠯ ᠠᠮᠢᠳᠤᠷᠠᠯ ᠢᠶᠠᠨ ᠬᠢᠨ᠎ᠡ ᠭᠡᠰᠡᠨ ᠳᠤ ᠲᠡᠬᠦᠤ ᠮᠢᠨᠢ ᠦᠪᠡᠷ ᠤᠨ ᠠᠮᠤᠷ | ᠵᠢᠮᠦᠷ ᠢᠶᠠᠨ ᠪᠤᠳᠤᠭᠰᠠᠨ ᠦᠭᠡᠢ ᠪᠠᠷ ︽ᠡᠷ᠎ᠡ ᠴᠡᠷᠢᠭ ᠤᠨ ᠠᠯᠪᠠᠨ ᠵᠢᠷᠦᠮ ᠤᠨ ᠡᠬᠦᠷᠬᠡ ᠪᠠᠨ ᠬᠦᠢᠴᠡᠳᠭᠡ︕︾ | ᠬᠡᠵᠦ ᠬᠦᠤ ᠪᠠᠨ ᠴᠡᠷᠢᠭ ᠲᠤ ᠮᠤᠷᠳᠠᠭᠤᠯᠪᠠ᠃ ᠶᠡᠭᠡ ᠬᠡᠤᠬᠡᠨ ᠨᠢ ᠪᠠᠭᠰᠢ ᠶᠢᠨ ᠠᠵᠢᠯ ᠳᠠᠭᠠᠨ ᠬᠢᠯᠠᠷᠠᠭᠤᠯᠵᠦ | ᠶᠠᠪᠤᠨ᠎ᠠ᠃ ᠲᠡᠬᠦᠤ ᠶᠢᠨ ᠮᠢᠨᠢ ᠠᠵᠢᠯᠴᠢ ᠬᠤᠶᠠᠷ ᠭᠠᠷ ᠢᠶᠠᠷ ᠢᠶᠠᠨ ᠪᠤᠰᠬᠠᠭᠰᠠᠨ ᠠᠮᠢᠳᠤᠷᠠᠯ ᠠᠬᠤᠢ ᠤᠯᠠᠨ ᠤ | ᠨᠢᠳᠦᠨ ᠳᠤ ᠢᠯᠡᠬᠡᠨ ᠬᠠᠷᠠᠭᠳᠠᠵᠦ᠂ ᠴᠡᠪᠡᠷ ᠲᠤᠬᠢᠯᠢᠭ ᠲᠦᠷᠪᠡᠨ ᠲᠠᠰᠤᠯᠭ᠎ᠠ ᠸᠠᠭᠠᠷ ᠲᠤᠭᠤᠰᠭᠠ ᠶᠢᠨ | ᠪᠦᠳᠦᠴᠡ ᠲᠠᠢ ᠪᠠᠶᠢᠰᠢᠩ ᠭᠡᠷ᠂ ᠬᠠᠰᠢᠶ᠎ᠠ ᠰᠠᠷᠠᠪᠴᠢ ᠬᠤᠷᠢᠭᠠᠳ ᠲᠠᠰᠤᠯᠭ᠎ᠠ᠂ ᠬᠠᠰᠢᠶ᠎ᠠ ᠳᠦᠭᠦᠷᠡᠩ ᠵᠢᠮᠢᠰ ᠤᠨ | ᠮᠤᠳᠤᠳ ᠨᠢ ᠬᠠᠷᠠᠭᠰᠠᠨ ᠪᠦᠬᠦᠨ ᠤ ᠬᠠᠷᠠᠴᠠ ᠶᠢ ᠪᠤᠯᠢᠶᠠᠨ᠎ᠠ᠃ ᠰᠤᠶᠤᠯ ᠤᠨ ᠬᠤᠪᠢᠰᠬᠠᠯ ᠤᠨ ᠲᠠᠷᠠᠭ᠎ᠠ᠂ | ᠰᠢᠯᠢᠩᠭᠤᠤᠯ ᠳᠤ ᠠᠵᠢᠯ ᠠᠯᠪᠠ ᠲᠠᠢ ᠭᠤᠷᠪᠠᠳᠤᠭᠠᠷ ᠡᠬᠡᠴᠢ ᠨᠢ ᠬᠡᠳᠦᠨᠳᠡ ᠢᠷᠡᠵᠦ ᠴᠢᠮᠠᠢᠢ ᠲᠡᠷᠭᠡᠳᠡ ᠪᠠᠨ | ᠠᠪᠠᠴᠢᠵᠦ ᠠᠵᠢᠯ ᠠᠯᠪᠠ ᠤᠯᠭᠤᠨ᠂ ᠠᠳᠡᠯ ᠠᠮᠢᠳᠤᠷᠠᠯ ᠪᠠᠶᠢᠭᠤᠯᠤᠨ ᠦᠭᠬᠦ ᠭᠡᠰᠡᠨ ᠠᠵᠠ ᠲᠤᠬᠢᠶᠠᠯ ᠢ ᠲᠡᠷᠡ ᠪᠦᠷ | ᠲᠡᠪᠴᠢᠵᠦ ︽ᠬᠤᠶᠠᠷ ᠠᠬ᠎ᠠ ᠶᠢ ᠠᠪᠠᠴᠢᠴᠢᠬᠠ︕ ᠪᠢ ᠨᠠᠰᠤ ᠪᠠᠭ᠎ᠠ ᠵᠠᠯᠠᠭᠤ ᠬᠦᠮᠦᠨ ᠤ ᠵᠠᠮ ᠤᠨ ᠬᠦᠵᠦᠬᠦᠤ | ᠤᠷᠳᠤ︾ ᠬᠡᠵᠦ ᠠᠮᠤᠷ ᠵᠢᠮᠤᠷ ᠠᠮᠢᠳᠤᠷᠠᠯ ᠢ ᠠᠬ᠎ᠠ ᠨᠠᠷ ᠲᠠᠭᠠᠨ ᠨᠠᠶᠢᠷ ᠲᠠᠯᠪᠢᠨ ᠵᠤᠪᠠᠯ ᠵᠦᠳᠡᠬᠦᠷᠢ ᠶᠢ ᠲᠤᠷᠠᠳᠠᠶᠢᠶ᠎ᠠ | ᠦᠪᠡᠷ ᠢᠶᠠᠨ ᠰᠤᠩᠭᠤᠭᠰᠠᠨ ᠶᠤᠮᠰᠠᠨ᠃ | ᠦᠨᠡᠬᠡᠷ ᠴᠦ ᠬᠤᠶᠠᠷ ᠠᠬ᠎ᠠ ᠨᠢ ᠰᠢᠯᠢᠩᠭᠤᠤᠯ ᠳᠤ ᠬᠦᠷᠴᠦ ᠠᠶᠢᠯ ᠡᠷᠦᠭᠡ ᠪᠠᠶᠢᠭᠤᠯᠤᠨ᠂ ᠠᠮᠢᠳᠤᠷᠠᠯ ᠨᠢ | ᠦᠶᠦᠭ ᠲᠠᠪᠠᠲᠠᠢ ᠠᠷᠠᠳ ᠤᠨ ᠪᠠᠭᠰᠢ ᠪᠤᠯᠤᠭᠠᠳ ᠦᠷ᠎ᠡ ᠬᠡᠤᠬᠡᠳ ᠨᠢ ᠴᠦ ᠦᠨᠳᠦᠷ ᠰᠤᠶᠤᠯ ᠪᠤᠯᠪᠠᠰᠤᠷᠠᠯ | ᠬᠦᠷᠳᠡᠭᠡᠳ ᠤᠯᠤᠰ ᠤᠨ ᠠᠯᠪᠠᠳᠠᠨ ᠪᠤᠯᠵᠤ ᠬᠢᠯᠠᠷᠠᠭᠤᠯᠤᠨ᠎ᠠ᠃ ᠴᠢ ᠡᠨᠡ ᠪᠦᠬᠦᠨ ᠢ ᠦᠵᠡᠭᠡᠳ ᠦᠪᠡᠷ ᠤᠨ ᠡᠷᠬᠡ | ᠦᠭᠡᠢ ᠪᠠᠶᠠᠷᠯᠠᠨ ᠤᠮᠤᠭᠰᠢᠳᠠᠭ ᠪᠤᠷᠬᠠᠨ ᠪᠤᠳᠢ ᠰᠡᠳᠬᠢᠯ ᠲᠠᠢ ᠬᠦᠮᠦᠨ ᠶᠤᠮ᠃ ᠡᠷᠳᠡᠨ ᠤ ᠰᠤᠷᠭᠠᠯ ᠳᠤ᠄ ︽ᠠᠬ᠎ᠠ | ᠪᠤᠯᠪᠠᠰᠤ ᠡᠯᠢᠭᠡᠰᠡᠭ᠂ ᠲᠡᠭᠦᠤ ᠪᠤᠯᠪᠠᠰᠤ ᠪᠢᠰᠢᠷᠡᠯᠳᠡᠢ︾ ᠭᠡᠳᠡᠭ ᠪᠢᠯᠡ᠃ ᠠᠬ᠎ᠠ ᠡᠭᠡᠴᠢᠮᠡᠳ ᠲᠡᠭᠡᠨ ᠲᠦᠷᠬᠦᠮ | ᠪᠤᠯᠵᠤ ᠬᠤᠯᠠ ᠤᠶᠢᠷᠠᠯᠴᠠᠭᠠᠬᠢ ᠶᠢ ᠬᠦᠢᠴᠡᠳᠭᠡᠨ ᠤᠰᠤᠯᠳᠠᠭᠰᠠᠨ ᠭᠠᠵᠡᠷ ᠦᠭᠡᠢ᠂ ᠤᠨᠴᠠᠯᠠᠨ ᠨᠠᠮᠠᠢᠢ ᠠᠬ᠎ᠠ ᠲᠡᠬᠦᠤ | ᠠᠷᠪᠠᠭᠤᠯᠠ ᠶᠢᠨ ᠠᠬᠠᠮᠠᠳ ᠨᠢ ᠬᠡᠳ ᠬᠦᠨᠳᠦᠳᠭᠡᠨ ᠬᠠᠷᠠᠭᠠᠯᠵᠠᠭᠰᠠᠨ ᠢ ᠶᠠᠭᠤ ᠶᠢ ᠨᠢ ᠬᠡᠯᠡᠬᠦᠪ︕ ᠦᠩᠭᠡᠷᠡᠭᠰᠡᠨ | ᠵᠠᠭᠤᠨ ᠤ 79 ᠤᠨ ᠳᠤ ᠡᠷᠦᠬᠡ ᠰᠠᠯᠵᠤ ᠬᠤᠳᠠ ᠳᠤ ᠰᠠᠭᠤᠷᠢᠰᠢᠭᠰᠠᠨ ᠠᠴᠠ ᠨᠠᠰᠢ ᠤᠨ ᠵᠢᠯ ᠤᠰᠤᠯᠳᠤᠯ ᠦᠭᠡᠢ | ᠵᠢᠯ ᠤᠨ ᠲᠡᠬᠡᠵᠢ᠂ ᠬᠦᠳᠡᠯᠮᠦᠷᠢ ᠶᠢᠨ ᠰᠢᠮ᠎ᠡ ᠰᠢᠬᠦᠰᠦ ᠬᠡᠮᠡᠨ ᠪᠦᠬᠦᠯᠢ ᠬᠤᠨᠢ ᠬᠦᠷᠬᠡᠵᠦ ᠢᠷᠡᠳᠡᠭ᠂ ᠲᠡᠬᠦᠤ ᠮᠢᠨᠢ | ᠵᠢᠷᠠ ᠶᠢ ᠲᠠᠪᠡᠵᠦ ᠵᠠᠵᠢᠨ ᠳᠤᠨᠢ ᠮᠦᠩᠭᠦᠨ ᠬᠢᠷᠡᠭᠤ ᠪᠠᠭᠤᠭᠰᠠᠨ ᠠᠳᠡᠯᠠ ᠭᠤᠷᠪᠠᠨ ᠦᠶ᠎ᠡ ᠪᠠᠷ ᠢᠶᠠᠨ ᠢᠷᠡᠵᠦ ᠠᠬ᠎ᠠ | ᠪᠡᠷᠭᠡᠨ ᠲᠠᠢ ᠪᠠᠨ ᠬᠠᠮᠳᠤ ᠳᠠᠭᠠᠨ ᠪᠢᠳᠡᠬᠦᠯᠵᠦ ᠴᠠᠭᠠᠯᠠᠳᠠᠭ ᠨᠢ ᠪᠢᠰᠢᠷᠡᠯᠳᠡᠢ᠃ ᠢᠯᠠᠩᠭᠤᠶ᠎ᠠ ᠠᠬ᠎ᠠ ᠡᠭᠡᠴᠢ ᠶᠢᠨ ᠬᠢᠨᠢ | ᠠᠯᠢ ᠨᠢᠬᠡᠨ ᠨᠢ ᠡᠪᠡᠳᠴᠢᠨ ᠠᠷᠬᠠᠭ ᠲᠠᠢ ᠪᠤᠯᠤᠭᠰᠠᠭᠠᠷ ᠠᠷᠤ ᠭᠡᠷ ᠤᠨ ᠠᠳᠠᠯ ᠤᠨᠳᠤᠷᠠᠯ ᠢᠶᠠᠨ ᠠᠷᠦ ᠳᠠᠭᠠᠨ | ᠲᠠᠯᠪᠢᠭᠠᠳ ᠡᠮᠨᠡᠯᠭᠡ ᠳᠤ ᠬᠠᠯᠠᠭᠤᠨ ᠭᠠᠷ ᠢᠶᠠᠷ ᠢᠶᠠᠨ ᠰᠤᠪᠢᠯᠠᠵᠦ ᠠᠴᠢᠯᠠᠯ ᠲᠠᠭᠢᠮᠳᠡᠯ ᠢ ᠬᠦᠢᠴᠡᠳᠭᠡᠳᠡᠭ ᠨᠢ ᠠᠪᠤ | ᠡᠵᠢ ᠶᠢᠨ ︽ᠬᠡᠵᠢᠶ᠎ᠡ ᠶᠠᠮᠠᠷ ᠪᠠᠶᠢᠳᠠᠯ ᠳᠤ ᠴᠤ ᠵᠤᠯᠠᠢ ᠵᠤᠯᠠᠢ ᠪᠠᠨ ᠬᠢᠰᠬᠢᠵᠦ ᠵᠠᠶᠠᠭᠠᠭᠰᠠᠨ ᠢᠶᠠᠨ ᠪᠤᠤ ᠮᠠᠷᠳᠠ︾ | ᠬᠡᠰᠡᠨ ᠤ ᠪᠡᠶᠡᠯᠡᠯ ᠶᠤᠮ᠃ ᠬᠠᠶᠢᠷᠠᠳᠤ ᠲᠡᠭᠦᠤ ᠮᠢᠨᠢ ᠲᠠᠯ᠎ᠠ ᠰᠢᠬᠠᠭᠰᠠᠨ ᠴᠦ ᠨᠢᠭᠡ ᠡᠳᠦᠷ ᠨᠠᠮ ᠰᠡᠯᠡᠬᠦᠦ | ᠰᠠᠭᠤᠭᠰᠠᠨ ᠦᠭᠡᠢ᠂ ᠨᠠᠮ᠂ ᠠᠷᠠᠳ ᠲᠦᠮᠡᠨ ᠳᠤ ᠤᠰᠤᠯᠳᠠᠵᠦ ᠲᠠᠷᠤᠭᠠᠰᠦ ᠪᠤᠯᠵᠤ ᠦᠩᠭᠡᠷᠡᠭᠡ ᠦᠭᠡᠢ᠃ ︽ | ᠦᠷ᠎ᠡ ᠶᠢᠨ ᠲᠦᠯᠦᠭᠡ ᠦᠬᠦᠨ᠎ᠡ᠂ ᠵᠤᠯᠵᠠᠭ᠎ᠠ ᠶᠢᠨ ᠲᠦᠯᠦᠭᠡ ᠵᠤᠳᠠᠨᠠ︾ ᠬᠡᠵᠦ ᠶᠠᠳᠠᠷᠠᠭ᠎ᠠ ᠵᠦᠳᠡᠷᠡᠭᠡ ᠶᠢ | ᠵᠢᠷᠭᠠᠯ ᠢᠶᠠᠨ ᠪᠤᠯᠭᠠᠵᠦ ᠵᠢᠳᠭᠦᠭᠰᠡᠭᠡᠷ ᠦᠩᠭᠡᠷᠡᠭᠰᠡᠨ ᠵᠢᠯ ᠤᠨ 6 ᠰᠠᠷ᠎ᠠ ᠶᠢᠨ 30 ᠡᠳᠦᠷ ᠲᠠᠷᠢᠬᠢᠨ ᠳᠤᠨᠢ ᠴᠢᠰᠦ | ᠬᠠᠷᠪᠤᠵᠤ 66 ᠨᠠᠰᠤᠨ ᠬᠤᠳᠤᠭ ᠲᠠᠢ ᠬᠡᠨᠡᠨ ᠮᠤᠷᠳᠠᠯ᠎ᠠ᠃ ᠲᠠ ᠲᠠᠩᠴᠢ ᠪᠡᠶ᠎ᠡ ᠳᠡᠭᠡᠨ ᠬᠠᠯᠳᠠᠢ ᠪᠤᠯᠬᠤᠷ ᠲᠠᠩᠴᠢ | ᠡᠷᠳᠡ ᠲᠠᠩᠴᠢ ᠲᠦᠷᠭᠡᠨ ᠢᠶᠠᠷ ᠮᠠᠨ ᠠᠴᠠ ᠪᠠᠨ ᠰᠠᠯᠤᠯ᠎ᠠ᠃ ᠲᠠᠨ ᠤ ᠰᠠᠶᠢᠨ ᠰᠠᠨᠠᠭ᠎ᠠ᠂ ᠰᠠᠶᠢᠬᠠᠨ ᠰᠡᠳᠬᠢᠯ ᠳᠤ | ᠲᠠᠨ ᠢ ᠪᠠᠨ ᠨᠠᠶᠠᠨ ᠨᠠᠰᠤ ᠶᠢ ᠠᠵᠢᠭ ᠦᠭᠡᠢ ᠲᠠᠪᠠᠨ᠎ᠠ ᠬᠡᠵᠦ ᠲᠡᠨᠡᠭ ᠠᠬ᠎ᠠ ᠴᠢᠨᠢ ᠪᠢ ᠪᠤᠳᠤᠵᠤ ᠶᠠᠪᠤᠯ᠎ᠠ ᠁ | ᠬᠠᠶᠢᠷᠠᠳᠤ ᠲᠡᠬᠦᠤ ᠮᠢᠨᠢ︕ ᠲᠠᠩᠴᠢ ᠡᠷᠳᠡ᠂ ᠲᠠᠩᠴᠢ ᠲᠦᠷᠭᠡᠨ᠂ ᠲᠠᠩᠴᠢ ᠬᠡᠨᠡᠨ ᠮᠤᠷᠳᠠᠭᠰᠠᠨ ᠳᠤ | ᠨᠠᠰᠤᠨ ᠤ ᠬᠠᠨᠢ ᠴᠢᠨᠢ ᠭᠠᠷ ᠢᠶᠠᠷ ᠢᠶᠠᠨ ᠨᠢᠬᠡᠨ ᠠᠶᠠᠭ᠎ᠠ ᠠᠮᠳᠠᠳᠠᠢ ᠱᠦᠯᠦ ᠤᠤᠭᠤᠯᠭᠠᠨ ᠰᠤᠪᠢᠯᠠᠵᠦ ᠴᠢᠳᠠᠭᠰᠠᠨ | ᠦᠭᠡᠢ ᠳᠠᠭᠠᠨ ᠨᠠᠰᠤᠨ ᠤ ᠭᠤᠮᠤᠳᠠᠯ ᠭᠤᠨᠢᠭᠯᠠᠯ ᠪᠤᠯᠭᠠᠵᠤ ᠡᠪᠬᠡᠷᠡᠨ ᠡᠪᠬᠡᠷᠡᠨ ᠡᠮᠭᠡᠨᠢᠨᠡ᠃ ᠦᠷ᠎ᠡ ᠬᠡᠤᠬᠡᠳ ᠴᠢᠨᠢ | ᠠᠰᠠᠷᠠᠯ ᠤᠨ ᠲᠡᠭᠷᠢ ᠠᠮᠢᠳᠤ ᠪᠤᠷᠬᠠᠨ ᠲᠠᠨ ᠳᠤ ᠠᠯᠠᠭ᠎ᠠ ᠪᠠᠷ ᠢᠶᠠᠨ ᠨᠢᠭᠡᠨ ᠲᠤᠷᠤᠮ ︵ᠬᠤᠳᠤᠭᠤᠷ︶ ᠡᠮ ᠲᠠᠩ | ᠪᠡᠷᠢᠵᠤ ᠴᠢᠳᠠᠭᠰᠠᠨ ᠦᠭᠡᠢ ᠳᠠᠭᠠᠨ ᠬᠠᠷᠠᠮᠰᠠᠨ ᠭᠠᠰᠢᠭᠤᠳᠠᠨ᠎ᠠ᠃ | ᠠᠬ᠎ᠠ᠂ ᠡᠭᠡᠴᠢ ᠲᠦᠷᠦᠯ ᠰᠠᠳᠤᠨ ᠪᠦᠬᠦᠨ ᠢᠶᠠᠷ ᠢᠶᠠᠨ ᠠᠮᠠᠷᠠᠭ ᠬᠠᠶᠢᠷᠠᠳᠤ ᠲᠠᠨ ᠢ ᠪᠠᠨ ᠠᠯᠭᠠᠰᠠᠯ ᠦᠭᠡᠢ | ᠦᠬᠡᠶᠢᠯᠡᠨ ᠲᠤᠷᠠᠳᠬᠠᠵᠤ ᠮᠡᠯᠡᠷᠡᠬᠦᠯᠦᠨᠡ ᠁ ᠵᠠ︕ ᠶᠢᠷᠳᠢᠨᠴᠦ ᠶᠢᠨ ᠮᠦᠩᠭᠡ ᠪᠤᠰᠤ ᠶᠢ ᠶᠠᠭᠠᠭᠢᠶ᠎ᠠ ᠁ ︵ | ᠠ᠊᠂ ᠬᠤᠲᠣᠷᠠᠩᠭᠠ︶ |