ᠠᠷᠪᠠᠨ ᠭᠤᠷᠪᠠᠨ ᠤᠪᠤᠭ᠎ᠠ
ᠨᠡᠶᠢᠲᠡᠯᠡᠭᠰᠡᠨ ᠴᠠᠭ᠄
2017/12/5
      ᠨᠢᠬᠡ ᠭᠤᠤᠯ ᠤᠪᠤᠭ᠎ᠠ ᠪᠠ ᠠᠷᠪᠠᠨ ᠬᠤᠶᠠᠷ ᠱᠠᠪᠢ ᠤᠪᠤᠭ᠎ᠠ ᠪᠠᠷ ᠪᠥᠷᠢᠯᠳᠥᠭᠰᠡᠨ ᠠᠷᠪᠠᠨ ᠭᠤᠷᠪᠠᠨ ᠤᠪᠤᠭ᠎ᠠ᠃ ᠠᠷᠪᠠᠨ ᠭᠤᠷᠪᠠᠨ ᠤᠪᠤᠭ᠎ᠠ ᠮᠤᠩᠭᠤᠯ ᠤᠷᠤᠨ ᠳᠤ ᠨᠡᠶᠢᠳᠡᠮ ᠪᠠᠶᠢᠳᠠᠭ᠃ ᠠᠷᠪᠠᠨ ᠭᠤᠷᠪᠠ ᠶᠢᠨ ᠳᠤᠭ᠎ᠠ ᠶᠢ ᠳᠡᠯᠡᠬᠡᠢ ᠶᠢᠨ ᠪᠢᠰᠢᠬᠦᠢ ᠤᠯᠠᠨ ᠠᠷᠠᠰᠤᠳᠠᠨ ᠶᠠᠰᠤᠳᠠᠨ ᠤ ᠵᠠᠩᠰᠢᠯ ᠳᠤ ᠰᠠᠶᠢᠨ ᠪᠠ ᠮᠠᠭᠤ ᠬᠤᠶᠠᠷ ᠳᠠᠯ᠎ᠠ ᠪᠠᠷ ᠳᠠᠶᠢᠯᠪᠤᠷᠢᠯᠠᠵᠤ ᠪᠡᠯᠬᠡᠰᠢᠶᠡᠬᠦ ᠪᠤᠶᠤ ᠴᠡᠬᠡᠷᠯᠡᠳᠡᠭ᠃ ᠧᠦ᠋ᠷᠥᠫᠡᠴᠥᠳ ᠠᠷᠪᠠᠨ ᠭᠤᠷᠪᠠᠨ ᠶᠢ ᠮᠠᠭᠤ ᠢᠷᠸ᠎ᠠ ᠶᠢᠨ ᠤᠴᠢᠷ ᠢᠶᠠᠷ ᠰᠡᠵᠢᠭᠯᠡᠵᠥ ᠵᠢᠭᠰᠢᠳᠡᠭ ᠪᠠᠶᠢᠬᠤ ᠳᠤ ᠲᠥᠪ ᠪᠠ ᠲᠤᠷᠤᠨᠠᠳᠣ ᠠᠽᠢᠶ᠎ᠠ ᠶᠢᠨ ᠦᠨᠳᠥᠰᠥᠳᠠᠨ ᠨᠦᠭᠦᠳ ᠬᠠᠷᠢᠨ ᠰᠠᠶᠢᠨ ᠤ ᠪᠡᠯᠬᠡᠳᠡᠯ ᠢᠶᠠᠷ ᠦᠵᠡᠳᠡᠭ᠃ ᠮᠤᠩᠭᠤᠯᠴᠤᠳ ᠤᠨ ᠡᠪᠦᠭᠡ ᠲᠡᠬᠡᠳᠥᠰ ᠡᠷᠳᠡ ᠢᠵᠠᠭᠤᠷ ᠠᠴᠠ ᠠᠷᠪᠠᠨ ᠭᠤᠷᠪᠠ ᠶᠢᠨ ᠲᠤᠭ᠎ᠠ ᠶᠢ ᠰᠠᠶᠢᠨ ᠪᠡᠯᠬᠡᠳᠡᠯ ᠢᠶᠠᠷ ᠦᠵᠡᠭᠰᠡᠬᠡᠷ ᠢᠷᠡᠵᠡᠢ᠃ ᠠᠷᠪᠠᠨ ᠭᠤᠷᠪᠠᠨ ᠤᠪᠤᠭ᠎ᠠ ᠪᠤᠰᠬᠠᠳᠠᠭ ᠨᠢ ᠪᠥᠬᠡ ᠮᠥᠷᠬᠦᠯ ᠤᠨ ᠨᠤᠮᠯᠠᠯ ᠢᠶᠠᠷ ᠪᠤᠯ ︽ᠠᠷᠪᠠᠨ ᠭᠤᠷᠪᠠᠨ ᠠᠳᠠᠭ᠎ᠠ ᠲᠡᠭᠷᠢ ᠳᠡᠭᠡᠨ ᠲᠠᠬᠢᠯᠭ᠎ᠠ ᠶᠢᠨ ᠮᠠᠨᠳᠠᠯ ᠪᠤᠰᠬᠠᠵᠠᠢ︾ ᠬᠡᠳᠡᠭ᠃     ᠡᠬᠦᠨ ᠢ ᠪᠠᠰᠠ ︽ᠠᠯᠳᠠᠢ ᠬᠡᠨᠳᠡᠢ ᠶᠢᠨ ᠠᠷᠪᠠᠨ ᠭᠤᠷᠪᠠᠨ ᠤᠩᠭᠤᠨ ᠲᠤ ᠤᠪᠤᠭ᠎ᠠ ᠪᠤᠰᠬᠠᠭᠰᠠᠨ︾᠂ ︽ᠲᠡᠮᠥᠵᠢᠨ ᠤ ᠠᠷᠪᠠᠨ ᠭᠤᠷᠪᠠᠨ ᠨᠠᠰᠤᠨ ᠠᠴᠠ ᠬᠡᠶᠢᠮᠥᠷᠢ ᠰᠡᠷᠬᠦᠭᠰᠡᠨ ᠢ ᠲᠤᠷᠠᠰᠬᠠᠭᠰᠠᠨ︾᠂ ︽ᠴᠢᠩᠬᠢᠰ ᠬᠠᠭᠠᠨ ᠤ ᠴᠡᠷᠢᠭ ᠤᠨ ᠠᠷᠪᠠᠨ ᠭᠤᠷᠪᠠᠨ ᠬᠦᠷᠢᠶ᠎ᠡ ᠶᠢ ᠳᠤᠷᠠᠰᠬᠠᠭᠰᠠᠨ︾ ᠬᠡᠬᠦ ᠮᠡᠳᠥ ᠪᠠᠷ ᠲᠠᠶᠢᠯᠪᠤᠷᠢᠯᠠᠳᠠᠭ᠃ ᠯᠠᠮ᠎ᠠ ᠶᠢᠨ ᠱᠠᠰᠢᠨ ᠲᠡᠯᠬᠡᠷᠡᠭᠰᠡᠨ ᠦᠶᠡᠰ ᠲᠤ ᠡᠨᠡ ᠬᠦ᠋ ᠠᠷᠪᠠᠨ ᠭᠤᠷᠪᠠᠨ ᠤᠪᠤᠭ᠎ᠠ ᠪᠠᠨ ᠪᠤᠷᠬᠠᠨ ᠱᠠᠰᠢᠨ ᠤ ᠨᠤᠮᠯᠠᠯ ᠳᠤ ᠨᠡᠶᠢᠴᠡᠬᠦᠯᠥᠨ ᠲᠠᠬᠢᠭᠰᠠᠭᠠᠷ ᠢᠷᠡᠵᠡᠢ᠃ ᠲᠡᠭᠷᠢ ᠶᠢᠨ ᠤᠪᠤᠭ᠎ᠠ᠂ ᠬᠤᠷᠠᠬᠤ ᠤᠪᠤᠭ᠎ᠠ᠂ ᠵᠠᠷᠢᠮ ᠲᠤᠷᠠᠰᠬᠠᠯ ᠤᠨ ᠤᠪᠤᠭ᠎ᠠ ᠵᠤᠩᠬᠢᠯᠠᠬᠤ ᠠᠯᠪᠠᠨ ᠤ ᠤᠪᠤᠭ᠎ᠠ᠂ ᠵᠠᠷᠢᠮ ᠲᠠᠪᠠᠭᠠᠨ ᠤᠪᠤᠭ᠎ᠠ ᠵᠡᠷᠬᠡ ᠨᠢ ᠪᠥᠷ ᠠᠷᠪᠠᠨ ᠭᠤᠷᠪᠠᠨ ᠤᠪᠤᠭ᠎ᠠ ᠪᠠᠶᠢᠳᠠᠭ᠃ ᠠᠷᠪᠠᠨ ᠭᠤᠷᠪᠠᠨ ᠤᠪᠤᠭᠠᠨ ᠤ ᠪᠠᠶᠢᠷᠢᠯᠠᠯ ᠨᠢ ᠬᠡᠳᠥᠨ ᠵᠤᠶᠢᠯ ᠪᠤᠢ᠃ ︵ᠰᠤᠶᠤᠯᠳᠤ ᠶᠢᠨ ᠪᠦᠷᠭᠡ ᠠᠴᠠ
 
ᠢᠷᠡᠯᠲᠡ᠄ ᠬᠣᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09000577号