︽ᠰᠤᠭᠤ ᠪᠣᠷᠣ︾ ᠬᠡᠮᠡᠬᠦ ᠳᠠᠭᠤᠨ ᠤ ᠳᠤᠮᠤᠭ
ᠨᠡᠶᠢᠲᠡᠯᠡᠭᠰᠡᠨ ᠴᠠᠭ᠄
2017/12/2
     ᠡᠷᠲᠠ ᠣᠷᠢᠳᠦ ᠴᠠᠭ ᠲᠤ ᠨᠢᠭᠡᠨ ᠬᠦᠦ ᠲᠠᠢ ᠡᠮᠡᠭᠡᠨ ᠡᠪᠦᠭᠡᠨ ᠬᠤᠶᠠᠷ ᠪᠠᠶᠢᠵᠠᠢ᠃ ᠬᠦᠦ ᠨᠢ ᠣᠷᠳᠤ ᠣᠳᠠᠭᠠᠨ ᠬᠤᠭᠤᠴᠠᠭ᠋ ‍ᠠ᠋ ᠪᠠᠷ ᠴᠡᠷᠢᠭ ᠤᠨ ᠠᠯᠪᠠᠨ ᠳᠤ ᠮᠣᠷᠳᠠᠵᠣ ᠭᠡᠨ᠎ᠡ᠃ ᠬᠠᠷᠢ ᠨᠣᠲᠤᠭ ᠲᠤ ᠶᠠᠪᠣᠭᠰᠠᠨ ᠬᠦᠦ ᠨᠢ ᠴᠡᠷᠢᠭ ᠤᠨ ᠠᠯᠪᠠ ᠪᠠᠨ ᠠᠷᠠᠢ ᠬᠢᠵᠦ ᠳᠠᠭᠤᠰᠬᠠᠭᠠᠳ ᠨᠣᠲᠤᠭ ᠪᠣᠴᠠᠬᠤ ᠭᠡᠳᠡᠯ᠎ᠡ ᠣᠨᠣᠬᠤ ᠣᠨᠤᠭ᠎ᠠ ᠦᠭᠡᠢ ᠶᠢᠨ ᠡᠷᠬᠡ ᠪᠠᠷ ᠨᠣᠲᠤᠭ ᠤᠨ ᠪᠠᠶᠠᠨ ᠤ ᠳᠤ ᠬᠤᠨᠢᠴᠢᠨ ᠪᠣᠯᠵᠠᠢ᠃ ᠲᠡᠷᠡ ᠬᠦᠦ ᠪᠠᠶᠠᠨ ᠤ ᠭᠠᠭᠴᠠ ᠦᠬᠢᠨ ᠲᠠᠢ ᠢᠵᠢᠯ ᠳᠠᠰᠤᠯ ᠪᠤᠯᠵᠤ ᠣᠯᠠᠮ ᠢᠶᠠᠷ ᠠᠮᠠᠷᠠᠭ ᠤᠨ ᠬᠤᠯᠪᠤᠭ᠋ ‍ᠠ᠋ ᠲᠠᠢ ᠪᠤᠯᠵᠤ ᠭᠡᠨ᠎ᠡ᠃ ᠨᠦᠭᠦᠭᠡ ᠬᠦᠦ ᠨᠢᠭᠡᠨ ᠣᠳᠠᠭ᠎ᠠ᠄      — ᠪᠢ ᠣᠷᠤᠨ ᠨᠣᠲᠤᠭ᠂ ᠠᠪᠤ ᠡᠵᠢ ᠠᠴᠠ ᠪᠠᠨ ᠬᠤᠯᠠᠳᠠᠭᠰᠠᠭᠠᠷ ᠣᠳᠠᠯ᠎ᠠ᠃ ᠲᠡᠳᠡᠨ ᠲᠠᠢ ᠪᠠᠨ ᠣᠴᠢᠵᠤ ᠠᠭᠤᠯᠵᠠᠮᠠᠷ ᠪᠠᠶᠢᠨ᠎ᠠ ᠭᠡᠰᠡᠨ ᠳᠤ ᠦᠬᠢᠨ ᠬᠠᠷᠢᠭᠤ ᠳᠤ ᠨᠢ᠄      — ᠪᠢ ᠵᠦᠪᠰᠢᠶᠡᠷᠡᠨ᠎ᠡ᠃ ᠬᠠᠷᠢᠨ ᠴᠢ ᠶᠠᠮᠠᠷ ᠮᠣᠷᠢ ᠣᠨᠣᠵᠤ ᠶᠠᠪᠣᠬᠤ ᠪᠤᠢ︖ ᠭᠡᠵᠡᠢ᠃      — ᠨᠠᠳᠠᠳᠦ ᠦᠪᠡᠷ ᠤᠨ ᠭᠡᠬᠦ ᠣᠨᠤᠭ᠎ᠠ ᠪᠠᠶᠢᠬᠤ ᠪᠢᠰᠢ ᠳ᠋ᠧ ᠭᠡᠬᠦ ᠳᠤ᠄      — ᠴᠢ ᠪᠣᠷᠣ ᠠᠵᠢᠷᠭᠠᠨ ᠤ ᠣᠨᠠᠭ᠎ᠠ ᠪᠣᠷᠣ ᠰᠢᠳᠦᠯᠡᠩ ᠠᠪᠣᠶ᠎ᠠ ᠭᠡᠵᠦ ᠠᠪᠤ ᠠᠴᠠ ᠭᠤᠶᠤᠭᠠᠷᠠᠢ ᠭᠡᠵᠡᠢ᠃ ᠦᠬᠢᠨ ᠤ ᠬᠡᠯᠡᠭᠰᠡᠨ ᠶᠤᠰᠤᠭᠠᠷ ᠡᠴᠢᠭᠡ ᠨᠢ ᠬᠦᠦ ᠳᠤ ᠪᠣᠷᠣ ᠰᠢᠳᠦᠯᠡᠩ ᠢᠶᠠᠨ ᠦᠭᠴᠠᠢ᠃ ᠬᠦᠦ ᠲᠡᠭᠦᠨ ᠢ ᠰᠣᠷᠭᠠᠵᠦ ᠨᠣᠮᠣᠬᠠᠷᠠᠭᠤᠯᠣᠭᠠᠳ ᠨᠣᠲᠤᠭ ᠶᠠᠪᠣᠬᠤ ᠪᠤᠯᠤᠭᠰᠠᠨ ᠳᠤ ᠬᠦᠦ ᠶᠢ ᠦᠳᠡᠵᠦ ᠮᠣᠷᠳᠠᠭᠤᠯᠬᠤ ᠪᠠᠷ ᠦᠬᠢᠨ ᠬᠠᠮᠳᠤ ᠶᠠᠪᠣᠵᠤ ᠭᠡᠨ᠎ᠡ᠃ ᠨᠢᠭᠡᠨ ᠠᠭᠤᠯᠨ ᠶᠢᠨ ᠠᠷᠤ ᠳᠤ ᠣᠴᠢᠭᠠᠳ᠄      — ᠴᠢ ᠣᠳᠤ ᠪᠣᠴᠠ ᠳ᠋ᠠ᠃ ᠲᠡᠩᠳᠡᠬᠦᠦ ᠬᠤᠯᠠᠳᠠᠯ᠎ᠠ ᠭᠡᠬᠦ ᠳᠤ ᠦᠬᠢᠨ᠄      — ᠠᠭᠤᠯᠠ ᠶᠢᠨ ᠠᠷᠣ ᠠᠴᠠ ᠰᠠᠯᠪᠠᠯ ᠠᠭᠤᠯᠵᠠᠬᠤ ᠦᠭᠡᠢ ᠪᠠᠶᠢᠵᠤ ᠮᠠᠭᠠᠳ ᠦᠭᠡᠢ᠃ ᠠᠭᠤᠯᠠ ᠶᠢᠨ ᠦᠪᠦᠷ ᠠᠴᠠ ᠰᠠᠯᠣᠶ᠎ᠠ ᠳ᠋ᠠ ᠭᠡᠵᠡᠢ᠃ ᠠᠭᠤᠯᠠ ᠶᠢᠨ ᠡᠩᠬᠡᠷ ᠲᠤ ᠣᠴᠢᠭᠠᠳ ᠦᠬᠢᠨ᠄      — ᠪᠣᠷᠣ ᠰᠢᠳᠦᠯᠡᠩ ᠴᠢᠨᠢ ᠰᠤᠶᠤᠭᠠᠯᠠᠩ ᠪᠤᠯᠵᠤ ᠰᠡᠭᠦᠯ ᠨᠢ ᠭᠠᠵᠠᠷ ᠲᠤ 4 ᠬᠤᠷᠣᠭᠤ ᠲᠤᠨᠣᠬᠤ ᠦᠶ᠎ᠡ ᠳᠤ ᠵᠤᠨ ᠤ ᠳᠤᠮᠳᠠ ᠰᠠᠷ᠎ᠠ ᠶᠢᠨ ᠡᠬᠢ ᠪᠠᠷ ᠨᠠᠮᠠᠢᠢ ᠨᠢᠭᠡ ᠡᠷᠭᠢᠭᠡᠷᠡᠢ ᠭᠡᠵᠦ ᠵᠠᠬᠢᠵᠠᠢ᠃ ᠭ᠊‍ᠦ᠋ᠦ ᠶᠢ ᠬᠠᠷᠢᠬᠤ ᠳᠤ ᠡᠴᠢᠭᠡ ᠨᠢ ᠨᠠᠰᠤ ᠪᠠᠷᠠᠵᠦ᠂ ᠡᠬᠡ ᠨᠢ ᠡᠰᠡᠨ ᠮᠡᠨᠳᠦ ᠪᠠᠶᠢᠵᠤ ᠭᠡᠨ᠎ᠡ᠃ ᠬᠦᠦ ᠡᠬᠡ ᠶᠢ ᠪᠠᠨ ᠡᠷᠭᠦᠨ ᠲᠡᠳᠭᠦᠬᠦ ᠪᠠᠷ ᠨᠣᠲᠤᠭ ᠤᠨ ᠨᠣᠶᠠᠨ ᠤ ᠠᠳᠤᠭᠤᠴᠢᠨ ᠪᠣᠯᠵᠠᠢ᠃ ᠨᠢᠭᠡᠨ ᠡᠳᠦᠷ ᠠᠳᠤᠭᠤ ᠪᠠᠨ ᠲᠠᠷᠬᠠᠭᠠᠭᠠᠳ ᠰᠠᠭᠤᠵᠤ ᠪᠠᠶᠢᠳᠠᠯ᠎ᠠ ᠪᠣᠷᠣ ᠰᠢᠳᠦᠯᠡᠩ ᠨᠢ ᠦᠷᠦᠭᠡᠰᠦᠨ ᠬᠦᠯ ᠢᠶᠠᠨ ᠡᠷᠭᠦᠭᠡᠳ ᠵᠤᠭᠰᠤᠵᠤ ᠪᠠᠶᠢᠵᠤ ᠭᠡᠨ᠎ᠡ᠃ ᠰᠠᠶᠢᠬᠠᠨ ᠮᠣᠷᠢ ᠪᠤᠯᠵᠤ ᠪᠠᠶᠢᠨ᠎ᠠ ᠳ᠋ᠠ ᠭᠡᠵᠦ ᠪᠤᠳᠤᠬᠤ ᠶᠢᠨ ᠰᠠᠴᠠᠭᠤ ᠨᠦᠭᠦᠭᠡ ᠦᠬᠢᠨ ᠤ ᠬᠡᠯᠡᠭᠰᠡᠨ ᠵᠦᠢᠯ ᠬᠡᠨᠡᠳᠳᠠ ᠰᠠᠨᠠᠭᠠᠨ ᠳᠤ ᠨᠢ ᠣᠷᠤᠵᠠᠢ᠃ ᠡᠨᠡ ᠦᠶ᠎ᠡ ᠳᠤ ᠪᠣᠷᠣ ᠰᠢᠳᠦᠯᠡᠩ ᠰᠤᠶᠤᠭᠠᠯᠠᠩ ᠨᠠᠰᠤ ᠭᠦᠢᠴᠡᠵᠦ᠂ ᠵᠤᠨ ᠤ ᠳᠤᠮᠳᠠ ᠰᠠᠷ᠎ᠠ ᠭᠠᠷᠤᠭᠰᠠᠨ ᠪᠠᠶᠢᠵᠤ ᠭᠡᠨ᠎ᠡ᠃ ᠬᠦᠦ ᠰᠤᠶᠤᠭᠠᠯᠠᠩ ᠪᠣᠷᠣ ᠮᠣᠷᠢ ᠪᠠᠨ ᠣᠨᠣᠭᠠᠳ ᠬᠡᠦᠬᠡᠨ ᠤ ᠨᠣᠲᠤᠭ ᠲᠤ ᠣᠴᠢᠵᠠᠢ᠃ ᠲᠡᠳᠡᠨ ᠤ ᠣᠶᠠᠭᠠᠨ ᠲᠡᠭᠡᠷ᠎ᠡ ᠣᠯᠠᠨ ᠮᠤᠷᠢᠳ ᠪᠠᠭᠰᠢᠷᠠᠵᠤ ᠭᠡᠷ ᠲᠤ ᠨᠢ ᠳᠠᠭᠤᠣ ᠬᠤᠭᠤᠷ ᠪᠤᠯᠵᠤ ᠪᠠᠶᠢᠭ᠎ᠠ ᠨᠢ ᠰᠣᠨᠣᠰᠳᠠᠪᠠ ᠭᠡᠨ᠎ᠡ᠃ ᠦᠬᠢᠨ ᠤ ᠡᠴᠢᠭᠡ ᠶᠢᠨ ᠭᠡᠷ ᠲᠤ ᠣᠷᠤᠪᠠᠯ ᠡᠴᠢᠭᠡ ᠡᠬᠡ ᠬᠤᠶᠠᠷ ᠨᠢ ᠣᠷᠢᠳ ᠤᠨ ᠠᠳᠠᠯᠢ ᠲᠠᠨᠢᠮᠠᠬᠠᠶᠢᠷᠠᠵᠣ ᠳᠡᠭᠡᠭᠰᠢ ᠪᠠᠨ ᠰᠠᠭᠤ ᠭᠡᠵᠦ ᠣᠷᠢᠵᠠᠢ᠃ ᠬᠠᠷᠢᠨ ᠦᠬᠢᠨ ᠭᠡᠷ ᠲᠤ ᠪᠠᠶᠢᠭᠰᠠᠨ ᠦᠭᠡᠢ ᠪᠤᠯᠪᠠᠴᠤ ᠪᠤᠯᠵᠤ ᠪᠠᠶᠢᠭ᠎ᠠ ᠣᠶᠢᠯᠠ ᠶᠠᠪᠤᠳᠠᠯ ᠤᠨ ᠪᠠᠶᠢᠳᠠᠯ ᠠᠴᠠ ᠠᠵᠢᠭᠯᠠᠵᠤ ᠮᠡᠳᠡᠪᠡᠯ ᠦᠬᠢᠨ ᠢ ᠨᠣᠲᠤᠭ ᠤᠨ ᠨᠣᠶᠠᠨ ᠳᠤ ᠬᠡᠷᠬᠡᠢ ᠪᠤᠯᠭᠠᠵᠤ ᠦᠭᠬᠦ ᠪᠠᠷ ᠰᠢᠢᠳᠴᠦ ᠭᠤᠷᠪᠠᠨ ᠬᠤᠨᠤᠭ ᠨᠠᠶᠢᠷᠯᠠᠭᠰᠠᠨ ᠪᠤᠯᠪᠠᠴᠤ ᠬᠡᠣᠬᠡᠨ ᠶᠡᠷᠦ ᠲᠠᠭᠤ ᠭᠠᠷᠬᠤ ᠦᠭᠡᠢ ᠠᠵᠠᠢ᠃      ᠬᠦᠦ ᠶᠢ ᠠᠶ᠎ᠠ ᠪᠠᠷᠢᠬᠤ ᠶᠢ ᠱᠠᠭᠠᠷᠳᠠᠬᠤ ᠳᠤ᠄      ᠰᠤᠭᠤ ᠪᠣᠷᠣ ᠮᠤᠷᠢ ᠲᠠᠢ      ᠰᠣᠨᠢᠬᠠᠨ ᠬᠢᠯᠢ ᠵᠠᠩ ᠲᠠᠢ      ᠠᠯᠳᠠᠷᠠᠢ ᠵᠢᠭᠠᠬᠠᠨ ᠪᠢ ᠴᠢᠨᠢ      ᠰᠠᠨᠠᠨ ᠪᠤᠳᠤᠭᠰᠠᠭᠠᠷ ᠶᠠᠪᠣᠵᠤ ᠢᠷᠡᠯ᠎ᠡ      ᠠᠷᠤ ᠶᠢᠨ ᠮᠣᠳᠣ ᠣᠯᠠᠨ ᠴᠦ ᠪᠤᠯ      ᠠᠭᠠᠷᠤ ᠽᠠᠨᠳᠠᠨ ᠣᠷᠭᠤᠭ᠎ᠠ ᠦᠭᠡᠢ      ᠠᠬᠠᠨ ᠲᠡᠭᠦᠣᠰ ᠣᠯᠠᠨ ᠴᠦ ᠪᠤᠯ      ᠠᠪᠤ ᠠᠴᠠ ᠦᠨᠡᠨᠴᠢ ᠬᠦᠮᠦᠨ ᠦᠭᠡᠢ      ᠡᠩᠭᠡᠷ ᠤᠨ ᠮᠣᠳᠣ ᠣᠯᠠᠨ ᠴᠦ ᠪᠤᠯ      ᠡᠷᠴᠢᠲᠠᠢ ᠽᠠᠨᠳᠠᠨ ᠣᠷᠭᠤᠭ᠎ᠠ ᠦᠭᠡᠢ      ᠡᠭᠡᠴᠢ ᠲᠡᠭᠦᠦ ᠨᠠᠷ ᠣᠯᠠᠨ ᠴᠦ ᠪᠤᠯ      ᠡᠵᠢ ᠠᠴᠠ ᠦᠨᠡᠨᠴᠢ ᠬᠦᠮᠦᠨ ᠦᠭᠡᠢ ᠭᠡᠮᠡᠨ ᠳᠠᠭᠤᠯᠠᠭᠰᠠᠨ ᠳᠤ ᠦᠬᠢᠨ ᠡᠭᠦᠨ ᠤ ᠣᠴᠢᠷ ᠢ ᠣᠶᠢᠯᠠᠭᠠᠵᠣ᠂ ᠰᠡᠮ ᠠᠭᠤᠯᠵᠠᠬᠤ ᠳᠠᠭᠠᠨ᠄     — ᠪᠢ ᠬᠦᠭᠰᠢᠨ ᠨᠣᠶᠠᠨ ᠳᠤ ᠬᠦᠴᠦ ᠪᠠᠷ ᠣᠴᠢᠬᠤ ᠪᠤᠯᠤᠭᠠᠳ ᠪᠠᠶᠢᠨ᠎ᠠ᠃ ᠪᠡᠷᠢ ᠬᠦᠷᠭᠡᠬᠦ ᠪᠠᠷ ᠶᠠᠪᠤᠬᠤ ᠳᠤ ᠪᠡᠷᠢ ᠶᠢ ᠬᠡᠨ ᠲᠡᠭᠦᠷᠡᠬᠦ ᠪᠤᠢ ᠭᠡᠬᠦ ᠳᠤ ᠨᠢ ᠪᠢ ᠲᠡᠭᠦᠷᠡᠶ᠎ᠡ ᠭᠡᠵᠦ ᠬᠡᠯᠡᠭᠡᠷᠡᠢ ᠭᠡᠵᠡᠢ᠃ ᠲᠡᠷᠡ ᠶᠤᠰᠤ ᠪᠠᠷ ᠪᠡᠷᠢ ᠮᠣᠷᠳᠠᠭᠤᠯᠬᠤ ᠳᠤ ᠬᠡᠣᠬᠡᠨ ᠢ ᠲᠡᠭᠦᠷᠡᠬᠦ ᠳᠤ ᠡᠬᠢᠯᠡᠭᠡᠳ ᠭᠡᠯᠳᠦᠷᠢᠨ ᠶᠠᠪᠤᠵᠠᠢ᠃ ᠭᠡᠳᠡᠯ᠎ᠡ ᠬᠦᠮᠦᠰ ᠬᠤᠷᠳᠣᠨ ᠶᠠᠪᠤ ᠭᠡᠵᠦ ᠱᠠᠭᠠᠷᠳᠠᠭᠰᠠᠨ ᠲᠣᠯᠠ ᠪᠣᠷᠣ ᠮᠣᠷᠢ ᠪᠠᠷ ᠢᠶᠠᠨ ᠬᠤᠷᠳᠤᠯᠠᠨ ᠳᠠᠪᠬᠢᠵᠠᠢ᠃ ᠡᠶᠢᠨᠬᠦ ᠬᠤᠣᠰ ᠵᠠᠯᠠᠭᠤᠰ ᠡᠷᠳᠡᠨ ᠠᠴᠠ ᠲᠠᠨᠢᠭᠰᠠᠨ ᠢᠳᠡᠬᠡᠯᠳᠣ ᠪᠣᠷᠣ ᠮᠣᠷᠢ ᠨᠢ ᠨᠣᠶᠠᠨ ᠤ ᠬᠢᠨ ᠳᠤ ᠬᠦᠢᠴᠡᠭᠳᠡᠯ ᠦᠭᠡᠢ ᠵᠢᠭᠤᠳᠠᠭᠰᠠᠭᠠᠷ ᠬᠦᠦ ᠶᠢᠨ ᠨᠣᠲᠤᠭ ᠲᠤ ᠢᠷᠡᠵᠦ ᠠᠮᠤᠷ ᠰᠠᠶᠢᠬᠠᠨ ᠵᠢᠷᠭᠠᠵᠤ ᠭᠡᠨ᠎ᠡ᠃ ︵ᠴᠢᠩ᠊᠂ ᠬᠠᠰ ᠶᠢᠨ ᠪᠦᠷᠭᠡ ᠠᠴᠠ︶
 
ᠢᠷᠡᠯᠲᠡ᠄ ᠬᠣᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号