ᠤᠵᠤᠭᠤᠷ ᠲᠤ ᠨᠢᠬᠡᠨ ᠠᠩᠴᠢᠨ ᠰᠢᠷ᠎ᠠ ᠳᠠᠯ᠎ᠠ ᠤ ᠶᠢᠨ ᠡᠩᠭᠡᠷ ᠲᠤ ᠵᠡᠬᠡᠷ᠎ᠡ ᠬᠦᠯᠢᠶᠡᠵᠦ ᠰᠠᠭᠤᠭᠠᠳ ᠨᠠᠷᠠ | ᠰᠢᠩᠬᠡᠬᠦ ᠤᠶᠢᠷᠠᠳᠤᠵᠠᠢ᠃ ᠡᠨᠡ ᠦᠶ᠎ᠡ ᠨᠢᠬᠡ ᠰᠦᠷᠦᠭ ᠵᠡᠬᠡᠷ᠎ᠡ ᠱᠤᠬᠰᠢᠨ ᠢᠳᠡᠰᠢᠯᠡᠵᠦ ᠠᠩᠴᠢᠨ ᠤ ᠤᠶᠢᠷ᠎ᠠ | ᠢᠷᠡᠬᠦ ᠳᠤ ᠠᠩᠴᠢᠨ ᠫᠤᠤ ᠪᠠᠨ ᠤᠨᠢᠯᠠᠵᠤ ᠪᠠᠶᠢᠭᠠᠳ ᠠᠳᠬᠤᠪᠠ᠃ ᠢᠳᠡᠰᠢᠯᠡᠵᠦ ᠪᠠᠶᠢᠬᠰᠠᠨ ᠨᠢᠬᠡᠨ ᠰᠢᠷᠠᠬᠴᠢᠨ | ᠤᠷᠤᠨ ᠠᠴᠠ ᠪᠠᠨ ᠦᠨᠳᠦᠷ ᠦᠰᠦᠷᠴᠦ ᠭᠤᠯᠢᠳᠠᠭᠠᠳ ᠬᠦᠳᠡᠯᠬᠦ ᠦᠬᠡᠢ ᠪᠤᠯᠪᠠ᠂ ᠠᠩᠴᠢᠨ ᠰᠠᠩᠳᠠ ᠮᠡᠩᠳᠡ | ᠤᠴᠢᠭᠠᠳ ᠠᠷᠠᠰᠤ ᠶᠢ ᠨᠢ ᠦᠪᠴᠢᠵᠦ ᠬᠡᠳᠡᠰᠦ ᠳᠤᠳᠤᠷ ᠨᠢ ᠭᠠᠷᠭᠠᠵᠤ ᠬᠠᠶᠠᠭᠠᠳ ᠠᠷᠠᠰᠤ ᠪᠠᠷ ᠨᠢ ᠮᠢᠬ᠎ᠠ ᠶᠢ ᠨᠢ | ᠪᠤᠭᠤᠳᠠᠯᠯᠠᠵᠦ ᠮᠦᠷᠦᠨ ᠳᠤ ᠪᠠᠨ ᠮᠦᠷᠦᠯᠡᠬᠡᠳ ᠶᠠᠪᠤᠬᠤ ᠳᠤ ᠬᠠᠪᠢᠷᠭ᠎ᠠ ᠬᠠᠵᠠᠭᠤ ᠪᠠᠷ ᠨᠢ ᠨᠢᠬᠡᠨ ᠤᠯᠠᠭᠠᠨ | ᠢᠨᠵᠠᠭ᠎ᠠ ᠮᠠᠶᠢᠯᠠᠨ ᠮᠠᠶᠢᠯᠠᠨ ᠬᠦᠶᠦᠬᠡᠳ ᠶᠠᠪᠤᠬᠤ ᠵᠠᠮ ᠢ ᠨᠢ ᠬᠠᠰᠢᠵᠤ ᠪᠠᠶᠢᠪᠠ᠃ ᠠᠩᠴᠢᠨ ᠠᠪᠤᠭᠠᠢ ᠪᠢ ᠨᠢᠬᠡ | ᠨᠠᠰᠤᠨ ᠲᠤ ᠬᠡᠴᠢᠨᠡᠨ ᠤᠯᠠᠨ ᠵᠡᠬᠡᠷ᠎ᠡ ᠶᠢ ᠠᠯᠠᠵᠤ ᠦᠡᠭᠬᠡᠷᠡᠭᠰᠡᠨ ᠶᠤᠮ ᠴᠢᠨᠢ ᠴᠢᠮ ᠠ ᠰᠢᠬ ᠵᠢᠭᠠᠬᠠᠨ ᠢᠨᠵᠠᠭ᠎ᠠ ᠶᠢ | ᠠᠯᠠᠭᠠᠳ ᠶᠠᠭᠤ ᠬᠢᠬᠦ ᠪᠤᠢ ᠬᠡᠳ ︽ᠬᠠᠢ︕ ᠬᠠᠢ︕︾ ᠬᠠᠰᠬᠢᠷᠴᠤ ᠠᠶᠤᠯᠭᠠᠨ ᠬᠦᠬᠡᠬᠡᠳ ᠶᠠᠪᠤᠭᠤᠯᠵᠤ ᠪᠠᠶᠢᠯ᠎ᠠ | ᠃ ᠡᠨᠡ ᠬᠦ ᠵᠢᠭᠠᠬᠠᠨ ᠢᠨᠵᠠᠭ᠎ᠠ ᠨᠢ ᠬᠡᠰᠡᠭ ᠬᠡᠰᠡᠭ ᠤᠶᠢᠷᠠᠳᠤᠨ ᠢᠷᠡᠵᠦ ᠮᠡᠶᠢᠯᠡᠬᠤ ᠪᠦᠬᠡᠳ ᠵᠠᠷᠢᠮ ᠦᠶ᠎ᠡ ᠳᠤ ᠪᠠᠨ | ᠡᠮᠦᠨ᠎ᠡ ᠨᠢ ᠭᠠᠷᠴᠤ ᠢᠷᠡᠬᠡᠳ ᠮᠠᠶᠢᠯᠠᠬᠤ ᠶᠤᠮ᠂ ᠠᠩᠴᠢᠨ ᠠᠪᠤᠭᠠᠢ ᠬᠠᠶᠠ ᠬᠠᠶᠠ ᠶᠡᠭᠡ ᠳᠠᠭᠤᠨ ᠢᠶᠠᠷ ᠠᠶᠤᠯᠭᠠᠨ | ᠬᠦᠬᠡᠬᠡᠭᠰᠡᠬᠡᠷ ᠪᠠᠶᠢᠭᠠᠳ ᠬᠡᠷ ᠤᠨ ᠢᠶᠠᠨ ᠭᠠᠳᠠᠨ᠎ᠠ ᠢᠷᠠᠬᠡᠳ ᠰᠢᠷᠠᠬᠴᠢᠨ ᠤ ᠠᠷᠠᠰᠤ ᠶᠢ ᠨᠢ ᠬᠡᠷ ᠤᠨ ᠤᠷᠤᠢ ᠳᠡᠬᠡᠷ᠎ᠡ | ᠳᠡᠯᠬᠡᠵᠦ ᠮᠢᠬ᠎ᠠ ᠶᠢ ᠨᠢ ᠠᠮᠢᠳᠠᠢ ᠶᠢᠨ ᠬᠡᠷ ᠲᠤ ᠪᠠᠨ ᠳᠠᠯᠪᠢᠭᠠᠳ ᠬᠡᠷ ᠲᠤ ᠤᠷᠤᠵᠠᠢ᠃ ᠡᠬᠡᠨᠡᠷ ᠨᠢ ᠬᠡᠵᠢᠶᠡᠳᠡ | ᠡᠮᠦᠨ᠎ᠡ ᠠᠴᠠ ᠨᠢ ᠤᠬᠳᠤᠨ ᠰᠠᠶᠢᠬᠠᠨ ᠴᠢᠷᠠᠶᠢᠯᠠᠵᠤ ᠴᠠᠢ ᠠᠶᠠᠭᠠᠯᠠᠵᠤ ᠦᠭᠳᠡᠭ ᠪᠠᠶᠢᠬᠤ ᠳᠤ ᠡᠨᠡ ᠡᠳᠦᠷ ᠬᠠᠷᠢᠨ | ᠬᠡᠷ ᠨᠢ ᠳ᠋ᠧᠩ ᠴᠤ ᠦᠬᠡᠢ ᠳᠠᠰ ᠬᠠᠷᠠᠩᠭᠤᠢ᠃ ᠨᠠᠢᠮᠠᠨ ᠰᠠᠷ᠎ᠠ ᠲᠠᠢ ᠬᠦᠦ ᠨᠢ ︽ᠠ᠂ ᠠ︾ ᠬᠡᠵᠦ | ᠤᠬᠢᠯᠠᠬᠤ ᠪᠠᠨ ᠪᠤᠯᠢᠭᠠᠳ ᠬᠠᠷᠢᠨ ︽ᠮᠠᠢ᠂ ᠮᠠᠢ︾ ᠬᠡᠵᠦ ᠮᠠᠶᠢᠯᠠᠬᠤ ᠳᠠᠭᠤᠨ ᠨᠠᠮ ᠨᠠᠮ ᠰᠤᠨᠤᠰᠳᠠᠨ᠎ᠠ᠂ ᠠᠩᠴᠢᠨ | ᠠᠪᠤᠭᠠᠢ ᠬᠡᠳᠡ ᠪᠠᠨ ᠴᠤᠬᠢᠯᠠᠵᠤ ᠳᠤᠰᠤᠨ ᠳ᠋ᠸᠡᠭ ᠢᠶᠠᠨ ᠨᠤᠴᠤᠭᠠᠭᠠᠳ ᠦᠵᠡᠬᠦ ᠳᠤ ᠡᠬᠡᠨᠡᠷ ᠨᠢ ᠬᠠᠨᠵᠤᠨ ᠤ | ᠬᠤᠶᠢᠳᠤ ᠳᠠᠯ᠎ᠠ ᠪᠠᠷ ᠬᠦᠨᠵᠢᠯᠡ ᠳᠤ ᠪᠠᠨ ᠤᠷᠤᠭᠠᠳ ᠤᠨᠳᠠᠬᠰᠠᠨ ᠶᠠᠩᠵᠤ ᠪᠠᠷ ᠪᠠᠨ ᠠᠮᠢᠰᠬᠤᠭ᠎ᠠ ᠬᠤᠷᠢᠶᠡᠬᠰᠠᠨ | ᠪᠠᠶᠢᠯ᠎ᠠ᠃ ᠬᠦᠦ ᠨᠢ ᠬᠡᠨᠡᠳᠳᠡ ︽ᠮᠠᠢ᠂ ᠮᠠᠢ︾ ᠬᠡᠵᠦ ᠦᠨᠳᠦᠷ ᠳᠠᠭᠤᠨ ᠢᠶᠠᠷ ᠮᠠᠶᠢᠯᠠᠵᠤ ᠶᠠᠭᠠᠬᠢᠵᠤ ᠠᠷᠭᠠᠳᠠᠬᠰᠠᠨ | ᠴᠦ ᠵᠤᠬᠰᠤᠬᠤ ᠦᠭᠡᠢ ᠬᠠᠷᠢᠨ ᠤᠯᠠᠮ ᠤᠯᠠᠮ ᠵᠢᠭᠠᠬᠠᠨ ᠢᠨᠵᠠᠭ᠎ᠠ ᠶᠢᠨ ᠳᠠᠭᠤᠨ ᠲᠠᠢ ᠠᠳᠠᠯᠢ ᠪᠠᠷ ᠮᠠᠶᠢᠯᠠᠬᠤ ᠨᠢ | ᠬᠡᠴᠡᠬᠦᠳᠡᠪᠡ᠃ ᠠᠩᠴᠢᠨ ᠠᠪᠤᠭᠠᠢ ᠬᠦᠦ ᠪᠠᠨ ᠳᠡᠪᠡᠷᠢᠨ ᠠᠷᠭᠠᠳᠠᠵᠤ᠂ ᠮᠠᠶᠢᠯᠠᠬᠤ ᠶᠢ ᠨᠠᠮᠳᠠᠭᠤᠯᠬᠤ ᠳᠤ ᠵᠠᠯᠠᠭᠤ | ᠦᠶ᠎ᠡ ᠳᠤ ᠪᠠᠨ ᠦᠵᠡᠭᠳᠡᠭᠰᠡᠨ ᠵᠡᠬᠡᠷ᠎ᠡ ᠪᠦᠬᠦᠨ ᠢ ᠠᠯᠠᠵᠤ ᠪᠠᠶᠢᠬᠰᠠᠨ ᠦᠡᠭᠬᠡᠷᠡᠯᠳᠡ ᠨᠢᠳᠦᠨ ᠳᠤ ᠨᠢ ᠦᠵᠡᠭᠳᠡᠵᠦ | ᠡᠬᠢᠯᠡᠪᠡ᠂ ᠢᠡᠭᠬᠢᠬᠡᠳ ᠳᠤᠳᠤᠷ᠎ᠠ ᠪᠠᠨ ᠶᠡᠭᠡ ᠤᠯᠠᠨ ᠶᠠᠭᠤᠮ᠎ᠠ ᠪᠤᠳᠤᠵᠤ ︽ᠵᠠ᠂ ᠵᠠ︾ ᠡᠨᠡ ᠨᠢᠬᠡ | ᠨᠠᠰᠤᠨ ᠳᠤ ᠪᠠᠨ ᠳᠠᠯ᠎ᠠ ᠶᠢᠨ ᠰᠢᠷ᠎ᠠ ᠵᠡᠬᠡᠷ᠎ᠡ ᠶᠢ ᠠᠯᠠᠬᠰᠠᠭᠠᠷ ᠳᠤᠭ᠎ᠠ ᠨᠢ ᠬᠦᠢᠴᠡᠭᠰᠡᠨ ᠪᠠᠶᠢᠨ᠎ᠠ ᠳ᠋ᠠ᠂ ᠨᠢᠬᠡ | ᠨᠠᠰᠤᠨ ᠳᠤ ᠪᠠᠨ ᠬᠢᠭᠰᠡᠨ ᠦᠢᠯᠡᠷ ᠢᠶᠠᠨ ᠢᠡᠭᠬᠢᠵᠦ ᠯᠡ ᠡᠬᠦᠷᠬᠦ ᠶᠤᠰᠤᠳᠠᠢ ᠶᠤᠮ ᠪᠠᠶᠢᠨ᠎ᠠ ᠬᠡᠳ ᠬᠠᠳᠠᠭᠤ | ᠵᠤᠷᠢᠭ ᠢᠶᠠᠨ ᠪᠠᠷᠢᠵᠤ ᠮᠠᠷᠭᠠᠰᠢ ᠨᠢ ᠡᠬᠡᠨᠡᠷ ᠢᠶᠠᠨ ᠬᠦᠳᠡᠬᠡᠯᠡᠬᠦᠯᠦᠬᠡᠳ ︽ᠮᠠᠢ᠂ ᠮᠠᠢ︾ ᠬᠡᠵᠦ ᠮᠠᠶᠢᠯᠠᠬᠤ | ᠬᠦᠦ ᠲᠠᠢ ᠪᠠᠨ ᠵᠢᠯ ᠭᠠᠷᠤᠢ ᠵᠦᠳᠡᠷᠡᠬᠦᠦ ᠠᠮᠢᠳᠤᠷᠠᠵᠤ ᠪᠠᠶᠢᠭᠠᠳ ᠬᠦᠦ ᠶᠢᠨ ᠰᠤᠴᠢᠨ ᠮᠠᠶᠢᠯᠠᠬᠤ ᠨᠢ ᠤᠯᠠᠮ | ᠬᠦᠨᠳᠤᠷᠡᠵᠦ ᠪᠠᠶᠢᠭᠠᠳ ᠤᠳᠠᠯ ᠦᠭᠡᠢ ᠦᠬᠦᠬᠦ ᠳᠤ ᠠᠩᠴᠢᠨ ᠠᠪᠤᠭᠠᠢ ᠴᠦ ᠬᠤᠶᠢᠨ᠎ᠠ ᠠᠴᠠ ᠨᠢ ᠶᠠᠪᠤᠵᠤ | ᠠᠮᠠᠷᠠᠬᠰᠠᠨ ᠶᠤᠮ᠃ ᠳᠡᠷᠡ ᠴᠠᠭ ᠠᠴᠠ ᠰᠢᠷ᠎ᠠ ᠳᠠᠯ᠎ᠠ ᠨᠢ ᠡᠯᠡᠰᠦ ᠪᠠᠯᠠᠷ ᠢᠶᠠᠷ ᠳᠦᠬᠦᠷᠴᠦ ᠮᠠᠯ ᠰᠦᠷᠦᠭ ᠤᠨ ᠪᠠᠷ᠎ᠠ | ᠦᠵᠡᠭᠳᠡᠬᠦ ᠦᠭᠡᠢ ᠪᠤᠯᠤᠬᠰᠠᠨ ᠬᠡᠳᠡᠭ᠃ ᠡᠨᠡ ᠰᠢᠷ᠎ᠠ ᠳᠠᠯ᠎ᠠ ᠶᠢᠨ ᠡᠬᠢᠨ ᠳᠤ ᠰᠠᠭᠤᠷᠢᠰᠢᠬᠰᠠᠨ ᠭᠠᠭᠴᠠᠬᠠᠠ | ᠠᠶᠢᠯ ᠠᠴᠠ ︽ᠮᠠᠢ ᠮᠠᠢ︾ ᠬᠡᠬᠦ ᠢᠨᠵᠠᠭᠠᠨ ᠤ ᠮᠠᠶᠢᠯᠠᠬᠤ ᠳᠠᠭᠤᠨ ᠰᠤᠨᠤᠰᠤᠭᠳᠠᠬᠰᠠᠭᠠᠷ ᠪᠠᠶᠢᠭᠠᠳ ᠴᠢᠮᠡᠭᠡ ᠦᠭᠡᠢ | ᠪᠤᠯᠤᠬᠰᠠᠨ ᠬᠡᠨ᠎ᠡ᠃ ︵ᠡᠦ ᠳᠠᠯᠠᠢ ᠶᠢᠨ ᠪᠦᠷᠭᠡ ᠠᠴᠠ︶ |